ᠠᠭᠤᠤ ᠶᠡᠭᠡ ᠨᠠᠮ ᠪᠠᠶᠢᠭᠤᠯᠬᠤ ᠵᠣᠷᠢᠭ ᠰᠠᠨᠠᠭ᠎ᠠ ᠨᠢ ᠢᠯᠡ ᠲᠣᠳᠣ ᠤᠯᠤᠰ ᠲᠦᠷᠦ ᠶᠢᠨ ᠬᠡᠪ ᠴᠢᠨᠠᠷ ᠢ ᠢᠯᠡᠷᠡᠭᠦᠯᠦᠨ᠎ᠡ
ᠨᠡᠶᠢᠲᠡᠯᠡᠭᠰᠡᠨ ᠴᠠᠭ᠄
2024/12/31
               ●ᠯᠢ ᠮᠧᠩ ᠶᠦᠨ ᠯᠢ ᠵᠢᠶᠠ ᠸᠧᠢ              ᠬᠥᠮᠥᠨ ᠳᠤ ᠵᠣᠷᠢᠭ ᠰᠠᠨᠠᠭ᠎ᠠ ᠪᠠᠶᠢᠬᠤ ᠦᠭᠡᠢ ᠪᠣᠯ ᠣᠷᠣᠰᠢᠨ ᠲᠣᠭᠲᠠᠨᠢᠵᠤ ᠴᠢᠳᠠᠬᠤ ᠦᠭᠡᠢ᠂ ᠤᠯᠤᠰ ᠭᠦᠷᠦᠨ ᠳᠤ ᠵᠣᠷᠢᠭ ᠰᠠᠨᠠᠭ᠎ᠠ ᠪᠠᠶᠢᠬᠤ ᠦᠭᠡᠢ ᠪᠣᠯ ᠬᠦᠴᠦᠷᠬᠡᠭᠵᠢᠵᠦ ᠴᠢᠳᠠᠬᠤ ᠦᠭᠡᠢ᠂ ᠲᠦᠷᠦ ᠶᠢᠨ ᠨᠠᠮ ᠳᠤ ᠵᠣᠷᠢᠭ ᠰᠠᠨᠠᠭ᠎ᠠ ᠪᠠᠶᠢᠬᠤ ᠦᠭᠡᠢ ᠪᠣᠯ ᠬᠥᠭᠵᠢᠨ ᠮᠠᠨᠳᠤᠵᠤ ᠴᠢᠳᠠᠬᠤ ᠦᠭᠡᠢ᠃ ᠶᠡᠷᠦᠩᠬᠡᠢ ᠱᠦᠵᠢ ᠰᠢ ᠶᠢᠨ ᠫᠢᠩ᠄ ︽ᠵᠠᠭᠤᠨ ᠵᠢᠯ ᠤᠨ ᠲᠤᠷᠰᠢ᠂ ᠳᠤᠮᠳᠠᠳᠤ ᠤᠯᠤᠰ ᠤᠨ ᠡᠪ ᠬᠠᠮᠲᠤ ᠨᠠᠮ ᠠᠭᠤᠤ ᠶᠡᠭᠡ ᠨᠠᠮ ᠪᠠᠶᠢᠭᠤᠯᠬᠤ ᠵᠣᠷᠢᠭ ᠰᠠᠨᠠᠭ᠎ᠠ ᠶᠢ ᠪᠠᠳᠠᠷᠠᠭᠤᠯᠵᠤ᠂ ᠤᠷᠳᠤ ᠬᠤᠭᠤᠴᠠᠭᠠᠨ ᠤ ᠲᠡᠮᠡᠴᠡᠯ ᠤᠨ ᠳᠤᠮᠳᠠ ᠳᠤᠮᠳᠠᠳᠤ ᠤᠯᠤᠰ ᠤᠨ ᠡᠪ ᠬᠠᠮᠲᠤᠴᠤᠳ ᠤᠨ ᠤᠶᠤᠨ ᠰᠠᠨᠠᠭᠠᠨ ᠤ ᠴᠠᠳᠢᠭ ᠢ ᠴᠣᠭᠴᠠᠯᠠᠵᠤ᠂ ᠢᠯᠡ ᠲᠣᠳᠣ ᠤᠯᠤᠰ ᠲᠦᠷᠦ ᠶᠢᠨ ᠬᠡᠪ ᠴᠢᠨᠠᠷ ᠢ ᠳᠠᠪᠲᠠᠨ ᠪᠣᠯᠪᠠᠰᠤᠷᠠᠭᠤᠯᠪᠠ︾ ᠭᠡᠵᠦ ᠵᠢᠭᠠᠵᠤ ᠭᠠᠷᠭᠠᠪᠠ᠃ ᠵᠠᠭᠤᠨ ᠵᠢᠯ ᠤᠨ ᠲᠤᠷᠰᠢ᠂ ᠳᠤᠮᠳᠠᠳᠤ ᠤᠯᠤᠰ ᠤᠨ ᠡᠪ ᠬᠠᠮᠲᠤ ᠨᠠᠮ ᠶᠠᠭ ᠡᠳᠡᠭᠡᠷ ᠤᠯᠤᠰ ᠲᠦᠷᠦ ᠶᠢᠨ ᠵᠠᠩ ᠴᠢᠨᠠᠷ ᠢ ᠲᠠᠰᠤᠷᠠᠯᠲᠠ ᠦᠭᠡᠢ ᠤᠯᠠᠮᠵᠢᠯᠠᠨ ᠵᠠᠯᠭᠠᠮᠵᠢᠯᠠᠬᠤ ᠪᠠ ᠢᠯᠡᠷᠡᠭᠦᠯᠬᠦ ᠳᠤᠮᠳᠠ ᠲᠡᠦᠬᠡ ᠶᠢᠨ ᠴᠢᠭᠯᠡᠯ ᠢ ᠡᠵᠡᠮᠳᠡᠨ᠂ ᠲᠡᠦᠬᠡ ᠶᠢᠨ ᠠᠵᠠ ᠲᠣᠭᠢᠶᠠᠯ ᠢ ᠠᠮᠵᠢᠵᠤ᠂ ᠳᠤᠮᠳᠠᠳᠤ ᠤᠯᠤᠰ ᠤᠨ ᠠᠷᠠᠳ ᠲᠦᠮᠡᠨ ᠢ ᠳᠠᠭᠠᠭᠤᠯᠤᠨ ᠶᠡᠭᠡ ᠠᠯᠬᠤᠭ᠎ᠠ ᠪᠠᠷ ᠴᠠᠭ ᠦᠶ᠎ᠡ ᠶᠢ ᠬᠥᠭᠡᠭᠡᠨ ᠭᠦᠢᠴᠡᠵᠦ᠂ ᠳᠤᠮᠳᠠᠳᠤ ᠶᠢᠨ ᠦᠨᠳᠦᠰᠦᠲᠡᠨ ᠢ ᠬᠥᠲᠥᠯᠥᠨ ᠳᠠᠭᠠᠭᠤᠯᠵᠤ ᠭᠡᠭᠡᠨ ᠰᠠᠷᠠᠭᠤᠯ ᠵᠠᠮ ᠢᠶᠠᠷ ᠵᠠᠮᠨᠠᠭᠤᠯᠤᠭᠰᠠᠨ ᠶᠤᠮ᠃              ᠲᠡᠷᠢᠭᠦᠨ ᠤ ᠬᠢ ᠶᠢ ᠥᠨᠢᠳᠡ ᠪᠠᠷᠢᠮᠲᠠᠯᠠᠪᠠ              ᠠᠭᠤᠤ ᠶᠡᠭᠡ ᠨᠠᠮ ᠪᠠᠶᠢᠭᠤᠯᠬᠤ ᠵᠣᠷᠢᠭ ᠰᠠᠨᠠᠭ᠎ᠠ ᠳᠤ ᠠᠭᠤᠯᠤᠭᠳᠠᠵᠤ ᠪᠠᠶᠢᠭ᠎ᠠ ︽ᠦᠨᠡᠨ ᠶᠣᠰᠣ ᠶᠢ ᠪᠠᠷᠢᠮᠲᠠᠯᠠᠵᠤ᠂ ᠬᠦᠰᠡᠯᠡᠩ ᠢᠶᠠᠨ ᠪᠠᠲᠤ ᠰᠠᠬᠢᠬᠤ︾ ᠵᠣᠷᠢᠭ ᠰᠠᠨᠠᠭᠠᠨ ᠤ ᠠᠭᠤᠯᠤᠭᠳᠠᠬᠤᠨ ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ ︽ᠲᠡᠷᠢᠭᠦᠨ ᠤ ᠴᠢᠨᠠᠷ ᠢᠶᠠᠨ ᠡᠭᠦᠷᠢᠳᠡ ᠪᠠᠲᠤᠯᠠᠬᠤ︾ ᠤᠯᠤᠰ ᠲᠦᠷᠦ ᠶᠢᠨ ᠬᠡᠪ ᠴᠢᠨᠠᠷ ᠢ ᠢᠯᠡᠷᠡᠭᠦᠯᠪᠡ᠃ ᠵᠠᠭᠤᠨ ᠵᠢᠯ ᠤᠨ ᠲᠤᠷᠰᠢ᠂ ᠳᠤᠮᠳᠠᠳᠤ ᠤᠯᠤᠰ ᠤᠨ ᠡᠪ ᠬᠠᠮᠲᠤ ᠨᠠᠮ ᠢᠮᠠᠭᠲᠠ ᠮᠠᠷᠺᠰ ᠤᠨ ᠦᠵᠡᠯ ᠤᠨ ᠦᠨᠡᠨ ᠶᠣᠰᠣ ᠪᠠᠷ ᠦᠢᠯᠡᠳᠦᠯᠭᠡ ᠪᠠᠨ ᠵᠢᠯᠣᠭᠤᠳᠤᠭᠤᠯᠵᠤ᠂ ᠡᠪ ᠬᠠᠮᠲᠤ ᠶᠣᠰᠣᠨ ᠤ ᠠᠯᠤᠰ ᠭᠡᠳᠤ ᠶᠢᠨ ᠬᠦᠰᠡᠯᠡᠩ ᠢᠶᠠᠷ ᠢᠷᠡᠭᠡᠳᠦᠢ ᠪᠠᠨ ᠵᠢᠯᠣᠭᠤᠳᠤᠭᠤᠯᠤᠨ᠂ ᠲᠡᠦᠬᠡ ᠶᠢᠨ ᠤᠷᠤᠭᠰᠢᠯᠠᠯᠲᠠ ᠶᠢᠨ ᠵᠥᠪ ᠴᠢᠭᠯᠡᠯ ᠢ ᠪᠠᠲᠤ ᠡᠵᠡᠮᠳᠡᠪᠡ᠃              ᠮᠠᠷᠺᠰ ᠤᠨ ᠦᠵᠡᠯ ᠤᠨ ᠲᠦᠢᠷᠦ ᠶᠢᠨ ᠨᠠᠮ ᠤᠨ ᠲᠡᠷᠢᠭᠦᠨ ᠤ ᠴᠢᠨᠠᠷ ᠨᠢ ᠡ᠊ᠩ ᠲᠡᠷᠢᠭᠦᠨ ᠳᠤ ᠦᠵᠡᠯ ᠰᠠᠨᠠᠭ᠎ᠠ ᠤᠨᠤᠯ ᠤᠨ ᠲᠠᠯ᠎ᠠ ᠪᠠᠷ ᠬᠢ ᠲᠡᠷᠢᠭᠦᠨ ᠤ ᠴᠢᠨᠠᠷ ᠳᠡᠭᠡᠷ᠎ᠡ ᠢᠯᠡᠷᠡᠳᠡᠭ᠃ ᠳᠤᠮᠳᠠᠳᠤ ᠤᠯᠤᠰ ᠤᠨ ᠡᠪ ᠬᠠᠮᠲᠤ ᠨᠠᠮ ᠶᠠᠭᠠᠬᠢᠭᠠᠳ ᠪᠤᠯᠬᠤ᠂ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠶᠠᠭᠠᠬᠢᠭᠠᠳ ᠰᠠᠶᠢᠨ ᠪᠠᠶᠢᠳᠠᠭ  ᠨᠢ ᠡᠴᠦᠰ ᠤᠨ ᠡᠴᠦᠰ ᠲᠡᠭᠡᠨ ᠮᠠᠷᠺᠰ ᠤᠨ ᠦᠵᠡᠯ ᠠᠴᠠ ᠪᠣᠯᠤᠭᠰᠠᠨ ᠶᠤᠮ᠃ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠣᠯ ᠤᠳᠤ ᠦᠶ᠎ᠡ ᠶᠢᠨ ᠳᠤᠮᠳᠠᠳᠤ ᠤᠯᠤᠰ ᠤᠨ ᠮᠠᠷᠺᠰ ᠤᠨ ᠦᠵᠡᠯ᠂ ᠬᠤᠷᠢᠨ ᠨᠢᠭᠡᠳᠦᠭᠡᠷ ᠵᠠᠭᠤᠨ ᠤ ᠮᠠᠷᠺᠰ ᠤᠨ ᠦᠵᠡᠯ᠂ ᠳᠤᠮᠳᠠᠳᠤ ᠶᠢᠨ ᠰᠣᠶᠣᠯ ᠪᠠ ᠳᠤᠮᠳᠠᠳᠤ ᠤᠯᠤᠰ ᠤᠨ ᠵᠣᠷᠢᠭ ᠰᠠᠨᠠᠭᠠᠨ ᠤ ᠴᠠᠭ ᠦᠶ᠎ᠡ ᠶᠢᠨ ᠤᠭᠢ ᠰᠣᠳᠣ ᠪᠠᠶᠢᠵᠤ᠂ ᠮᠠᠷᠺᠰ ᠤᠨ ᠦᠵᠡᠯ ᠢ ᠳᠤᠮᠳᠠᠳᠤ ᠤᠯᠤᠰᠴᠢᠯᠠᠭᠰᠠᠨ ᠰᠢᠨ᠎ᠡ ᠦᠰᠦᠷᠦᠯᠲᠡ ᠶᠢ ᠪᠡᠶᠡᠯᠡᠭᠦᠯᠪᠡ᠃ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠪᠦᠭᠦ ᠨᠠᠮ ᠢ ᠵᠡᠪᠰᠡᠭᠯᠡᠵᠦ᠂ ᠠᠷᠠᠳ ᠲᠦᠮᠡᠨ ᠢ ᠬᠥᠮᠥᠵᠢᠭᠦᠯᠬᠦ ᠶᠢ ᠪᠠᠷᠢᠮᠲᠠᠯᠠᠬᠤ ᠨᠢ ᠦᠵᠡᠯ ᠰᠠᠨᠠᠭ᠎ᠠ ᠲᠠᠨᠢᠯᠲᠠ ᠪᠠᠨ ᠨᠢᠭᠡᠳᠬᠡᠬᠦ᠂ ᠤᠷᠤᠭᠰᠢᠯᠠᠯᠲᠠ ᠶᠢᠨ ᠴᠢᠭᠯᠡᠯ ᠢᠶᠠᠨ ᠲᠣᠳᠣᠷᠬᠠᠶᠢᠯᠠᠬᠤ᠂ ᠡᠷᠡᠯᠬᠡᠭᠯᠡᠨ ᠤᠷᠤᠭᠰᠢᠯᠠᠬᠤ ᠬᠦᠴᠦᠨ ᠢᠶᠠᠨ ᠨᠢᠭᠲᠠᠷᠠᠭᠤᠯᠬᠤ ᠂ ᠨᠡᠶᠢᠭᠡᠮ ᠵᠢᠷᠤᠮᠲᠤ ᠣᠳᠣᠬᠢᠴᠢᠯᠠᠯᠲᠠ ᠪᠠ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠳᠤ ᠴᠢᠬᠤᠯᠠ ᠶᠡᠭᠡ ᠪᠣᠳᠠᠲᠤ ᠠᠴᠢ ᠬᠤᠯᠪᠣᠭᠳᠠᠯ ᠪᠠ ᠠᠯᠤᠰ ᠭᠡᠳᠦ ᠶᠢᠨ ᠲᠡᠦᠬᠡᠲᠦ ᠠᠴᠢ ᠬᠤᠯᠪᠣᠭᠳᠠᠯ ᠲᠠᠢ ᠶᠤᠮ᠃              ᠳᠤᠮᠳᠠᠳᠤ ᠤᠯᠤᠰ ᠤᠨ ᠡᠪ ᠬᠠᠮᠲᠤ ᠨᠠᠮ ᠤᠳᠠᠭ᠎ᠠ ᠳᠠᠷᠠᠭᠠᠯᠠᠨ ᠨᠤᠭᠤᠷᠠᠯ ᠪᠦᠳᠦᠷᠢᠯ ᠳᠤ ᠤᠴᠠᠷᠠᠵᠤ ᠂ ᠤᠳᠠᠭ᠎ᠠ ᠳᠠᠷᠠᠭᠠᠯᠠᠨ ᠡᠷᠡᠯᠬᠡᠭᠯᠡᠨ ᠪᠣᠰᠴᠤ ᠴᠢᠳᠠᠭᠰᠠᠨ ᠨᠢ ᠨᠠᠮ ᠪᠠᠶᠢᠭᠤᠯᠤᠭᠳᠠᠭᠰᠠᠨ ᠡᠳᠦᠷ ᠠᠴᠠ ᠪᠠᠨ ᠡᠬᠢᠯᠡᠨ ᠡᠪ ᠬᠠᠮᠲᠤ ᠶᠣᠰᠣ ᠶᠢ ᠠᠯᠤᠰ ᠭᠡᠳᠤ ᠶᠢᠨ ᠬᠦᠰᠡᠯᠡᠩ ᠪᠣᠯᠭᠠᠨ ᠲᠣᠭᠲᠠᠭᠠᠵᠤ᠂ ᠨᠡᠶᠢᠭᠡᠮ ᠵᠢᠷᠤᠮ ᠪᠠ ᠡᠪ ᠬᠠᠮᠲᠤ ᠶᠣᠰᠣ ᠪᠣᠯ ᠳᠤᠮᠳᠠᠳᠤ ᠤᠯᠤᠰ ᠤᠨ ᠢᠷᠡᠭᠡᠳᠦᠢ ᠶᠢᠨ ᠬᠥᠭᠵᠢᠯᠲᠡ ᠶᠢᠨ ᠴᠢᠭᠯᠡᠯ ᠪᠠ ᠭᠠᠷᠬᠤ ᠵᠠᠮ ᠮᠥᠨ ᠭᠡᠳᠡᠭ ᠢ ᠪᠠᠲᠤ ᠢᠲᠡᠭᠡᠭᠰᠡᠨ ᠠᠴᠠ ᠪᠣᠯᠤᠭᠰᠠᠨ ᠶᠤᠮ᠃              ᠬᠦᠨᠳᠦ ᠡᠭᠦᠷᠭᠡ ᠶᠢ ᠵᠣᠷᠢᠭᠲᠠᠢ ᠪᠠᠷ ᠡᠭᠦᠷᠭᠡᠯᠡᠪᠡ              ᠠᠭᠤᠤ ᠶᠡᠭᠡ ᠨᠠᠮ ᠪᠠᠶᠢᠭᠤᠯᠬᠤ ᠵᠣᠷᠢᠭ ᠰᠠᠨᠠᠭ᠎ᠠ ᠳᠤ ᠠᠭᠤᠯᠤᠭᠳᠠᠵᠤ ᠪᠠᠶᠢᠭ᠎ᠠ ︽ᠤᠭ ᠰᠠᠨᠠᠭ᠎ᠠ ᠪᠠᠨ ᠦᠢᠯᠡᠳᠦᠯᠭᠡᠵᠢᠭᠦᠯᠵᠦ᠂ ᠡᠭᠦᠷᠭᠡ ᠬᠠᠷᠢᠭᠤᠴᠠᠯᠭ᠎ᠠ ᠪᠠᠨ ᠡᠭᠦᠷᠭᠡᠯᠡᠬᠦ︾ ᠵᠣᠷᠢᠭ ᠰᠠᠨᠠᠭᠠᠨ ᠤ ᠠᠭᠤᠯᠤᠭᠳᠠᠬᠤᠨ ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠬᠦᠨᠳᠦ ᠡᠭᠦᠷᠭᠡ ᠶᠢ ᠵᠣᠷᠢᠭᠲᠠᠢ ᠪᠠᠷ ᠡᠭᠦᠷᠭᠡᠯᠡᠬᠦ ᠤᠯᠤᠰ ᠲᠦᠷᠦ ᠶᠢᠨ ᠬᠡᠪ ᠴᠢᠨᠠᠷ ᠢ ᠢᠯᠡᠷᠡᠭᠦᠯᠪᠡ᠃ ᠳᠤᠮᠳᠠᠳᠤ ᠤᠯᠤᠰ ᠤᠨ ᠡᠪ ᠬᠠᠮᠲᠤ ᠨᠠᠮ ᠳᠤᠮᠳᠠᠳᠤ ᠶᠢᠨ ᠦᠨᠳᠦᠰᠦᠲᠡᠨ ᠤ ᠥᠴᠥᠭᠡᠳᠦᠷ ᠤᠨ ᠲᠡᠦᠬᠡ ᠶᠢ ᠢᠮᠠᠭᠲᠠ ᠪᠠᠲᠤ ᠴᠡᠭᠡᠵᠢᠯᠡᠵᠦ᠂ ᠳᠤᠮᠳᠠᠳᠤ ᠶᠢᠨ ᠦᠨᠳᠦᠰᠦᠲᠡᠨ ᠤ ᠥᠨᠥᠳᠥᠷ ᠤᠨ ᠲᠡᠮᠡᠴᠡᠯ ᠳᠤ ᠰᠠᠭᠤᠷᠢᠯᠠᠨ᠂ ᠳᠤᠮᠳᠠᠳᠤ ᠶᠢᠨ ᠦᠨᠳᠦᠰᠦᠲᠡᠨ ᠤ ᠮᠠᠷᠭᠠᠰᠢ ᠶᠢᠨ ᠰᠠᠶᠢᠨ ᠰᠠᠶᠢᠬᠠᠨ ᠢ ᠴᠣᠭᠴᠠᠯᠠᠬᠤ ᠪᠠᠷ ᠵᠣᠷᠢᠭ ᠰᠢᠭᠤᠳᠴᠤ᠂ ᠴᠠᠭ ᠦᠶ᠎ᠡ ᠶᠢᠨ ᠬᠦᠨᠳᠦ ᠡᠭᠦᠷᠭᠡ ᠶᠢ ᠡᠭᠦᠷᠭᠡᠯᠡᠬᠦ ᠳᠤᠮᠳᠠ ᠲᠡᠦᠬᠡ ᠶᠢᠨ ᠤᠷᠤᠭᠰᠢᠯᠠᠯᠲᠠ ᠶᠢᠨ ᠰᠠᠨᠠᠭᠠᠴᠢᠯᠠᠭᠠᠲᠤ ᠡᠷᠬᠡ ᠶᠢ ᠪᠠᠲᠤ ᠡᠵᠡᠮᠰᠢᠨ᠂ ᠳᠤᠮᠳᠠᠳᠤ ᠶᠢᠨ ᠦᠨᠳᠦᠰᠦᠲᠡᠨ ᠤ ᠨᠢᠷᠤᠭᠤ ᠲᠤᠯᠭᠠᠭᠤᠷᠢ ᠪᠣᠯᠵᠤ᠂ ᠲᠡᠦᠬᠡ ᠶᠢᠨ ᠤᠷᠤᠭᠰᠢᠯᠠᠯᠲᠠ ᠶᠢ ᠲᠠᠰᠤᠷᠠᠯᠳᠠ ᠦᠭᠡᠢ ᠠᠬᠢᠭᠤᠯᠪᠠ᠃              ᠳᠤᠮᠳᠠᠳᠤ ᠤᠯᠤᠰ ᠤᠨ ᠡᠪ ᠬᠠᠮᠲᠤ ᠨᠠᠮ ᠮᠡᠨᠳᠦᠯᠡᠭᠰᠡᠨ ᠡᠳᠦᠷ ᠠᠴᠠ ᠪᠠᠨ ᠡᠬᠢᠯᠡᠨ᠂ ᠬᠠᠭᠠᠰ ᠺᠣᠯᠣᠨᠢ ᠬᠠᠭᠠᠰ ᠹᠧᠣᠳᠠᠯ ᠤᠨ ᠬᠠᠭᠤᠴᠢᠨ ᠳᠤᠮᠳᠠᠳᠤ ᠤᠯᠤᠰ ᠲᠤ ᠬᠥᠮᠥᠨ ᠲᠥᠷᠥᠯᠬᠢᠲᠡᠨ ᠤ ᠲᠤᠰ ᠪᠡᠶ᠎ᠡ ᠶᠢᠨ ᠴᠢᠯᠦᠭᠡᠯᠡᠯᠲᠡ ᠶᠢᠨ ᠵᠠᠮ ᠢ ᠭᠡᠷᠡᠯᠲᠦᠭᠦᠯᠦᠭᠰᠡᠨ ᠮᠠᠷᠺᠰ ᠤᠨ ᠦᠵᠡᠯ ᠤᠨ ᠭᠠᠯ ᠪᠠᠮᠪᠠᠷ ᠢ ᠥᠨᠳᠥᠷ ᠡᠷᠭᠦᠵᠦ᠂ ᠳᠤᠮᠳᠠᠳᠤ ᠤᠯᠤᠰ ᠤᠨ ᠠᠷᠠᠳ ᠲᠦᠮᠡᠨ ᠢ ᠳᠠᠭᠠᠭᠤᠯᠤᠨ ᠭᠤᠷᠪᠠᠨ ᠶᠡᠭᠡ ᠠᠭᠤᠯᠠ ᠶᠢ ᠲᠦᠯᠬᠢᠨ ᠤᠨᠠᠭᠠᠵᠤ᠂ ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠢ ᠪᠠᠶᠢᠭᠤᠯᠤᠨ᠂ ᠨᠡᠶᠢᠭᠡᠮ ᠵᠢᠷᠤᠮ ᠤᠨ ᠦᠨᠳᠦᠰᠦᠨ ᠪᠠᠶᠢᠭᠤᠯᠤᠯ ᠢ ᠲᠣᠭᠲᠠᠭᠠᠵᠤ᠂ ᠳᠤᠮᠳᠠᠳᠤ ᠶᠢᠨ ᠦᠨᠳᠦᠰᠦᠲᠡᠨ ᠤ ᠲᠡᠦᠬᠡᠨ ᠳᠡᠭᠡᠷᠡᠬᠢ ᠬᠠᠮᠤᠭ ᠤᠨ ᠥᠷᠭᠡᠨ ᠳᠡᠯᠭᠡᠷ ᠪᠥᠭᠡᠳ ᠭᠦᠨ ᠭᠦᠨᠵᠡᠭᠡᠢ ᠨᠡᠶᠢᠭᠡᠮ ᠤᠨ ᠬᠤᠪᠢᠰᠤᠯᠲᠠ ᠶᠢ ᠪᠡᠶᠡᠯᠡᠭᠦᠯᠵᠦ᠂ ᠳᠤᠮᠳᠠᠳᠤ ᠶᠢᠨ ᠦᠨᠳᠦᠰᠦᠲᠡᠨ ᠤ ᠬᠡᠳᠦᠨ ᠮᠢᠩᠭᠠᠨ ᠵᠢᠯ ᠤᠨ ᠹᠧᠣᠳᠠᠯ ᠤᠨ ᠡᠵᠡᠷᠬᠡᠭ ᠪᠠᠶᠢᠭᠤᠯᠤᠯ ᠠᠴᠠ ᠠᠷᠠᠳ ᠤᠨ ᠠᠷᠠᠳᠴᠢᠯᠠᠯ ᠲᠡᠶᠢᠰᠢ ᠰᠢᠯᠵᠢᠭᠦ ᠠᠭᠤᠤ ᠶᠡᠭᠡ ᠦᠰᠦᠷᠦᠯᠲᠡ ᠶᠢ ᠪᠡᠶᠡᠯᠡᠭᠦᠯᠵᠦ᠂ ᠳᠠᠷᠤᠯᠠᠯ ᠳᠣᠷᠣᠮᠵᠢᠯᠠᠯ ᠢ ᠬᠠᠰᠢᠷᠠᠲᠠᠯ᠎ᠠ ᠠᠮᠰᠠᠭᠰᠠᠨ ᠠᠴᠠ ᠡᠷᠬᠡ ᠮᠡᠳᠡᠵᠦ ᠡᠵᠡᠨ ᠰᠠᠭᠤᠭᠰᠠᠨ ᠠᠭᠤᠤ ᠶᠡᠭᠡ ᠦᠰᠦᠷᠦᠯᠲᠡ ᠶᠢ ᠪᠡᠶᠡᠯᠡᠭᠦᠯᠵᠡᠢ᠃ ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ᠰᠢ ᠶᠢᠨ ᠫᠢᠩ ᠨᠥᠬᠦᠷ ᠢᠶᠠᠷ ᠭᠤᠣᠯ ᠪᠤᠯᠭᠠᠬᠰᠠᠨ ᠨᠠᠮ ᠤᠨ ᠲᠥᠪ ᠬᠤᠷᠢᠶ᠎ᠠ ᠠᠯᠢ ᠤᠯᠠᠨ ᠴᠢᠬᠤᠯᠠ ᠶᠡᠭᠡ ᠴᠢᠭᠯᠡᠯᠲᠡ ᠲᠦᠷᠦ ᠶᠢᠨ ᠪᠣᠳᠣᠯᠭ᠎ᠠ ᠶᠢ ᠲᠣᠭᠲᠠᠭᠠᠵᠤ᠂ ᠠᠯᠢ ᠤᠯᠠᠨ ᠴᠢᠬᠤᠯᠠ ᠶᠡᠭᠡ ᠠᠷᠭ᠎ᠠ ᠬᠡᠮᠵᠢᠶ᠎ᠡ ᠠᠪᠴᠤ᠂ ᠠᠯᠢ ᠤᠯᠠᠨ ᠴᠢᠬᠤᠯᠠ ᠶᠡᠭᠡ ᠠᠵᠢᠯ ᠢ ᠠᠬᠢᠭᠤᠯᠤᠨ᠂ ᠠᠯᠢ ᠤᠯᠠᠨ ᠬᠦᠨᠳᠦ ᠶᠡᠭᠡ ᠠᠶᠤᠯ ᠲᠦᠭᠰᠢᠭᠦᠷᠢ ᠥᠷᠢᠰᠦᠯᠳᠦᠭᠡᠨ ᠢ ᠢᠯᠠᠨ ᠳᠠᠪᠠᠵᠤ᠂ ᠤᠷᠳᠤ ᠬᠤᠭᠤᠴᠠᠭᠠᠨ ᠤ ᠲᠤᠷᠰᠢ ᠰᠢᠢᠳᠪᠦᠷᠢᠯᠡᠬᠦ ᠭᠡᠰᠡᠨ ᠪᠤᠯᠪᠠᠴᠤ ᠰᠢᠢᠳᠪᠦᠷᠢᠯᠡᠭᠡᠳᠦᠢ ᠪᠠᠶᠢᠭᠰᠠᠨ ᠮᠠᠰᠢ ᠤᠯᠠᠨ ᠬᠦᠴᠢᠷ ᠠᠰᠠᠭᠤᠳᠠᠯ ᠢ ᠰᠢᠢᠳᠪᠦᠷᠢᠯᠡᠵᠦ᠂ ᠥᠩᠭᠡᠷᠡᠭᠰᠡᠨ ᠳᠤ ᠬᠢᠬᠦ ᠭᠡᠰᠡᠨ ᠪᠤᠯᠪᠠᠴᠤ ᠬᠢᠵᠦ ᠳᠡᠶᠢᠯᠦᠭᠡᠳᠦᠢ ᠪᠠᠶᠢᠭᠰᠠᠨ ᠮᠠᠰᠢ ᠤᠯᠠᠨ ᠶᠡᠭᠡ ᠶᠠᠪᠤᠳᠠᠯ ᠢ ᠪᠦᠲᠦᠭᠡᠵᠦ᠂ ᠨᠠᠮ ᠪᠣᠯᠣᠨ ᠤᠯᠤᠰ ᠤᠨ ᠠᠵᠢᠯ ᠦᠢᠯᠡᠰ ᠲᠡᠦᠬᠡᠲᠦ ᠴᠢᠨᠠᠷᠲᠠᠢ ᠠᠮᠵᠢᠯᠲᠠ ᠣᠯᠵᠤ᠂ ᠲᠡᠦᠬᠡᠲᠦ ᠴᠢᠨᠠᠷᠲᠠᠢ ᠬᠤᠪᠢᠰᠤᠯᠲᠠ ᠭᠠᠷᠬᠤ ᠶᠢ ᠠᠬᠢᠭᠤᠯᠪᠠ᠃              ᠡᠭᠦᠷᠢᠳᠡ ᠲᠡᠮᠡᠴᠡᠬᠦ ᠶᠢ ᠪᠠᠷᠢᠮᠲᠠᠯᠠᠪᠠ              ᠠᠭᠤᠤ ᠶᠡᠭᠡ ᠨᠠᠮ ᠪᠠᠶᠢᠭᠤᠯᠬᠤ ᠵᠣᠷᠢᠭ ᠰᠠᠨᠠᠭ᠎ᠠ ᠳᠤ ᠠᠭᠤᠯᠤᠭᠳᠠᠵᠤ ᠪᠠᠶᠢᠭ᠎ᠠ ︽ᠦᠷᠡᠭᠳᠡᠯ ᠰᠦᠢᠳᠦᠯ ᠠᠴᠠ ᠠᠶᠤᠬᠤ ᠦᠭᠡᠢ᠂ ᠡᠷᠡᠯᠬᠡᠭ ᠪᠠᠭᠠᠲᠤᠷᠯᠢᠭ ᠢᠶᠠᠷ ᠲᠡᠮᠡᠴᠡᠬᠦ︾ ᠵᠣᠷᠢᠭ ᠰᠠᠨᠠᠭᠠᠨ ᠤ ᠠᠭᠤᠯᠤᠭᠳᠠᠬᠤᠨ  ᠨᠢ ᠳᠤᠮᠳᠠᠳᠤ ᠤᠯᠤᠰ ᠤᠨ ᠡᠪ ᠬᠠᠮᠲᠤ ᠨᠠᠮ ᠤᠨ ᠡᠭᠦᠷᠢᠳᠡ ᠲᠡᠮᠡᠴᠡᠬᠦ ᠤᠯᠤᠰ ᠲᠦᠷᠦ ᠶᠢᠨ ᠬᠡᠪ ᠴᠢᠨᠠᠷ ᠢ ᠢᠯᠡᠷᠡᠭᠦᠯᠪᠡ᠃ ᠲᠡᠦᠬᠡ ᠶᠢ ᠡᠷᠭᠢᠴᠡᠭᠦᠯᠬᠦᠶ᠎ᠡ᠂ ᠦᠶ᠎ᠡ ᠦᠶ᠎ᠡ ᠶᠢᠨ ᠳᠤᠮᠳᠠᠳᠤ ᠤᠯᠤᠰ ᠤᠨ ᠡᠪ ᠬᠠᠮᠲᠤᠴᠤᠳ ᠣᠷᠭᠢᠯᠤᠮ᠎ᠠ ᠬᠠᠯᠠᠭᠤᠨ ᠰᠡᠳᠬᠢᠯᠭᠡ ᠪᠠᠷ ᠨᠠᠮ ᠢᠶᠠᠨ ᠪᠠᠶᠢᠭᠤᠯᠵᠤ᠂ ᠲᠡᠰᠪᠦᠷᠢ ᠬᠠᠲᠠᠭᠤᠵᠢᠯᠲᠠᠢ ᠲᠡᠮᠡᠴᠡᠬᠦ ᠳᠤᠮᠳᠠ ᠨᠠᠮ ᠢᠶᠠᠨ ᠪᠠᠶᠢᠭᠤᠯᠵᠤ᠂ ᠲᠠᠰᠤᠷᠠᠯᠲᠠ ᠦᠭᠡᠢ ᠡᠷᠡᠮᠡᠬᠡᠶᠢᠯᠡᠨ ᠤᠷᠤᠭᠰᠢᠯᠠᠬᠤ ᠳᠤᠮᠳᠠ ᠨᠠᠮ ᠢᠶᠠᠨ ᠮᠠᠨᠳᠤᠭᠤᠯᠵᠤ᠂ ᠥᠨᠢ ᠡᠭᠦᠷᠢᠳᠡ ᠲᠡᠮᠡᠴᠡᠬᠦ ᠳᠤᠮᠳᠠ ᠲᠡᠦᠬᠡ ᠶᠢᠨ ᠬᠤᠪᠢᠰᠤᠯᠲᠠ ᠶᠢ ᠪᠡᠶᠡᠯᠡᠭᠦᠯᠬᠦ ᠴᠢᠬᠤᠯᠠ ᠶᠡᠭᠡ ᠠᠵᠠ ᠲᠣᠭᠢᠶᠠᠯ ᠢ ᠠᠮᠵᠢᠨ᠂ ᠲᠡᠦᠬᠡ ᠶᠢᠨ ᠤᠷᠤᠭᠰᠢᠯᠠᠯᠲᠠ ᠶᠢ ᠬᠠᠷᠰᠢᠯᠠᠵᠤ ᠪᠠᠶᠢᠭ᠎ᠠ ᠬᠦᠨᠳᠦ ᠶᠡᠭᠡ ᠠᠶᠤᠯ ᠲᠦᠭᠰᠢᠭᠦᠷᠢ ᠶᠢ ᠠᠷᠢᠯᠭᠠᠵᠤ᠂ ᠲᠠᠰᠤᠷᠠᠯᠲᠠ ᠦᠭᠡᠢ ᠢᠯᠠᠯᠲᠠ ᠠᠴᠠ ᠢᠯᠠᠯᠲᠠ ᠲᠡᠶᠢᠰᠢ ᠤᠷᠤᠭᠰᠢᠯᠠᠪᠠ᠃              ᠲᠦᠮᠡᠨ ᠭᠠᠵᠠᠷ ᠤᠨ ᠤᠷᠳᠤ ᠵᠠᠮ ᠤᠨ ᠠᠶᠠᠨ ᠲᠠᠶᠢᠨ ᠤ ᠳᠤᠮᠳᠠ᠂ ᠳᠤᠮᠳᠠᠳᠤ ᠤᠯᠤᠰ ᠤᠨ ᠡᠪ ᠬᠠᠮᠲᠤ ᠨᠠᠮ ᠤᠯᠠᠭᠠᠨ ᠴᠡᠷᠢᠭ ᠢ ᠤᠳᠤᠷᠢᠳᠤᠨ ᠶᠡᠷᠦ ᠪᠤᠰᠤ ᠶᠢᠨ ᠤᠶᠤᠨ ᠤᠬᠠᠭᠠᠨ ᠪᠠ ᠶᠠᠭᠤᠨ ᠠᠴᠠ ᠴᠤ ᠠᠶᠤᠬᠤ ᠦᠭᠡᠢ ᠪᠠᠭᠠᠲᠤᠷᠯᠢᠭ ᠰᠥᠰᠥ ᠵᠣᠷᠢᠭ ᠢᠶᠠᠷ᠂ ᠮᠢᠩᠭᠠᠨ ᠪᠡᠷᠬᠡ ᠲᠦᠮᠡᠨ ᠪᠠᠷᠳᠠᠭ᠎ᠠ ᠶᠢ ᠢᠯᠠᠨ ᠳᠠᠪᠠᠵᠤ᠂ ᠯᠤᠲᠤ ᠶᠡᠭᠡ ᠦᠷᠡᠭᠳᠡᠯ ᠭᠠᠷᠭᠠᠨ᠂ ᠬᠤᠪᠢᠰᠬᠠᠯ ᠤᠨ ᠣᠴᠢ ᠶᠢᠨ ᠦᠶ᠎ᠡ ᠤᠯᠠᠷᠢᠨ ᠪᠠᠳᠠᠷᠠᠬᠤ ᠶᠢ ᠦᠨᠡᠨ ᠬᠦ ᠪᠠᠲᠤᠯᠠᠪᠠ᠃ ᠣᠳᠣᠬᠠᠨ ᠳᠤ᠂ ᠳᠤᠮᠳᠠᠳᠤ ᠤᠯᠤᠰ ᠤᠨ ᠡᠪ ᠬᠠᠮᠲᠤ ᠨᠠᠮ ᠳᠤᠮᠳᠠᠳᠤ ᠤᠯᠤᠰ ᠤᠨ ᠠᠷᠠᠳ ᠲᠦᠮᠡᠨ ᠢ ᠳᠠᠭᠠᠭᠤᠯᠤᠨ ᠨᠡᠶᠢᠭᠡᠮ ᠵᠢᠷᠤᠮᠲᠤ ᠣᠳᠣᠬᠢᠴᠢᠯᠠᠭᠰᠠᠨ ᠬᠦᠴᠦᠷᠬᠡᠭ ᠤᠯᠤᠰ ᠢ ᠪᠦᠭᠦ ᠲᠠᠯ᠎ᠠ ᠪᠠᠷ ᠪᠦᠲᠦᠭᠡᠨ ᠪᠠᠶᠢᠭᠤᠯᠬᠤ ᠬᠤᠶᠠᠳᠤᠭᠠᠷ ᠵᠠᠭᠤᠨ ᠵᠢᠯ ᠤᠨ ᠲᠡᠮᠡᠴᠡᠬᠦ ᠬᠠᠷᠠᠯᠲᠠ ᠲᠡᠶᠢᠰᠢ ᠤᠷᠤᠭᠰᠢᠯᠠᠵᠤ ᠪᠠᠶᠢᠨ᠎ᠠ᠃ ᠰᠢᠨ᠎ᠡ ᠴᠠᠭ ᠦᠶ᠎ᠡ ᠰᠢᠨ᠎ᠡ ᠠᠶᠠᠨ ᠵᠠᠮ ᠳᠤ᠂ ᠳᠤᠮᠳᠠᠳᠤ ᠤᠯᠤᠰ ᠤᠨ ᠡᠪ ᠬᠠᠮᠲᠤ ᠨᠠᠮ ᠤᠷᠢᠳ ᠡᠮᠦᠨ᠎ᠡ ᠪᠠᠶᠢᠭ᠎ᠠ ᠦᠭᠡᠢ ᠲᠡᠦᠬᠡ ᠶᠢᠨ ᠠᠵᠠ ᠲᠣᠭᠢᠶᠠᠯ ᠳᠤ ᠲᠤᠯᠭᠠᠷᠠᠵᠤ ᠪᠠᠶᠢᠬᠤ ᠪᠥᠭᠡᠳ ᠨᠡᠩ ᠤᠯᠠᠨ ᠡᠰᠢᠵᠢᠭᠰᠡᠨ᠂ ᠨᠡᠩ ᠪᠡᠷᠬᠡ ᠬᠠᠲᠠᠭᠤᠵᠢᠯᠲᠠᠢ ᠴᠠᠭ ᠦᠶ᠎ᠡ ᠶᠢᠨ ᠥᠷᠢᠰᠦᠯᠳᠦᠭᠡᠨ ᠳᠤ ᠲᠤᠯᠭᠠᠷᠠᠬᠤ ᠨᠢ ᠯᠠᠪᠲᠠᠢ᠃ ᠮᠠᠰᠢ ᠤᠯᠠᠨ ᠲᠡᠦᠬᠡ ᠶᠢᠨ ᠰᠢᠨ᠎ᠡ ᠣᠨᠴᠠᠯᠢᠭ ᠲᠠᠢ ᠠᠭᠤᠤ ᠶᠡᠭᠡ ᠲᠡᠮᠡᠴᠡᠯ ᠤᠨ ᠡᠮᠦᠨ᠎ᠡ᠂ ᠪᠢᠳᠡ ᠡᠷᠬᠡᠪᠰᠢ ᠴᠠᠭ ᠦᠶ᠎ᠡ ᠶᠢᠨ ᠣᠨᠴᠠᠯᠢᠭ ᠲᠠᠢ ᠤᠶᠠᠯᠳᠤᠭᠤᠯᠤᠨ ᠠᠭᠤᠤ ᠶᠡᠭᠡ ᠨᠠᠮ ᠪᠠᠶᠢᠭᠤᠯᠬᠤ ᠵᠣᠷᠢᠭ ᠰᠠᠨᠠᠭ᠎ᠠ ᠶᠢ ᠶᠡᠭᠡ ᠪᠠᠷ ᠪᠠᠳᠠᠷᠠᠭᠤᠯᠵᠤ᠂ ᠲᠡᠮᠡᠴᠡᠯ ᠤᠨ ᠴᠢᠳᠠᠪᠤᠷᠢ ᠪᠠᠨ ᠲᠠᠰᠤᠷᠠᠯᠳᠠ ᠦᠭᠡᠢ ᠳᠡᠭᠡᠭᠰᠢᠯᠡᠭᠦᠯᠦᠨ᠂ ᠬᠦᠨᠳᠦ ᠶᠡᠭᠡ ᠰᠢᠯᠭᠠᠯᠲᠠ ᠶᠢ ᠪᠦᠲᠦᠮᠵᠢᠲᠡᠢ ᠠᠷᠭᠠᠴᠠᠭᠠᠵᠤ ᠂ ᠬᠦᠨᠳᠦ ᠶᠡᠭᠡ ᠠᠶᠤᠯ ᠲᠦᠭᠰᠢᠭᠦᠷᠢ ᠶᠢ ᠡᠰᠡᠷᠭᠦᠴᠡᠨ ᠠᠷᠢᠯᠭᠠᠬᠤ ᠳᠠᠭᠠᠨ ᠴᠢᠳᠠᠮᠠᠭᠠᠢ ᠪᠠᠶᠢᠵᠤ᠂ ᠡᠯ᠎ᠡ ᠵᠦᠢᠯ ᠤᠨ ᠬᠦᠨᠳᠦ ᠶᠡᠭᠡ ᠬᠠᠷᠰᠢ ᠰᠠᠭᠠᠳ ᠢ ᠢᠯᠠᠨ ᠳᠠᠪᠠᠵᠤ᠂ ᠬᠢᠮᠤᠷᠠᠯ ᠤᠨ ᠳᠤᠮᠳᠠ ᠠᠵᠠ ᠲᠣᠭᠢᠶᠠᠯ ᠢ ᠪᠤᠢ ᠪᠣᠯᠭᠠᠨ᠂ ᠬᠤᠪᠢᠷᠠᠯᠲᠠ ᠶᠢᠨ ᠳᠤᠮᠳᠠ ᠰᠢᠨ᠎ᠡ ᠪᠠᠶᠢᠳᠠᠯ ᠢ ᠡᠭᠦᠳᠴᠦ᠂ ᠠᠭᠤᠤ ᠶᠡᠭᠡ ᠰᠢᠨ᠎ᠡ ᠢᠯᠠᠯᠲᠠ ᠶᠢ ᠲᠠᠰᠤᠷᠠᠯᠳᠠ ᠦᠭᠡᠢ ᠲᠡᠮᠡᠴᠡᠨ ᠣᠯᠬᠤ ᠬᠡᠷᠡᠭᠲᠡᠢ᠃              ᠤᠭ ᠰᠠᠨᠠᠭ᠎ᠠ ᠪᠠᠨ ᠡᠭᠦᠷᠢᠳᠡ ᠴᠡᠭᠡᠵᠢᠯᠡᠬᠦ ᠶᠢ ᠪᠠᠷᠢᠮᠲᠠᠯᠠᠪᠠ              ︽ᠤᠭ ᠰᠠᠨᠠᠭ᠎ᠠ ᠪᠠᠨ ᠡᠭᠦᠷᠢᠳᠡ ᠴᠡᠭᠡᠵᠢᠯᠡᠬᠦ︾ ᠪᠣᠯ ᠥᠨᠢ ᠡᠭᠦᠷᠢᠳᠡ ᠠᠷᠠᠳ ᠲᠦᠮᠡᠨ ᠳᠤ ᠲᠦᠰᠢᠭᠯᠡᠵᠦ᠂ ᠥᠨᠢ ᠡᠭᠦᠷᠢᠳᠡ ᠠᠷᠠᠳ ᠲᠦᠮᠡᠨ ᠤ ᠲᠥᠯᠥᠭᠡ ᠪᠠᠶᠢᠬᠤ ᠶᠠᠪᠤᠳᠠᠯ ᠪᠣᠯᠣᠨ᠎ᠠ᠃ ᠳᠤᠮᠳᠠᠳᠤ ᠤᠯᠤᠰ ᠤᠨ ᠡᠪ ᠬᠠᠮᠲᠤ ᠨᠠᠮ ᠮᠡᠨᠳᠦᠯᠡᠭᠰᠡᠨ ᠠᠴᠠ ᠨᠠᠭᠠᠰᠢ ᠢᠮᠠᠭᠲᠠ ᠠᠷᠠᠳ ᠲᠦᠮᠡᠨ ᠳᠤ ᠵᠣᠯ ᠵᠢᠷᠭᠠᠯ ᠡᠳ᠋ᠯᠡᠭᠦᠯᠭᠦ ᠂ ᠠᠷᠠᠳ ᠲᠦᠮᠡᠨ ᠤ ᠠᠵᠠ ᠵᠢᠷᠭᠠᠯ ᠢ ᠨᠡᠮᠡᠭᠳᠡᠭᠦᠯᠬᠦ᠂ ᠠᠷᠠᠳ ᠲᠦᠮᠡᠨ ᠤ ᠬᠦᠴᠦᠨ ᠳᠤ ᠲᠦᠰᠢᠭᠯᠡᠬᠦ ᠶᠢ ᠪᠠᠷᠢᠮᠲᠠᠯᠠᠵᠤ᠂ ᠠᠷᠠᠳ ᠲᠦᠮᠡᠨ ᠤ ᠲᠥᠯᠥᠭᠡ ᠦᠨᠡᠨᠴᠢ ᠰᠢᠳᠤᠷᠭᠤ ᠪᠠᠷ ᠬᠤᠪᠢ ᠨᠡᠮᠡᠷᠢ ᠦᠵᠡᠭᠦᠯᠭᠦ ᠳᠤᠮᠳᠠ ᠨᠠᠮ ᠪᠣᠯᠣᠨ ᠤᠯᠤᠰ ᠤᠨ ᠠᠵᠢᠯ ᠦᠢᠯᠡᠰ ᠤᠨ ᠪᠠᠶᠠᠨ ᠬᠦᠴᠦᠷᠬᠡᠭ ᠪᠤᠯᠬᠤ ᠶᠢ ᠲᠠᠰᠤᠷᠠᠯᠲᠠ ᠦᠭᠡᠢ ᠠᠬᠢᠭᠤᠯᠪᠠ᠃ ᠠᠷᠠᠳ ᠲᠦᠮᠡᠨ ᠤ ᠵᠣᠭᠰᠣᠯᠲᠠ ᠪᠣᠯ ᠳᠤᠮᠳᠠᠳᠤ ᠤᠯᠤᠰ ᠤᠨ ᠡᠪ ᠬᠠᠮᠲᠤ ᠨᠠᠮ ᠤᠨ ᠦᠨᠳᠦᠰᠦᠨ ᠤᠯᠤᠰ ᠲᠦᠷᠦ ᠶᠢᠨ ᠵᠣᠭᠰᠣᠯᠲᠠ ᠮᠥᠨ᠂ ᠮᠠᠷᠺᠰ ᠤᠨ ᠦᠵᠡᠯ ᠤᠨ ᠲᠦᠷᠦ ᠶᠢᠨ ᠨᠠᠮ ᠤᠨ ᠪᠤᠰᠤᠳ ᠲᠦᠷᠦ ᠶᠢᠨ ᠨᠠᠮ ᠠᠴᠠ ᠢᠯᠭᠠᠭᠳᠠᠬᠤ ᠢᠯᠡᠷᠬᠡᠢ ᠰᠢᠨᠵᠢ ᠲᠡᠮᠳᠡᠭ ᠮᠥᠨ᠂ ᠨᠠᠮ ᠤᠨ ᠠᠯᠢᠪᠠ ᠬᠦᠴᠢᠷ ᠪᠡᠷᠬᠡᠰᠢᠶᠡᠯ ᠪᠠ ᠠᠶᠤᠯ ᠲᠦᠭᠰᠢᠭᠦᠷᠢ ᠶᠢ ᠢᠯᠠᠨ ᠳᠠᠪᠠᠭ᠋ᠤ ᠦᠨᠳᠦᠰᠦᠨ ᠪᠠᠲᠤᠯᠠᠭ᠎ᠠ ᠮᠥᠨ᠃              ᠳᠤᠮᠳᠠᠳᠤ ᠤᠯᠤᠰ ᠤᠨ ᠡᠪ ᠬᠠᠮᠲᠤ ᠨᠠᠮ ᠲᠦᠷᠦ ᠶᠢᠨ ᠡᠷᠬᠡ ᠶᠢᠨ ᠮᠠᠨᠳᠤᠬᠤ ᠪᠠᠭᠤᠷᠠᠬᠤ ᠰᠣᠯᠢᠭᠳᠠᠬᠤ ᠲᠡᠦᠬᠡ ᠶᠢᠨ ᠵᠢᠮ᠎ᠡ ᠶᠣᠰᠣ ᠶᠢ ᠭᠦᠨᠵᠡᠭᠡᠢ ᠲᠠᠨᠢᠵᠤ᠂ ᠪᠦᠭᠦ ᠰᠡᠳᠬᠢᠯ ᠪᠦᠭᠦ ᠵᠣᠷᠢᠭ ᠢᠶᠠᠷ ᠢᠶᠠᠨ ᠠᠷᠠᠳ ᠲᠦᠮᠡᠨ ᠳᠤ ᠦᠢᠯᠡᠴᠢᠯᠡᠬᠦ ᠦᠨᠳᠦᠰᠦᠨ ᠵᠣᠷᠢᠯᠲᠠ ᠶᠢ ᠪᠠᠷᠢᠮᠲᠠᠯᠠᠨ᠂ ᠠᠷᠠᠳ ᠲᠦᠮᠡᠨ ᠤ ᠵᠣᠭᠰᠣᠯᠲᠠ ᠳᠤ ᠪᠠᠲᠤ ᠵᠣᠭᠰᠣᠵᠤ᠂ ᠨᠠᠮ ᠤᠨ ᠤᠯᠠᠨ ᠲᠦᠮᠡᠨᠴᠢ ᠱᠤᠭᠤᠮ ᠢ ᠲᠤᠭᠤᠰᠢᠯᠠᠭᠤᠯᠤᠨ᠂ ᠠᠷᠠᠳ ᠲᠦᠮᠡᠨ ᠢᠶᠠᠷ ᠭᠤᠣᠯ ᠪᠤᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠦᠢᠯᠡᠳᠦᠯᠭᠡᠵᠢᠭᠦᠯᠵᠦ᠂ ᠠᠷᠠᠳ ᠲᠦᠮᠡᠨ ᠢ ᠳᠠᠭᠠᠭᠤᠯᠤᠨ ᠵᠣᠯ ᠵᠢᠷᠭᠠᠯᠲᠤ ᠠᠮᠢᠳᠤᠷᠠᠯ ᠢ ᠴᠣᠭᠴᠠᠯᠠᠬᠤ ᠶᠢ ᠢᠮᠠᠭᠲᠠ ᠬᠤᠪᠢᠷᠠᠰᠢ ᠦᠭᠡᠢ ᠲᠡᠮᠡᠴᠡᠯ ᠤᠨ ᠬᠠᠷᠠᠯᠲᠠ ᠪᠠᠨ ᠪᠣᠯᠭᠠᠪᠠ᠃ ᠮᠠᠨ ᠤ ᠠᠯᠢᠪᠠ ᠠᠵᠢᠯ ᠤᠨ ᠦᠷ᠎ᠡ ᠪᠦᠲᠦᠮᠵᠢ ᠶᠢ ᠰᠢᠯᠭᠠᠬᠤ ᠳᠤ ᠡᠴᠦᠰ ᠲᠡᠭᠡᠨ ᠴᠥᠮ ᠠᠷᠠᠳ ᠲᠦᠮᠡᠨ ᠦᠨᠡᠨ ᠬᠦ ᠪᠣᠳᠠᠲᠤ ᠠᠰᠢᠭ ᠭᠥᠷᠳᠡᠭᠰᠡᠨ ᠡᠰᠡᠬᠦ᠂ ᠠᠷᠠᠳ ᠤᠨ ᠠᠮᠢᠳᠤᠷᠠᠯ ᠦᠨᠡᠨ ᠬᠦ ᠰᠠᠶᠢᠵᠢᠷᠠᠭᠰᠠᠨ ᠡᠰᠡᠬᠦ᠂ ᠠᠷᠠᠳ ᠲᠦᠮᠡᠨ ᠤ ᠡᠷᠬᠡ ᠠᠰᠢᠭ ᠦᠨᠡᠨ ᠬᠦ ᠪᠠᠲᠤᠯᠠᠭ᠎ᠠ ᠲᠠᠢ ᠪᠣᠯᠤᠭᠰᠠᠨ ᠡᠰᠡᠬᠦ ᠶᠢ ᠦᠵᠡᠬᠦ ᠬᠡᠷᠡᠭᠲᠡᠢ᠃              ᠨᠠᠮ ᠤᠨ ᠠᠷᠪᠠᠨ ᠨᠠᠢᠮᠠᠳᠤᠭᠠᠷ ᠶᠡᠭᠡ ᠬᠤᠷᠠᠯ ᠠᠴᠠ ᠨᠠᠭᠠᠰᠢ᠂ ᠰᠢ ᠶᠢᠨ ᠫᠢᠩ ᠨᠥᠬᠦᠷ ᠢᠶᠠᠷ ᠭᠤᠣᠯ ᠪᠤᠯᠭᠠᠬᠰᠠᠨ ᠨᠠᠮ ᠤᠨ ᠲᠥᠪ ᠬᠤᠷᠢᠶ᠎ᠠ ᠠᠷᠠᠳ ᠲᠦᠮᠡᠨ ᠢᠶᠠᠷ ᠭᠤᠣᠯ ᠪᠤᠯᠭᠠᠬᠤ ᠬᠥᠭᠵᠢᠯᠲᠡ ᠶᠢᠨ ᠦᠵᠡᠯ ᠰᠠᠨᠠᠭ᠎ᠠ ᠶᠢ ᠪᠠᠷᠢᠮᠲᠠᠯᠠᠵᠤ᠂ ᠲᠤᠶᠢᠯ ᠤᠨ ᠶᠠᠳᠠᠭᠤ ᠬᠦᠴᠢᠷᠳᠡᠯ ᠤᠨ ᠠᠰᠠᠭᠤᠳᠠᠯ ᠢ ᠲᠡᠦᠬᠡᠲᠦ ᠴᠢᠨᠠᠷᠲᠠᠢ ᠪᠠᠷ ᠰᠢᠢᠳᠪᠦᠷᠢᠯᠡᠵᠦ᠂ ᠬᠥᠮᠥᠨ ᠲᠥᠷᠥᠯᠬᠢᠲᠡᠨ ᠤ ᠶᠠᠳᠠᠭᠤ ᠶᠢ ᠪᠠᠭᠠᠰᠬᠠᠬᠤ ᠲᠡᠦᠬᠡᠨ ᠳᠡᠭᠡᠷᠡᠬᠢ ᠭᠠᠶᠢᠬᠠᠮᠰᠢᠭ ᠢ ᠡᠭᠦᠳᠴᠡᠢ᠃ ᠳᠤᠮᠳᠠᠳᠤ ᠤᠯᠤᠰ ᠤᠨ ᠡᠪ ᠬᠠᠮᠲᠤ ᠨᠠᠮ ᠠᠷᠠᠳ ᠤᠯᠠᠨ ᠤ ᠰᠠᠶᠢᠨ ᠰᠠᠶᠢᠬᠠᠨ ᠠᠮᠢᠳᠤᠷᠠᠯ ᠤᠨ ᠬᠦᠰᠡᠯ ᠡᠷᠡᠮᠡᠯᠵᠡᠯ ᠢ ᠲᠠᠰᠤᠷᠠᠯᠳᠠ ᠦᠭᠡᠢ ᠬᠠᠩᠭᠠᠵᠤ᠂ ᠠᠷᠠᠳ ᠲᠦᠮᠡᠨ ᠢ ᠨᠡᠩ ᠶᠡᠭᠡ ᠬᠦᠷᠲᠡᠮᠵᠢ ᠶᠢᠨ ᠲᠥᠷᠥᠭᠳᠡᠯ᠂ ᠵᠢᠷᠭᠠᠯᠲᠤ ᠲᠥᠷᠥᠭᠳᠡᠯ᠂ ᠠᠮᠤᠷ ᠲᠦᠪᠰᠢᠨ ᠤ ᠲᠥᠷᠥᠭᠳᠡᠯ ᠲᠠᠢ ᠪᠣᠯᠭᠠᠪᠠ᠃                            
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号