| 2024 ᠣᠨ ᠳᠤ᠂ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠵᠠᠰᠠᠭ ᠤᠨ ᠣᠷᠳᠣᠨ ᠤ | ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠳᠦᠷᠢᠮ︾᠂ ︽ᠲᠥᠷᠥ ᠶᠢᠨ ᠶᠠᠪᠤᠳᠠᠯ ᠤᠨ ᠬᠤᠷᠢᠶ᠎ᠠ ᠶᠢᠨ | ᠠᠯᠪᠠᠨ ᠲᠢᠩᠬᠢᠮ ᠤᠨ ᠵᠠᠰᠠᠭ ᠤᠨ ᠣᠷᠳᠣᠨ ᠤ ᠮᠡᠳᠡᠭᠡᠯᠡᠯ ᠬᠢᠭᠡᠳ ᠶᠠᠪᠤᠳᠠᠯ ᠢ ᠢᠯᠠ ᠲᠣᠳᠣ ᠪᠠᠶᠢᠯᠭᠠᠬᠤ ᠠᠵᠢᠯ ᠤᠨ | ᠠᠯᠪᠠᠨ ᠭᠡᠷ ᠤᠨ ᠬᠡᠪᠯᠡᠨ ᠲᠠᠷᠬᠠᠭᠠᠬᠤ ᠲᠤᠬᠠᠢ ᠮᠡᠳᠡᠭᠳᠡᠯ︾ ︵ᠲᠥᠷᠥ ᠶᠢᠨ ᠶᠠᠪᠤᠳᠠᠯ ᠤᠨ ᠬᠤᠷᠢᠶᠠᠨ ᠤ ᠠᠯᠪᠠᠨ | ᠵᠠᠬᠢᠳᠠᠯ ﹇2011﹈ 30 ᠳ᠋ᠤᠭᠠᠷ ᠲᠣᠭᠠᠲᠤ︶ ᠶᠢᠨ ᠲᠣᠭᠲᠠᠭᠠᠯ ᠢ ᠦᠨᠳᠦᠰᠦᠯᠡᠨ᠂ ᠠᠯᠠᠱᠠ ᠵᠡᠭᠦᠨ | ᠬᠤᠰᠢᠭᠤᠨ ᠤ ᠰᠢᠨᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ︵ᠳᠣᠷᠣᠭᠰᠢ ᠠᠯᠠᠱᠠ ᠵᠡᠭᠦᠨ | ᠬᠤᠰᠢᠭᠤᠨ ᠤ ᠰᠢᠨᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠠᠯᠪᠠᠨ ᠭᠡᠷ ᠭᠡᠵᠦ ᠲᠣᠪᠴᠢᠯᠠᠨ᠎ᠠ︶ | ᠶᠢ ᠲᠤᠭᠤᠷᠪᠢᠪᠠ᠃ ᠠᠯᠠᠱᠠ ᠵᠡᠭᠦᠨ ᠬᠤᠰᠢᠭᠤᠨ ᠤ ᠰᠢᠨᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ | ᠭᠠᠵᠠᠷ ᠤᠨ ᠨᠢ ᠦᠢᠯᠡᠴᠢᠯᠡᠭᠡᠨ ᠤ ᠭᠡᠯᠪᠡᠷᠢ ᠶᠢᠨ ᠵᠠᠰᠠᠭ ᠤᠨ ᠣᠷᠳᠣᠨ ᠢ ᠪᠠᠶᠢᠭᠤᠯᠬᠤ᠂ ᠦᠢᠯᠡᠴᠢᠯᠡᠭᠡᠨ ᠤ ᠴᠢᠨᠠᠷ | ᠴᠢᠨᠰᠠᠭ᠎ᠠ ᠶᠢ ᠳᠡᠭᠡᠭᠰᠢᠯᠡᠭᠦᠯᠭᠦ ᠶᠡᠷᠦᠩᠬᠡᠢ ᠱᠠᠭᠠᠷᠳᠠᠯᠭ᠎ᠠ ᠶᠢᠨ ᠲᠣᠭᠤᠷᠢᠨ ᠳᠤ᠂ ᠵᠠᠰᠠᠭ ᠤᠨ ᠣᠷᠳᠣᠨ ᠤ ᠨᠡᠭᠡᠭᠡᠯᠲᠡ | ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠠᠵᠢᠯ ᠤᠨ ᠲᠤᠬᠠᠢ ᠬᠤᠰᠢᠭᠤ ᠵᠠᠰᠠᠭ ᠤᠨ ᠣᠷᠳᠣᠨ ᠤ ᠬᠤᠯᠪᠣᠭᠳᠠᠯ | ᠪᠦᠬᠦᠢ ᠵᠢᠭᠠᠪᠤᠷᠢ ᠶᠢᠨ ᠱᠠᠭᠠᠷᠳᠠᠯᠭ᠎ᠠ ᠶᠢ ᠨᠠᠷᠢᠨ ᠬᠢᠨᠠᠮᠠᠭᠠᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠵᠠᠰᠠᠭ ᠤᠨ | ᠶᠠᠪᠤᠳᠠᠯ ᠢ ᠢᠯᠠ ᠲᠣᠳᠣ ᠪᠠᠶᠢᠯᠭᠠᠬᠤ ᠶᠢ ᠡᠷᠴᠢᠮᠲᠡᠢ ᠲᠦᠯᠬᠢᠨ ᠠᠬᠢᠭᠤᠯᠵᠤ᠂ ᠵᠠᠰᠠᠭ ᠤᠨ ᠶᠠᠪᠤᠳᠠᠯ ᠤᠨ | ᠦᠢᠯᠡᠴᠢᠯᠡᠭᠡ ᠶᠢ ᠦᠷᠭᠦᠯᠵᠢᠯᠡᠨ ᠳᠦᠷᠢᠮᠵᠢᠭᠦᠯᠵᠦ᠂ ᠣᠯᠠᠨ ᠲᠦᠮᠡᠨ ᠳᠤ ᠦᠢᠯᠡᠴᠢᠯᠡᠬᠦ ᠬᠢᠷᠢ ᠲᠦᠪᠰᠢᠨ ᠢᠶᠠᠨ | ᠲᠠᠰᠤᠷᠠᠯᠲᠠ ᠦᠭᠡᠢ ᠳᠡᠭᠡᠭᠰᠢᠯᠡᠭᠦᠯᠵᠦ᠂ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠬᠠᠷᠢᠶ᠎ᠠ | ᠲᠣᠭᠤᠷᠢᠭ ᠤᠨ ᠠᠵᠤ ᠠᠬᠤᠢ ᠪᠠ ᠡᠯ᠎ᠡ ᠲᠥᠷᠥᠯ ᠤᠨ ᠨᠡᠶᠢᠭᠡᠮ ᠤᠨ ᠬᠡᠷᠡᠭ ᠶᠠᠪᠤᠳᠠᠯ ᠤᠨ ᠡᠷᠡᠭᠦᠯ᠂ ᠲᠣᠭᠲᠠᠭᠤᠨ᠂ | ᠴᠢᠨᠠᠷ ᠰᠠᠶᠢᠲᠠᠢ ᠬᠥᠭᠵᠢᠯᠲᠡ ᠶᠢ ᠪᠦᠲᠦᠮᠵᠢᠲᠡᠢ ᠠᠬᠢᠭᠤᠯᠪᠠ᠃ ᠲᠤᠰ ᠵᠢᠯ ᠤᠨ ᠮᠡᠳᠡᠭᠦᠯᠦᠯᠲᠡ ᠳᠤ ᠭᠠᠷᠭᠠᠭᠰᠠᠨ | ᠲᠤᠭ᠎ᠠ ᠪᠠᠷᠢᠮᠲᠠ ᠶᠢ ᠪᠦᠷᠢᠳᠬᠡᠬᠦ ᠬᠤᠭᠤᠴᠠᠭ᠎ᠠ ᠨᠢ 2024 ᠣᠨ ᠤ 1 ᠳ᠋ᠦ᠋ᠭᠡᠷ ᠰᠠᠷ᠎ᠠ ᠶᠢᠨ 1 ᠤ ᠡᠳᠦᠷ ᠠᠴᠠ | 12 ᠳ᠋ᠤᠭᠠᠷ ᠰᠠᠷ᠎ᠠ ᠶᠢᠨ 31 ᠤ ᠡᠳᠦᠷ ᠭᠦᠷᠦᠨ᠎ᠡ᠃ ᠲᠤᠰ ᠵᠢᠯ ᠤᠨ ᠮᠡᠳᠡᠭᠦᠯᠦᠯᠲᠡ ᠶᠢᠨ ᠴᠠᠬᠢᠮ ᠬᠤᠪᠢᠯᠪᠤᠷᠢ ᠶᠢ | ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠫᠤᠷᠲ᠋ᠧᠯ ᠰᠦᠯᠵᠢᠶ᠎ᠡ ︵http : / / www . alszq | . gov . cn︶ ᠠᠴᠠ ᠲᠠᠲᠠᠵᠤ ᠠᠪᠬᠤ ᠪᠣᠯᠣᠮᠵᠢ ᠲᠠᠢ᠃ ᠬᠡᠷᠪᠡ ᠲᠤᠰ ᠵᠢᠯ ᠤᠨ ᠮᠡᠳᠡᠭᠦᠯᠦᠯᠲᠡ ᠳᠤ | ᠰᠡᠵᠢᠭᠯᠡᠯ ᠲᠠᠢ ᠪᠠᠶᠢᠪᠠᠯ᠂ ᠰᠢᠨᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠲᠠᠢ ᠬᠠᠷᠢᠯᠴᠠᠭᠠᠷᠠᠢ ︵ | ᠤᠲᠠᠰᠤ᠄ 0483 - 2210020︶᠃ | ᠨᠢᠭᠡ᠂ ᠲᠣᠶᠢᠮᠣ ᠪᠠᠶᠢᠳᠠᠯ | 2024 ᠣᠨ ᠳᠤ᠂ ᠠᠯᠠᠱᠠ ᠵᠡᠭᠦᠨ ᠬᠤᠰᠢᠭᠤᠨ ᠤ ᠰᠢᠨᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ | ᠭᠠᠵᠠᠷ ᠤᠨ ᠠᠯᠪᠠᠨ ᠭᠡᠷ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ ᠪᠠ ᠰᠢ ᠶᠢᠨ ᠫᠢᠩ ᠤᠨ ᠰᠢᠨ᠎ᠡ | ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ | ᠵᠢᠯᠣᠭᠤᠳᠤᠯᠭ᠎ᠠ ᠪᠤᠯᠭᠠᠵᠤ᠂ ᠠᠶᠢᠮᠠᠭ ᠤᠨ ᠨᠠᠮ ᠤᠨ ᠬᠤᠷᠢᠶ᠎ᠠ᠂ ᠬᠤᠰᠢᠭᠤ ᠵᠠᠰᠠᠭ ᠤᠨ ᠣᠷᠳᠣᠨ ᠤ ᠵᠥᠪ | ᠣᠨᠣᠪᠴᠢᠲᠠᠢ ᠤᠳᠤᠷᠢᠳᠤᠯᠭ᠎ᠠ ᠳᠣᠣᠷ᠎ᠠ᠂ ︽ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ | ᠪᠠᠶᠢᠯᠭᠠᠬᠤ ᠳᠦᠷᠢᠮ︾ ᠢ ᠨᠠᠷᠢᠨ ᠬᠢᠨᠠᠮᠠᠭᠠᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ︽ᠬᠡᠪ ᠤᠨ ᠪᠠᠶᠢᠳᠠᠯ ᠳᠤ | ᠨᠡᠭᠡᠭᠡᠯᠲᠡ ᠲᠠᠢ ᠪᠠᠶᠢᠯᠭᠠᠬᠤ᠂ ᠣᠨᠴᠠᠭᠠᠢ ᠲᠣᠬᠢᠶᠠᠯᠳᠤᠯ ᠳᠤ ᠬᠠᠭᠠᠯᠲᠠ ᠲᠠᠢᠢ ᠪᠠᠶᠢᠬᠤ︾ ᠱᠠᠭᠠᠷᠳᠠᠯᠭ᠎ᠠ ᠶᠢ | ᠪᠠᠷᠢᠮᠲᠠᠯᠠᠵᠤ᠂ ︽ᠤᠷᠢᠳᠠᠪᠠᠷ ᠬᠢᠨᠠᠵᠤ ᠳᠠᠷᠠᠭ᠎ᠠ ᠨᠢ ᠢᠯᠠ ᠲᠣᠳᠣ ᠪᠣᠯᠭᠠᠬᠤ︾᠂ ︽ᠬᠡᠨ ᠢᠯᠠ ᠲᠣᠳᠣ ᠪᠣᠯᠭᠠᠪᠠᠯ | ᠳᠠᠷᠤᠢ ᠬᠢᠨᠠᠨ ᠪᠠᠶᠢᠴᠠᠭᠠᠬᠤ︾ ᠵᠠᠷᠴᠢᠮ ᠶᠣᠰᠣᠭᠠᠷ᠂ ᠠᠵᠢᠯ ᠤᠨ ᠳᠦᠷᠢᠮ ᠢ ᠦᠷᠭᠦᠯᠵᠢᠯᠡᠨ ᠲᠡᠭᠦᠯᠳᠡᠷᠵᠢᠭᠦᠯᠵᠦ᠂ | ᠠᠵᠢᠯ ᠤᠨ ᠴᠤᠪᠤᠷᠠᠯ ᠢ ᠵᠢᠷᠤᠮᠵᠢᠭᠤᠯᠤᠨ᠂ ᠠᠵᠢᠯ ᠤᠨ ᠰᠠᠭᠤᠷᠢ ᠪᠠᠨ ᠪᠠᠬᠢᠵᠢᠭᠦᠯᠵᠦ᠂ ᠰᠢᠢᠳᠪᠦᠷᠢᠲᠦ ᠪᠣᠳᠣᠯᠭ᠎ᠠ | ᠲᠣᠭᠲᠠᠭᠠᠬᠤ ᠪᠠ ᠬᠡᠷᠡᠭᠵᠢᠭᠦᠯᠬᠦ ᠶᠢ ᠡᠷᠴᠢᠮᠲᠡᠢ ᠲᠦᠯᠬᠢᠨ ᠠᠬᠢᠭᠤᠯᠵᠤ᠂ ᠲᠥᠷᠥ ᠶᠢᠨ ᠪᠣᠳᠣᠯᠭ᠎ᠠ ᠶᠢ ᠲᠠᠶᠢᠯᠪᠤᠷᠢᠯᠠᠵᠤ | ᠂ ᠠᠩᠬᠠᠷᠴᠤ ᠪᠦᠬᠦᠢ ᠶᠠᠪᠤᠳᠠᠯ ᠳᠤ ᠬᠠᠷᠢᠭᠤ ᠣᠯᠭᠤᠬᠤ ᠶᠢ ᠴᠢᠩᠭᠠᠳᠬᠠᠪᠠ᠃ ᠲᠥᠷᠥ ᠶᠢᠨ ᠪᠣᠳᠣᠯᠭ᠎ᠠ ᠶᠢ | ᠨᠠᠶᠢᠳᠠᠪᠤᠷᠢᠵᠢᠭᠤᠯᠬᠤ ᠠᠴᠠ ᠭᠠᠷᠳᠠᠵᠤ᠂ ᠭᠤᠣᠯᠳᠠᠯᠭ᠎ᠠ ᠲᠠᠢ ᠬᠦᠷᠢᠶ᠎ᠡ ᠬᠡᠪᠴᠢᠶᠡᠨ ᠤ ᠨᠡᠭᠡᠭᠡᠯᠲᠡ ᠲᠠᠢ ᠮᠡᠳᠡᠭᠡᠯᠡᠯ ᠢ | ᠢᠯᠠ ᠲᠣᠳᠣ ᠪᠠᠶᠢᠯᠭᠠᠬᠤ ᠠᠵᠢᠯ ᠢ ᠭᠦᠨᠵᠡᠭᠡᠶᠢᠷᠡᠭᠦᠯᠦᠨ᠂ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ | ᠢᠯᠠ ᠲᠣᠳᠣ ᠪᠠᠶᠢᠯᠭᠠᠬᠤ ᠠᠵᠢᠯ ᠢ ᠳᠦᠷᠢᠮᠵᠢᠭᠦᠯᠦᠭᠰᠡᠨ᠂ ᠵᠢᠷᠤᠮᠵᠢᠭᠤᠯᠤᠭᠰᠠᠨ᠂ ᠮᠡᠳᠡᠭᠡ ᠵᠠᠩᠭᠢᠴᠢᠯᠠᠭᠰᠠᠨ ᠪᠠᠶᠢᠨ᠎ᠠ | ᠃ | ︵ᠨᠢᠭᠡ︶ ᠰᠠᠨᠠᠭᠠᠴᠢᠯᠠᠭ᠎ᠠ ᠠᠴᠠ ᠪᠠᠨ ᠢᠯᠠ ᠲᠣᠳᠣ ᠪᠣᠯᠭᠠᠭᠰᠠᠨ ᠪᠠᠶᠢᠳᠠᠯ | 2024 ᠣᠨ ᠳᠤ᠂ ᠰᠢᠨᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠬᠢᠨ ︽ᠰᠢᠨᠬᠤᠸᠠ | ᠪᠢᠴᠢᠯ ᠦᠢᠯᠡᠴᠢᠯᠡᠭᠡ︾ ᠶᠢᠨ ᠸᠢᠴᠠᠲ ᠤᠨ ᠲᠠᠪᠴᠠᠩ ᠪᠠ ᠸᠢᠳᠢᠣ᠋ ᠲᠠᠪᠴᠠᠩ ᠢ ᠠᠰᠢᠭᠯᠠᠨ ᠵᠡᠭᠡᠯᠢ ᠭᠤᠳᠤᠮᠵᠢ ᠶᠢᠨ | ᠬᠡᠷᠡᠭ ᠡᠷᠬᠢᠯᠡᠬᠦ ᠭᠠᠵᠠᠷ ᠤᠨ ᠠᠵᠢᠯ ᠢ ᠪᠦᠭᠦ ᠲᠠᠯ᠎ᠠ ᠪᠠᠷ᠂ ᠣᠯᠠᠨ ᠬᠠᠷᠠᠭᠠᠰᠤ ᠠᠴᠠ ᠤᠬᠠᠭᠤᠯᠵᠤ᠂ ᠪᠦᠭᠦ ᠵᠢᠯ ᠳᠤ | ᠨᠡᠶᠢᠲᠡ 377 ᠠᠵᠢᠯ ᠤᠨ ᠮᠡᠳᠡᠭᠡᠯᠡᠯ ᠢ ᠨᠡᠶᠢᠲᠡᠯᠡᠵᠦ᠂ ᠡᠭᠦᠨ ᠳᠤ ᠵᠠᠰᠠᠭ ᠤᠨ ᠶᠠᠪᠤᠳᠠᠯ ᠢ ᠢᠯᠠ ᠲᠣᠳᠣ ᠪᠠᠶᠢᠯᠭᠠᠬᠤ | 21 ᠵᠤᠷᠪᠤᠰ ᠪᠤᠢ᠂ ᠭᠤᠣᠯᠳᠠᠭᠤ ᠡᠯ᠎ᠡ ᠵᠦᠢᠯ ᠤᠨ ᠨᠥᠬᠦᠪᠦᠷᠢ ᠮᠥᠩᠭᠦ ᠣᠯᠭᠤᠭᠰᠠᠨ ᠪᠠᠶᠢᠳᠠᠯ᠂ ᠨᠥᠬᠦᠪᠦᠷᠢ | ᠠᠪᠬᠤ ᠬᠥᠮᠥᠰ ᠢ ᠬᠢᠨᠠᠨ ᠬᠠᠷᠭᠤᠭᠤᠯᠵᠤ ᠢᠯᠡ ᠨᠡᠶᠢᠲᠡᠯᠡᠬᠦ ᠬᠠᠭᠤᠳᠠᠰᠤ ᠵᠡᠷᠭᠡ ᠠᠭᠤᠯᠭ᠎ᠠ ᠶᠢ ᠢᠯᠡ ᠲᠣᠳᠣ | ᠪᠣᠯᠭᠠᠵᠠᠢ᠃ | ︵ᠬᠤᠶᠠᠷ︶ ᠡᠷᠭᠦᠳᠡᠯ ᠤᠨ ᠳᠠᠭᠠᠤ ᠢᠯᠠ ᠲᠣᠳᠣ ᠪᠣᠯᠭᠠᠭᠰᠠᠨ ᠲᠤᠬᠠᠢ᠃ | 2024 ᠣᠨ ᠳᠤ᠂ ᠰᠢᠨᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠨᠢ ᠵᠠᠰᠠᠭ ᠤᠨ | ᠣᠷᠳᠣᠨ ᠤ ᠡᠷᠭᠦᠳᠡᠯ ᠶᠣᠰᠣᠭᠠᠷ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ | ᠪᠠᠶᠢᠯᠭᠠᠬᠤ ᠶᠢ ᠭᠤᠶᠤᠴᠢᠯᠠᠭᠰᠠᠨ ᠦᠭᠡᠢ᠃ | ︵ᠭᠤᠷᠪᠠ︶ ᠵᠠᠰᠠᠭ ᠤᠨ ᠣᠷᠳᠣᠨ ᠤ ᠮᠡᠳᠡᠭᠡᠯᠡᠯ ᠤᠨ ᠬᠠᠮᠢᠶᠠᠷᠤᠯᠲᠠ ᠶᠢᠨ ᠲᠤᠬᠠᠢ | 2024 ᠣᠨ ᠳᠤ ᠰᠢᠨᠡᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠬᠢᠨ ᠵᠠᠰᠠᠭ | ᠵᠠᠬᠢᠷᠭᠠᠨ ᠤ ᠳᠠᠭᠢᠨ ᠵᠥᠪᠯᠡᠭᠦᠯᠦᠭᠰᠡᠨ᠂ ᠵᠠᠰᠠᠭ ᠵᠠᠬᠢᠷᠭᠠᠨ ᠤ ᠵᠠᠷᠭᠤ ᠶᠢᠨ ᠪᠠᠶᠢᠳᠠᠯ ᠦᠭᠡᠢ᠃ | ︵ᠳᠥᠷᠪᠡ︶ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ | ᠲᠠᠪᠴᠠᠩ ᠤᠨ ᠪᠠᠶᠢᠭᠤᠯᠤᠯᠲᠠ ᠶᠢᠨ ᠲᠤᠬᠠᠢ᠃ | 2024 ᠣᠨ ᠳᠤ᠂ ᠰᠢᠨᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠨᠤᠭᠤᠳ ᠵᠠᠰᠠᠭ ᠤᠨ | ᠶᠠᠪᠤᠳᠠᠯ ᠢ ᠢᠯᠠ ᠲᠣᠳᠣ ᠪᠠᠶᠢᠯᠭᠠᠬᠤ ᠠᠵᠢᠯ ᠢ ᠦᠨᠡᠨᠬᠦ ᠰᠠᠶᠢᠲᠤᠷ ᠭᠦᠢᠴᠡᠳᠬᠡᠵᠦ᠂ ᠵᠠᠰᠠᠭ ᠤᠨ ᠣᠷᠳᠣᠨ ᠤ | ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠠᠵᠢᠯ ᠤᠨ ᠦᠵᠡᠯ ᠤᠬᠠᠮᠰᠠᠷ ᠢ ᠴᠢᠩᠭᠠᠳᠬᠠᠨ᠂ ᠵᠡᠭᠡᠯᠢ | ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠠᠵᠢᠯ ᠤᠨ ᠮᠡᠳᠡᠭᠡᠯᠡᠯ ᠨᠡᠶᠢᠲᠡᠯᠡᠬᠦ ᠡᠷᠴᠢᠮ ᠢ ᠴᠢᠩᠭᠠᠷᠠᠭᠤᠯᠵᠤ᠂ | ᠮᠡᠳᠡᠭᠡᠯᠡᠯ ᠤᠨ ᠴᠢᠨᠠᠷ ᠴᠢᠨᠰᠠᠭ᠎ᠠ ᠶᠢ ᠳᠡᠭᠡᠭᠰᠢᠯᠡᠭᠦᠯᠦᠨ᠂ ᠸᠢᠴᠠᠲ ᠲᠠᠪᠴᠠᠩ ᠵᠡᠷᠭᠡ ᠵᠠᠰᠠᠭ ᠤᠨ ᠣᠷᠳᠣᠨ ᠤ ᠰᠢᠨ᠎ᠡ | ᠵᠠᠭᠤᠴᠢᠯᠠᠭᠤᠷ ᠤᠨ ᠬᠠᠮᠢᠶᠠᠷᠤᠯᠲᠠ ᠶᠢ ᠴᠢᠩᠭᠠᠳᠬᠠᠵᠤ᠂ ᠬᠢᠨᠠᠨ ᠬᠠᠷᠭᠤᠭᠤᠯᠬᠤ ᠶᠢ ᠴᠢᠩᠭᠠᠳᠬᠠᠨ᠂ ᠰᠢᠭᠤᠷᠬᠠᠢ | ᠮᠡᠳᠡᠭᠡᠯᠡᠯ ᠢ ᠴᠠᠭ ᠲᠤᠬᠠᠢ ᠳᠤᠨᠢ ᠰᠢᠨᠡᠳᠬᠡᠵᠦ᠂ ᠲᠣᠭᠲᠠᠮᠠᠯ ᠮᠡᠳᠡᠭᠡᠯᠡᠯ ᠢ ᠤᠷᠲᠤ ᠬᠤᠭᠤᠴᠠᠭ᠎ᠠ ᠪᠠᠷ ᠢᠯᠠ ᠲᠣᠳᠣ | ᠪᠣᠯᠭᠠᠵᠤ᠂ ᠵᠠᠰᠠᠭ ᠪᠠ ᠠᠷᠠᠳ ᠬᠠᠷᠢᠯᠴᠠᠨ ᠤᠶᠠᠯᠳᠤᠭ᠎ᠠ ᠬᠤᠯᠪᠣᠭ᠎ᠠ ᠲᠠᠢ ᠪᠠᠷ᠂ ᠵᠠᠰᠠᠭ ᠤᠨ ᠶᠠᠪᠤᠳᠠᠯ ᠤᠨ | ᠦᠢᠯᠡᠴᠢᠯᠡᠭᠡ ᠶᠢ ᠰᠢᠯᠢᠳᠡᠭᠵᠢᠭᠦᠯᠵᠦ᠂ ᠵᠠᠰᠠᠭ ᠤᠨ ᠶᠠᠪᠤᠳᠠᠯ ᠢ ᠢᠯᠠ ᠲᠣᠳᠣ ᠪᠠᠶᠢᠯᠭᠠᠬᠤ ᠶᠢ ᠨᠡᠩ ᠢᠯᠡ ᠲᠣᠳᠣ᠂ | ᠵᠢᠷᠤᠮᠵᠢᠯ ᠲᠠᠢ᠂ ᠥᠨᠳᠥᠷ ᠦᠷ᠎ᠡ ᠪᠦᠲᠦᠮᠵᠢᠲᠡᠢ ᠪᠣᠯᠭᠠᠪᠠ᠃ | ︵ᠲᠠᠪᠤ︶ ᠬᠢᠨᠠᠯᠲᠠ᠂ ᠪᠠᠲᠤᠯᠠᠭᠠᠵᠢᠭᠤᠯᠤᠯᠲᠠ ᠶᠢᠨ ᠲᠤᠬᠠᠢ | ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠨᠠᠮ ᠤᠨ ᠠᠵᠢᠯ ᠤᠨ ᠵᠥᠪᠯᠡᠯ᠂ ᠬᠡᠷᠡᠭ ᠡᠷᠭᠢᠯᠡᠭᠦ | ᠭᠠᠵᠠᠷ ᠨᠢ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠠᠵᠢᠯ ᠢ ᠳᠡᠭᠡᠳᠦ | ᠬᠡᠮᠵᠢᠶ᠎ᠡ ᠪᠠᠷ ᠴᠢᠬᠤᠯᠠᠴᠢᠯᠠᠵᠤ᠂ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠶᠢ ᠴᠢᠬᠤᠯᠠ ᠠᠵᠢᠯ | ᠪᠣᠯᠭᠠᠨ ᠠᠳᠬᠤᠵᠤ᠂ ᠪᠦᠭᠦ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠤᠨ ᠺᠠᠳ᠋ᠷ ᠢ ᠬᠥᠲᠥᠯᠥᠨ | ᠵᠢᠯᠤᠭᠤᠳᠴᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠬᠠᠮᠢᠶ᠎ᠠ ᠪᠦᠬᠦᠢ ᠮᠡᠳᠡᠯᠭᠡ ᠶᠢ | ᠰᠤᠷᠤᠯᠴᠠᠭᠤᠯᠵᠤ ᠴᠢᠩᠭᠠᠳᠬᠠᠬᠤ ᠶᠢ ᠨᠢ ᠴᠢᠩᠭᠠᠳᠬᠠᠵᠤ᠂ ᠨᠠᠮ ᠤᠨ ᠪᠠᠶᠢᠭᠤᠯᠤᠯᠲᠠ ᠶᠢᠨ ᠠᠯᠪᠠᠨ ᠭᠡᠷ ᠤᠨ | ᠲᠤᠰᠬᠠᠢ ᠬᠥᠮᠥᠨ ᠢᠶᠠᠷ ᠮᠡᠳᠡᠭᠡᠯᠡᠯ ᠨᠡᠶᠢᠲᠡᠯᠡᠬᠦ ᠶᠢ ᠬᠠᠷᠢᠭᠤᠴᠠᠭᠤᠯᠵᠤ᠂ ᠪᠤᠢ ᠪᠦᠬᠦᠢ ᠠᠵᠢᠯ ᠤᠨ ᠮᠡᠳᠡᠭᠡᠯᠡᠯ ᠢ ᠴᠥᠮ | ᠭᠤᠷᠪᠠᠨ ᠤᠳᠠᠭ᠎ᠠ ᠬᠢᠨᠠᠵᠤ ᠭᠤᠷᠪᠠᠨ ᠤᠳᠠᠭ᠎ᠠ ᠬᠠᠷᠭᠤᠭᠤᠯᠬᠤ ᠳᠦᠷᠢᠮ ᠢ ᠨᠠᠶᠢᠳᠠᠪᠤᠷᠢᠵᠢᠭᠤᠯᠤᠨ᠂ ᠠᠵᠢᠯ ᠤᠨ | ᠮᠡᠳᠡᠭᠡᠯᠡᠯ ᠨᠡᠶᠢᠲᠡᠯᠡᠬᠦ ᠴᠢᠨᠠᠷ ᠴᠢᠨᠰᠠᠭ᠎ᠠ ᠶᠢ ᠦᠨᠡᠨᠬᠦ ᠪᠠᠲᠤᠯᠠᠵᠤ᠂ ᠴᠠᠭ ᠲᠤᠬᠠᠢ ᠳᠤᠨᠢ ᠣᠨᠣᠪᠴᠢᠲᠠᠢ᠂ ᠰᠠᠶᠢᠨ | ᠰᠠᠶᠢᠬᠠᠨ ᠤᠬᠠᠭᠤᠯᠭ᠎ᠠ ᠶᠢᠨ ᠪᠠᠶᠢᠳᠠᠯ ᠢ ᠪᠤᠢ ᠪᠤᠯᠭᠠᠵᠤ᠂ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ | ᠢᠯᠠ ᠲᠣᠳᠣ ᠪᠠᠶᠢᠯᠭᠠᠬᠤ ᠬᠢᠷᠢ ᠬᠡᠮᠵᠢᠶ᠎ᠡ ᠵᠢᠴᠢ ᠢᠯᠠ ᠲᠣᠳᠣ ᠪᠣᠯᠭᠠᠬᠤ ᠦᠷ᠎ᠡ ᠪᠦᠲᠦᠮᠵᠢ ᠶᠢ ᠪᠦᠭᠦ ᠲᠠᠯ᠎ᠠ ᠪᠠᠷ | ᠳᠡᠭᠡᠭᠰᠢᠯᠡᠭᠦᠯᠪᠡ᠃ | | ᠬᠤᠶᠠᠷ᠂ ᠵᠠᠰᠠᠭ ᠤᠨ ᠣᠷᠳᠣᠨ ᠤ ᠮᠡᠳᠡᠭᠡᠯᠡᠯ ᠢ ᠰᠠᠨᠠᠭᠠᠴᠢᠯᠠᠭ᠎ᠠ ᠠᠴᠠ ᠪᠠᠨ ᠢᠯᠠ ᠲᠣᠳᠣ ᠪᠣᠯᠭᠠᠬᠰᠠᠨ | ᠪᠠᠶᠢᠳᠠᠯ | ᠭᠤᠷᠪᠠ᠂ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠡᠷᠭᠦᠳᠡᠯ ᠢ | ᠭᠥᠯᠢᠶᠡᠨ ᠠᠪᠴᠤ᠂ ᠰᠢᠢᠳᠪᠦᠷᠢᠯᠡᠭᠰᠡᠨ ᠪᠠᠶᠢᠳᠠᠯ | ᠳᠥᠷᠪᠡ᠂ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠵᠠᠰᠠᠭ | ᠵᠠᠬᠢᠷᠭᠠᠨ ᠢᠶᠠᠷ ᠳᠠᠭᠢᠨ ᠵᠥᠪᠯᠡᠭᠰᠡᠨ ᠪᠣᠯᠣᠨ ᠵᠠᠰᠠᠭ ᠵᠠᠬᠢᠷᠭᠠᠨ ᠤ ᠵᠠᠷᠭᠤ ᠶᠢᠨ ᠪᠠᠶᠢᠳᠠᠯ | ᠲᠠᠪᠤ᠂ ᠣᠷᠣᠰᠢᠵᠤ ᠪᠠᠶᠢᠭ᠎ᠠ ᠭᠤᠣᠯ ᠠᠰᠠᠭᠤᠳᠠᠯ ᠵᠢᠴᠢ ᠰᠠᠶᠢᠵᠢᠷᠠᠭᠤᠯᠤᠭᠰᠠᠨ ᠪᠠᠶᠢᠳᠠᠯ | ᠣᠷᠣᠰᠢᠵᠤ ᠪᠠᠶᠢᠭ᠎ᠠ ᠠᠰᠠᠭᠤᠳᠠᠯ᠄ ᠨᠢᠭᠡ ᠳᠤ ᠵᠠᠰᠠᠭ ᠤᠨ ᠶᠠᠪᠤᠳᠠᠯ ᠢ ᠢᠯᠠ ᠲᠣᠳᠣ ᠪᠠᠶᠢᠯᠭᠠᠬᠤ ᠠᠵᠢᠯ ᠤᠨ | ᠭᠢᠯᠠᠰ ᠴᠢᠭ ᠪᠣᠯᠣᠨ ᠣᠨᠴᠠᠯᠢᠭᠲᠤ ᠠᠭᠤᠯᠭ᠎ᠠ ᠲᠤᠲᠠᠭᠳᠠᠵᠤ᠂ ᠢᠯᠠ ᠲᠣᠳᠣ ᠪᠣᠯᠭᠠᠬᠤ ᠠᠵᠢᠯ ᠤᠨ ᠭᠦᠨᠴᠡ ᠨᠢ | ᠬᠦᠷᠦᠯᠴᠡᠬᠦ ᠦᠭᠡᠢ᠂ ᠴᠢᠨᠠᠷ ᠴᠢᠨᠰᠠᠭ᠎ᠠ ᠨᠢ ᠥᠨᠳᠥᠷ ᠪᠤᠰᠤ ᠪᠠᠶᠢᠨ᠎ᠠ᠃ ᠬᠤᠶᠠᠷ ᠲᠤ ᠢᠯᠠ ᠲᠣᠳᠣ ᠪᠣᠯᠭᠠᠬᠤ | ᠠᠵᠢᠯ ᠤᠨ ᠡᠩᠨᠡᠭᠡ ᠶᠢᠨ ᠪᠦᠬᠦᠯᠢ ᠴᠣᠭᠴᠠ ᠶᠢᠨ ᠲᠤᠰᠬᠠᠶᠢᠵᠢᠯᠲᠠ᠂ ᠣᠨᠣᠯᠵᠢᠯᠲᠠ ᠶᠢᠨ ᠬᠢᠷᠢ ᠬᠡᠮᠵᠢᠶ᠎ᠡ ᠥᠨᠳᠥᠷ | ᠪᠤᠰᠤ ᠪᠠᠶᠢᠵᠤ᠂ ᠲᠥᠷᠥ ᠶᠢᠨ ᠪᠣᠳᠣᠯᠭ᠎ᠠ ᠶᠢ ᠡᠵᠡᠮᠳᠡᠬᠦ ᠴᠢᠳᠠᠪᠤᠷᠢ ᠴᠢᠩᠭ᠎ᠠ ᠪᠤᠰᠤ ᠪᠠᠶᠢᠨ᠎ᠠ᠃ | ᠬᠠᠯᠠᠨ ᠰᠠᠶᠢᠵᠢᠷᠠᠭᠤᠯᠤᠭᠰᠠᠨ ᠪᠠᠶᠢᠳᠠᠯ᠄ ᠨᠢᠭᠡ ᠳᠤ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ | ᠢᠯᠠ ᠲᠣᠳᠣ ᠪᠠᠶᠢᠯᠭᠠᠬᠤ ᠦᠵᠡᠯ ᠤᠬᠠᠮᠰᠠᠷ ᠢ ᠴᠢᠩᠭᠠᠳᠬᠠᠵᠤ᠂ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ | ᠪᠠᠶᠢᠯᠭᠠᠬᠤ ᠭᠦᠨᠴᠡ ᠶᠢᠨ ᠥᠷᠭᠡᠵᠢᠯ ᠢ ᠥᠷᠭᠡᠳᠬᠡᠨ᠎ᠡ᠃ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ | ᠲᠤᠰᠬᠠᠢ ᠪᠤᠯᠤᠩ ᠤᠨ ᠪᠠᠶᠢᠭᠤᠯᠤᠯᠲᠠ ᠶᠢ ᠴᠢᠩᠭᠠᠳᠬᠠᠵᠤ᠂ ᠴᠠᠭ ᠲᠤᠨᠢ ᠲᠣᠬᠢᠷᠠᠭᠤᠯᠤᠨ ᠬᠡᠯᠡᠯᠴᠡᠭᠡᠨ ᠶᠡᠬᠡᠲᠡᠢ | ᠠᠰᠠᠭᠤᠳᠠᠯ ᠪᠣᠯᠣᠨ ᠭᠤᠣᠯᠳᠠᠯᠭ᠎ᠠ ᠲᠠᠢ ᠠᠵᠢᠯ ᠢ ᠰᠣᠩᠭᠤᠨ ᠠᠪᠴᠤ᠂ ᠲᠤᠰᠬᠠᠢ ᠪᠤᠯᠤᠩ ᠤᠨ ᠭᠡᠯᠪᠡᠷᠢ ᠶᠢ | ᠠᠰᠢᠭᠯᠠᠨ᠂ ᠢᠯᠠ ᠲᠣᠳᠣ ᠪᠣᠯᠭᠠᠬᠤ ᠠᠭᠤᠯᠭ᠎ᠠ ᠶᠢ ᠨᠢ ᠭᠦᠨᠵᠡᠭᠡᠶᠢᠷᠡᠭᠦᠯᠬᠦ ᠬᠡᠷᠡᠭᠲᠡᠢ᠃ ᠬᠤᠶᠠᠷ ᠲᠤ᠂ | ᠤᠳᠤᠷᠢᠳᠬᠤ ᠡᠷᠴᠢᠮ ᠢᠶᠠᠨ ᠤᠯᠠᠮ ᠴᠢᠩᠭᠠᠳᠬᠠᠵᠤ᠂ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ | ᠠᠵᠢᠯ ᠢ ᠬᠦᠴᠦᠯᠡᠨ ᠠᠬᠢᠭᠤᠯᠤᠨ᠎ᠠ᠃ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ | ᠪᠠᠶᠢᠯᠭᠠᠬᠤ ᠮᠡᠳᠡᠯᠭᠡ ᠶᠢ ᠪᠦᠭᠦ ᠲᠠᠯ᠎ᠠ ᠪᠠᠷ ᠲᠦᠭᠡᠮᠡᠯᠵᠢᠭᠦᠯᠵᠦ᠂ ᠵᠠᠰᠠᠭ ᠤᠨ ᠣᠷᠳᠣᠨ ᠤ ᠨᠡᠭᠡᠭᠡᠯᠲᠡ ᠲᠠᠢ | ᠮᠡᠳᠡᠭᠡᠯᠡᠯ ᠢ ᠢᠯᠠ ᠲᠣᠳᠣ ᠪᠠᠶᠢᠯᠭᠠᠬᠤ ᠡᠯ᠎ᠡ ᠵᠦᠢᠯ ᠤᠨ ᠳᠦᠷᠢᠮ ᠢ ᠪᠦᠭᠦ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ | ᠭᠠᠵᠠᠷ ᠤᠨ ᠬᠥᠮᠥᠰ ᠲᠤ ᠣᠶᠢᠯᠠᠭᠠᠭᠤᠯᠵᠤ᠂ ᠡᠯ᠎ᠡ ᠵᠦᠢᠯ ᠤᠨ ᠳᠦᠷᠢᠮ ᠢ ᠤᠬᠠᠮᠰᠠᠷ ᠠᠴᠠ ᠪᠠᠨ ᠰᠤᠷᠤᠯᠴᠠᠨ᠂ | ᠪᠢᠴᠢᠭ ᠮᠠᠲ᠋ᠧᠷᠢᠶᠠᠯ ᠤᠨ ᠵᠣᠷᠢᠭ ᠰᠠᠨᠠᠭᠠᠨ ᠤ ᠮᠥᠨ ᠴᠢᠨᠠᠷ ᠢ ᠡᠵᠡᠮᠰᠢᠭᠦᠯᠦᠨ᠂ ᠵᠠᠰᠠᠭ ᠤᠨ ᠣᠷᠳᠣᠨ ᠤ ᠨᠡᠭᠡᠭᠡᠯᠲᠡ | ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠱᠠᠭᠠᠷᠳᠠᠯᠭ᠎ᠠ ᠶᠢ ᠡᠯ᠎ᠡ ᠵᠦᠢᠯ ᠤᠨ ᠠᠵᠢᠯ ᠳᠤ ᠠᠭᠤᠰᠬᠠᠵᠤ᠂ | ᠠᠵᠢᠯ ᠤᠨ ᠬᠢᠷᠢ ᠬᠡᠮᠵᠢᠶ᠎ᠡ ᠪᠠ ᠴᠢᠨᠠᠷ ᠴᠢᠨᠰᠠᠭ᠎ᠠ ᠶᠢ ᠨᠢ ᠳᠡᠭᠡᠭᠰᠢᠯᠡᠭᠦᠯᠦᠨ᠎ᠡ᠃ | ᠵᠢᠷᠭᠤᠭ᠎ᠠ᠂ ᠪᠤᠰᠤᠳ ᠮᠡᠳᠡᠭᠡᠯᠡᠬᠦ ᠱᠠᠭᠠᠷᠳᠠᠯᠭ᠎ᠠ ᠲᠠᠢ ᠠᠰᠠᠭᠤᠳᠠᠯ | 1. ᠮᠡᠳᠡᠭᠡᠯᠡᠯ ᠢ ᠰᠢᠢᠳᠪᠦᠷᠢᠯᠡᠬᠦ ᠰᠦᠢᠳᠬᠡᠯ ᠬᠤᠷᠢᠶᠠᠭᠰᠠᠨ ᠪᠠᠶᠢᠳᠠᠯ | ︽ᠬᠡᠪᠯᠡᠨ ᠲᠠᠷᠬᠠᠭᠠᠬᠤ ᠲᠤᠬᠠᠢ ᠲᠥᠷᠥ ᠶᠢᠨ ᠶᠠᠪᠤᠳᠠᠯ ᠤᠨ ᠬᠤᠷᠢᠶᠠᠨ ᠤ ᠠᠯᠪᠠᠨ ᠲᠢᠩᠬᠢᠮ ᠤᠨ ᠮᠡᠳᠡᠭᠳᠡᠯ︾ | ︵ᠲᠥᠷᠥ ᠠᠯᠪᠠᠨ ᠵᠠᠬᠢᠳᠠᠯ ﹇2011﹈ 30 ᠳ᠋ᠤᠭᠠᠷ ᠲᠣᠭᠠᠲᠤ︶ ᠶᠢᠨ ᠲᠣᠭᠲᠠᠭᠠᠯ ᠶᠣᠰᠣᠭᠠᠷ ᠪᠢᠴᠢᠭ | ᠮᠠᠲ᠋ᠧᠷᠢᠶᠠᠯ᠂ ᠲᠤᠭ᠎ᠠ ᠬᠡᠮᠵᠢᠶ᠎ᠡ ᠶᠣᠰᠣᠭᠠᠷ ᠰᠦᠢᠳᠬᠡᠯ ᠬᠤᠷᠢᠶᠠᠬᠤ ᠪᠠᠷᠢᠮᠵᠢᠶ᠎ᠠ ᠶᠣᠰᠣᠭᠠᠷ᠂ ᠲᠤᠰ ᠵᠢᠯ ᠳᠤ | ᠮᠡᠳᠡᠭᠡᠯᠡᠯ ᠢ ᠨᠡᠭᠡᠭᠡᠯᠲᠡ ᠲᠠᠢ ᠪᠣᠯᠭᠠᠬᠤ ᠲᠠᠢ ᠬᠤᠯᠪᠣᠭᠳᠠᠬᠤ ᠬᠤᠷᠢᠶᠠᠮᠵᠢ ᠠᠪᠤᠭ᠎ᠠ ᠦᠭᠡᠢ᠃ | 2. ᠣᠨ ᠤ ᠠᠵᠢᠯ ᠤᠨ ᠭᠤᠣᠯᠳᠠᠯᠭ᠎ᠠ ᠶᠢ ᠨᠠᠶᠢᠳᠠᠪᠤᠷᠢᠵᠢᠭᠤᠯᠤᠭᠰᠠᠨ ᠪᠠᠶᠢᠳᠠᠯ | 2024 ᠣᠨ ᠤ ᠠᠯᠠᠱᠠ ᠵᠡᠭᠦᠨ ᠬᠤᠰᠢᠭᠤᠨ ᠤ ᠰᠢᠨᠬᠤᠸᠠ ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ | ᠭᠠᠵᠠᠷ ᠤᠨ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠠᠵᠢᠯ ᠤᠨ | ᠭᠤᠣᠯᠳᠠᠯᠭ᠎ᠠ ᠶᠢ ᠴᠢᠩᠭ᠎ᠠ ᠵᠢᠷᠤᠮᠯᠠᠨ᠂ ᠲᠤᠭ᠎ᠠ ᠪᠦᠷᠢᠳᠬᠡᠯ ᠤᠨ ᠠᠵᠢᠯ ᠤᠨ ᠭᠤᠣᠯᠳᠠᠯᠭ᠎ᠠ ᠲᠠᠢ ᠡᠭᠦᠷᠭᠡ ᠶᠢᠨ | ᠲᠣᠭᠤᠷᠢᠨ ᠳᠤ᠂ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ ᠪᠠᠶᠢᠯᠭᠠᠬᠤ ᠠᠵᠢᠯ ᠢ ᠪᠦᠭᠦ | ᠲᠠᠯ᠎ᠠ ᠪᠠᠷ ᠠᠬᠢᠭᠤᠯᠵᠤ᠂ ᠢᠯᠠ ᠲᠣᠳᠣ ᠪᠣᠯᠭᠠᠬᠤ ᠠᠭᠤᠯᠭ᠎ᠠ ᠶᠢ ᠪᠠᠶᠠᠯᠢᠭᠵᠢᠭᠤᠯᠤᠨ᠂ ᠢᠯᠠ ᠲᠣᠳᠣ ᠪᠣᠯᠭᠠᠬᠤ | ᠠᠷᠭ᠎ᠠ ᠵᠠᠮ ᠢ ᠥᠷᠭᠡᠳᠬᠡᠵᠦ᠂ ᠢᠯᠠ ᠲᠣᠳᠣ ᠪᠣᠯᠭᠠᠬᠤ ᠭᠡᠯᠪᠡᠷᠢ ᠶᠢ ᠰᠢᠨ᠎ᠡ ᠪᠠᠷ ᠡᠭᠦᠳᠴᠦ᠂ ᠢᠳᠡᠪᠬᠢᠲᠡᠢ ᠪᠠᠷ | ᠨᠡᠶᠢᠭᠡᠮ ᠨᠡᠶᠢᠲᠡ ᠳᠤ ᠤᠯᠠᠮᠵᠢᠯᠠᠯᠲᠤ ᠦᠷ᠎ᠡ ᠪᠦᠲᠦᠭᠡᠯ ᠢ ᠤᠬᠠᠭᠤᠯᠤᠨ᠂ ᠳᠠᠭᠠᠭᠠᠴᠢᠯᠠᠯᠲᠠ ᠵᠠᠷᠯᠠᠬᠤ ᠳᠤ | ᠬᠠᠨᠳᠤᠭᠤᠯᠤᠭᠰᠠᠨ ᠬᠦᠰᠦᠨᠦᠭ ᠯᠦᠭᠡ ᠵᠠᠰᠠᠭ ᠤᠨ ᠣᠷᠳᠣᠨ ᠤ ᠨᠡᠭᠡᠭᠡᠯᠲᠡ ᠲᠠᠢ ᠮᠡᠳᠡᠭᠡᠯᠡᠯ ᠢ ᠢᠯᠠ ᠲᠣᠳᠣ | ᠪᠠᠶᠢᠯᠭᠠᠬᠤ ᠡᠯ᠎ᠡ ᠵᠦᠢᠯ ᠤᠨ ᠡᠭᠦᠷᠭᠡ ᠶᠢ ᠪᠡᠶᠡᠯᠡᠭᠦᠯᠵᠡᠢ᠃ | | |