ᠠᠯᠠᠱᠠ ᠠᠭᠤᠯᠠᠨ᠎ᠠ ᠬᠠᠭᠤᠴᠢ ᠬᠠᠶᠢᠭᠰᠠᠨ ᠲᠡᠮᠳᠡᠭᠯᠡᠯ ︵ᠭᠤᠷᠪᠠ︶
ᠨᠡᠶᠢᠲᠡᠯᠡᠭᠰᠡᠨ ᠴᠠᠭ᠄
2024/12/31
                                              ● ᠮᠠᠤ ᠲᠦᠮᠡᠨ              ᠪᠢᠳᠠᠨ ᠢ ᠠᠭᠤᠯᠠᠨ ᠠᠴᠠ ᠪᠠᠭᠤᠬᠤ ᠳᠤ ᠣᠷᠣᠢ ᠶᠢᠨ ᠨᠠᠷᠠᠨ ᠲᠡᠭᠷᠢ ᠡᠯᠡᠰᠦᠨ ᠤ ᠴᠠᠭᠠᠭᠤᠷ ᠲᠤᠯᠤᠩ ᠲᠠᠲᠠᠭᠤᠯᠤᠨ ᠰᠢᠩᠭᠡᠯ᠎ᠡ᠃ ᠬᠡᠳᠦᠭᠦᠯᠡ ᠪᠠᠨ ᠡᠳᠦᠷ ᠤᠨ ᠪᠡᠯᠡᠳᠦᠭᠰᠡᠨ ᠬᠤᠭᠤᠯᠠ ᠬᠦᠨᠡᠰᠦ ᠪᠠᠨ ᠭᠠᠷᠭᠠᠭᠠᠳ ᠮᠠᠰᠢᠨ ᠲᠡᠷᠭᠡᠨ ᠳᠡᠭᠡᠷ᠎ᠡ ᠪᠠᠨ ᠳᠥᠭᠦᠮᠬᠡᠨ ᠬᠤᠭᠤᠯᠠᠯᠠᠨ ᠵᠣᠭᠤᠭᠳᠠᠵᠤ ᠪᠠᠶᠢᠲᠠᠯ᠎ᠠ ︽ᠳᠠᠯᠠᠩ ᠤᠨ ᠬᠤᠷᠤᠭ᠎ᠠ ᠶᠢᠨ ᠣᠷᠣᠢ ᠳᠠᠬᠢ ᠬᠠᠳᠠᠨ ᠳᠡᠭᠡᠷ᠎ᠡ ᠨᠢᠭᠡ ᠰᠡᠶᠢᠯᠦᠮᠡᠯ ᠪᠠᠶᠢᠳᠠᠭ ᠪᠥᠭᠡᠳ ᠳᠡᠭᠡᠷ᠎ᠡ ᠵᠠᠭᠤᠨ ᠤ ᠳᠤᠮᠳᠠᠴᠢ ᠦᠶ᠎ᠡ ᠪᠤᠯᠳᠠᠯ᠎ᠠ ᠲᠤᠰᠬᠠᠢ ᠬᠥᠮᠥᠨ ᠬᠠᠷᠢᠭᠤᠴᠠᠨ ᠳᠠᠭᠢᠵᠤ ᠪᠠᠶᠢᠭᠰᠠᠨ ᠮᠠᠶ᠋ᠢᠭᠲᠠᠢ︾ ᠭᠡᠬᠦ ᠡᠷᠳᠡᠨᠢᠬᠦᠦ ᠭᠤᠸᠠᠢ ᠶᠢᠨ ᠶᠠᠷᠢᠶ᠎ᠠ ᠤᠯᠠᠨ ᠤ ᠰᠣᠨᠢᠷᠬᠠᠯ ᠢ ᠲᠠᠲᠠᠵᠤ᠂ ᠬᠡᠯᠡᠯᠴᠡᠵᠦ ᠵᠥᠪᠯᠡᠯᠳᠦᠭᠰᠡᠨ ᠤ ᠳ᠋ᠦᠩ ᠳᠤ ᠮᠠᠷᠭᠠᠰᠢ ᠥᠷᠯᠥᠭᠡ ᠳᠠᠯᠠᠩ ᠤᠨ ᠬᠤᠷᠤᠭ᠎ᠠ ᠳᠤ ᠭᠠᠷᠬᠤ ᠪᠠᠷ ᠲᠣᠭᠲᠠᠪᠠ᠃              ᠵᠠᠮ ᠨᠡᠯᠢᠶᠡᠳ ᠬᠤᠯᠠ ᠮᠥᠷᠲᠡᠭᠡᠨ ᠪᠠᠷᠳᠠᠭ᠎ᠠ ᠲᠠᠢ ᠪᠠᠶᠢᠬᠤ ᠶᠢ ᠣᠶᠢᠯᠠᠭᠠᠭᠠᠳ ᠪᠢᠳᠠ ᠳᠠᠷᠠᠭ᠎ᠠ ᠡᠳᠦᠷ ᠤᠨ ᠬᠢᠨᠢ ᠦᠦᠷ ᠢᠶᠠᠷ ᠪᠣᠯᠵᠣᠨ ᠴᠤᠭᠯᠠᠷᠠᠭᠠᠳ ᠠᠶᠠᠨ ᠳᠠᠭᠠᠨ ᠮᠣᠷᠳᠠᠯ᠎ᠠ᠃ ᠳᠠᠯᠠᠩ ᠤᠨ ᠬᠤᠷᠤᠭ᠎ᠠ ᠳᠤ ᠭᠠᠷᠬᠤ ᠳᠤ ᠰᠢᠷ᠎ᠠ ᠬᠥᠲᠥᠯ ᠤᠨ ᠬᠤᠶᠢᠲᠤ ᠲᠠᠯ᠎ᠠ ᠶᠢᠨ ᠠᠭᠤᠯᠠᠨ ᠣᠷᠣᠢ ᠪᠠᠷ ᠳᠠᠪᠠᠭ᠋ᠤ ᠲᠤᠯᠠ ᠪᠢᠳᠠᠨ ᠤ ᠮᠠᠰᠢᠨ ᠪᠠᠶᠠᠨᠬᠤᠲᠠ ᠠᠴᠠ ᠭᠠᠷᠴᠤ ᠵᠡᠭᠦᠨ ᠡᠮᠦᠨᠡᠰᠢ ᠴᠢᠭᠯᠡᠯ᠎ᠡ᠃              ᠠᠯᠠᠱᠠ ᠠᠭᠤᠯᠠᠨ ᠤ ᠳᠤᠮᠳᠠ ᠬᠡᠰᠡᠭ ᠤᠨ ᠪᠠᠷᠠᠭᠤᠨ ᠬᠢᠷ᠎ᠠ ᠳᠤ ᠪᠠᠶᠢᠷᠢᠯᠠᠭ᠎ᠠ ᠰᠢᠷ᠎ᠠ ᠬᠥᠲᠥᠯ ᠭᠡᠪᠡᠯ ᠨᠡᠯᠢᠶᠡᠳ ᠨᠠᠰᠤ ᠶᠠᠪᠤᠭᠰᠠᠨ ᠨᠤᠲᠤᠭ ᠤᠨ ᠪᠤᠭᠤᠷᠤᠯᠴᠤᠳ ᠪᠠᠷᠤᠭ ᠪᠦᠷ ᠮᠡᠳᠡᠬᠦ ᠶᠤᠮ᠃ ᠬᠢᠲᠠᠳ ᠢᠶᠠᠷ ᠹᠠᠨ ᠵᠢᠶᠠ ᠶᠢᠩᠽᠢ ᠭᠡᠬᠦ ᠡᠨᠡ ᠭᠠᠵᠠᠷ ᠨᠢ ᠥᠩᠭᠡᠷᠡᠭᠰᠡᠨ ᠳᠤ ᠠᠯᠠᠱᠠ ᠪᠣᠯᠣᠨ ᠢᠷᠭᠠᠢ ᠶᠢ ᠬᠤᠯᠪᠣᠭᠰᠠᠨ ᠳᠥᠲᠡ ᠵᠠᠮ ᠳᠠᠬᠢ ᠮᠠᠰᠢ ᠴᠢᠬᠤᠯᠠ ᠨᠢᠭᠡᠨ ᠬᠠᠷᠠᠭᠤᠯ ᠤᠨ ᠭᠠᠵᠠᠷ ᠪᠢᠯᠡ᠃ ᠰᠢᠷ᠎ᠠ ᠬᠥᠲᠥᠯ ᠨᠢ ᠪᠠᠶᠠᠨᠬᠤᠲᠠ ᠠᠴᠠ ᠵᠡᠭᠦᠨ ᠡᠮᠦᠨᠡᠰᠢ 22 ᠺᠢᠯᠣᠮᠧᠲᠷ ᠤᠨ ᠵᠠᠢ ᠳᠤ ᠪᠠᠶᠢᠷᠢᠰᠢᠵᠤ᠂ ᠡ᠊ᠨᠳᠡ ᠠᠴᠠ ᠵᠡᠭᠦᠨᠰᠢᠬᠢ ᠠᠭᠤᠯᠠᠨ ᠵᠢᠯᠠᠭ᠎ᠠ ᠶᠢ ᠳᠠᠭᠠᠵᠤ ᠶᠠᠪᠤᠭᠰᠠᠭᠠᠷ ᠪᠠᠶᠢᠭᠠᠳ ᠠᠯᠠᠱᠠ ᠠᠭᠤᠯᠠᠨ ᠤ ᠵᠡᠭᠦᠨ ᠬᠢᠷ᠎ᠠ ᠳᠠᠬᠢ ᠰᠦ᠋ ᠢᠦᠢ ᠺᠧᠦ ᠭᠡᠬᠦ ᠠᠭᠤᠯᠠᠨ ᠠᠮᠠ ᠪᠠᠷ ᠭᠠᠷᠪᠠᠯ ᠳᠠᠷᠤᠢ ᠢᠷᠭᠠᠢ ᠬᠤᠲᠠᠨ᠎ᠠ ᠭᠦᠷᠦᠨ᠎ᠡ᠃ ᠴᠢᠯᠦᠭᠡᠯᠡᠬᠦ ᠠᠴᠠ ᠡᠮᠦᠨ᠎ᠡ ᠡᠨᠡ ᠬᠤᠭᠤᠷᠣᠨᠳᠤᠭᠤᠷ ᠲᠦᠭᠦᠮ ᠵᠠᠮ ᠵᠠᠰᠠᠵᠤ᠂ ᠮᠣᠷᠢ ᠤᠨᠤᠭ᠎ᠠ ᠪᠠᠷ ᠨᠠᠭᠠᠰᠢ ᠴᠠᠭᠠᠰᠢ ᠶᠠᠪᠤᠳᠠᠭ ᠪᠠᠶᠢᠭᠰᠠᠨ ᠪᠥᠭᠡᠳ ᠵᠢᠵᠢᠭ ᠮᠠᠰᠢᠨ ᠲᠡᠷᠭᠡ ᠴᠤ ᠨᠡᠪᠳᠡᠷᠡᠵᠤ ᠪᠤᠯᠳᠠᠭ ᠪᠠᠶᠢᠵᠠᠢ᠃ ᠹᠠᠨ ᠵᠢᠶᠠ ᠶᠢᠩᠽᠢ ︵ᠹᠠᠨ ᠣᠪᠣᠭᠲᠤ ᠶᠢᠨ ᠬᠤᠸᠠᠷᠠᠨ︶ ᠭᠡᠬᠦ ᠬᠢᠲᠠᠳ ᠨᠡᠷᠡᠶᠢᠳᠦᠯ ᠨᠢ ᠦᠯᠢᠭᠡᠷ ᠪᠢᠴᠢᠭ ᠲᠤ ᠭᠠᠷᠳᠠᠭ ᠲᠡᠩ ᠤᠯᠤᠰ ᠤᠨ ᠦᠶ᠎ᠡ ᠶᠢᠨ ᠡᠮᠡᠭᠲᠡᠢ ᠪᠠᠭᠠᠲᠤᠷ ᠹᠠᠨ ᠯᠢ ᠬᠤᠸᠠ ᠬᠡᠮᠡᠭᠴᠢ ᠲᠠᠢ ᠬᠤᠯᠪᠤᠭ᠎ᠠ ᠲᠠᠢ ᠠᠵᠢ᠃ ᠦᠯᠢᠭᠡᠷ ᠲᠤᠮᠤᠭ ᠠᠴᠠ ᠬᠡᠶᠢᠰᠪᠦᠷᠢᠯᠡᠭᠰᠡᠨ ᠵᠣᠬᠢᠶᠠᠮᠠᠯ ᠳᠦᠷᠢ ᠪᠤᠯᠬᠤ ᠹᠠᠨ ᠯᠢ ᠬᠤᠸᠠ  ᠨᠢ ᠰᠦᠢ ᠲᠠᠩ ᠤᠯᠤᠰ ᠤᠨ ᠦᠯᠢᠭᠡᠷ ᠲᠡᠦᠬᠡ ᠪᠠᠷ ᠰᠡᠳᠦᠪᠯᠡᠭᠰᠡᠨ ︽ᠲᠠᠩ ᠢ ᠥᠭᠦᠯᠡᠬᠦᠢ︾᠂ ︽ᠰᠢᠤᠸᠠᠢ ᠣᠪᠣᠭᠲᠤ ᠶᠢᠨ ᠵᠠᠩᠵᠤᠳ︾ ᠵᠡᠷᠭᠡ ᠦᠯᠢᠭᠡᠷ ᠤᠳ ᠤᠨ ᠭᠤᠣᠯ ᠪᠠᠭᠠᠲᠤᠷ ᠤᠨ ᠨᠢᠭᠡ ᠨᠢ ᠪᠥᠭᠡᠳ ᠬᠤᠸᠠ ᠮᠦ ᠯᠠᠨ ᠂ ᠮᠦ ᠭᠦᠢ ᠶᠢᠩ᠂ ᠯᠢᠶᠠᠩ ᠬᠤᠨᠭ᠌ ᠢᠦᠢ ᠯᠦᠭᠡ ᠬᠠᠮᠲᠤ ᠪᠠᠷ ᠳᠤᠮᠳᠠᠳᠤ ᠤᠯᠤᠰ ᠤᠨ ᠡᠷᠲᠡᠨ ᠤ ᠲᠦᠷᠪᠡᠨ ᠡᠮᠡᠭᠲᠡᠢ ᠪᠠᠭᠠᠲᠤᠷ ᠭᠡᠭᠳᠡᠵᠦ᠂ ᠰᠢ ᠵᠦᠴᠦᠭᠡ᠂ ᠦᠯᠢᠭᠡᠷ ᠬᠤᠯᠪᠤᠭ᠎ᠠ ᠳᠤ ᠠᠷᠪᠢᠨ ᠢᠯᠡᠷᠡᠳᠡᠭ᠃ ᠦᠯᠢᠭᠡᠷ ᠶᠠᠷᠢᠶᠠᠨ ᠳᠤ ᠳᠡᠷᠡ ᠪᠠᠷ ᠲᠠᠩ ᠤᠯᠤᠰ ᠤᠨ ᠡᠬᠢᠨ ᠤ ᠦᠶ᠎ᠡ ᠪᠠᠷ ᠪᠠᠷᠠᠭᠤᠨ ᠯᠢᠶᠠᠩ ᠤᠯᠤᠰ ᠢ ᠳᠠᠶᠢᠯᠠᠬᠤ ᠵᠠᠭᠤᠷ᠎ᠠ ᠪᠠᠨ ᠰᠢᠷ᠎ᠠ ᠬᠥᠲᠥᠯ ᠤᠨ ᠣᠷᠴᠢᠮ ᠬᠤᠸᠠᠷᠠᠨ ᠪᠠᠶᠢᠭᠤᠯᠵᠤ ᠴᠡᠷᠢᠭ ᠪᠠᠭᠤᠳᠠᠯᠯᠠᠵᠤ ᠪᠠᠶᠢᠭᠰᠠᠨ ᠠᠴᠠ ᠹᠠᠨ ᠵᠢᠶᠠ ᠶᠢᠩᠽᠢ ᠬᠡᠮᠡᠨ ᠨᠡᠷᠡᠯᠡᠭᠰᠡᠨ ᠭᠡᠨ᠎ᠡ᠃ ᠰᠢᠷ᠎ᠠ ᠬᠥᠲᠥᠯ ᠭᠦᠷᠦᠭᠡᠳ ᠪᠢᠳᠠ ᠭᠤᠣᠯ ᠥᠭᠰᠥᠨ ᠬᠡᠰᠡᠭ ᠶᠠᠪᠤᠭᠠᠳ ᠳᠠᠭᠢᠨ ᠬᠤᠶᠢᠰᠢ ᠪᠠᠨ ᠡᠷᠭᠢᠵᠦ ᠭᠤᠣᠯ ᠤᠨ ᠬᠤᠶᠢᠲᠤ ᠲᠠᠯ᠎ᠠ ᠶᠢᠨ ᠰᠢᠯᠢ ᠠᠳᠠᠷᠭ᠎ᠠ ᠥᠭᠡᠳᠡ ᠳᠠᠪᠠᠭ᠋ᠤ ᠪᠣᠯᠣᠯ᠎ᠠ᠃ ᠰᠢᠷ᠎ᠠ ᠬᠥᠲᠥᠯ ᠤᠨ ᠪᠠᠷᠠᠭᠤᠨᠳᠡᠬᠢ ᠡᠨᠡ ᠭᠤᠣᠯ ᠪᠣᠯ ᠼᠤᠤ ᠳ᠋ᠦᠩ ᡁᠢ ᠨᠥᠬᠦᠷ ᠤᠨ ᠪᠡᠶ᠎ᠡ ᠦᠷᠡᠭᠳᠡᠭᠰᠡᠨ ᠭᠠᠵᠠᠷ ᠶᠤᠮ᠃ 1950 ᠣᠨ ᠤ 7 ᠰᠠᠷ᠎ᠠ ᠶᠢᠨ 31 ᠤ ᠥᠷᠯᠥᠭᠡ᠂ ᠢᠷᠭᠠᠢ ᠳᠤ ᠬᠤᠷᠠᠯ ᠳᠤ ᠣᠷᠣᠯᠴᠠᠭᠠᠳ ᠳ᠋ᠢᠩ ᠶᠤᠸᠠᠨ ᠶᠢᠩ ︵ᠤᠳᠤ ᠶᠢᠨ ᠪᠠᠶᠠᠨᠬᠤᠲᠠ︶ ᠵᠦᠭ ᠪᠤᠴᠠᠵᠤ ᠪᠠᠶᠢᠭᠰᠠᠨ ᠠᠯᠠᠱᠠ ᠬᠤᠰᠢᠭᠤᠨ ᠤ ᠨᠠᠮ ᠤᠨ ᠠᠵᠢᠯᠯᠠᠬᠤ ᠬᠤᠷᠢᠶᠠᠨ ᠤ ᠱᠦᠵᠢ ᠼᠤᠤ ᠳ᠋ᠦᠩ ᡁᠢ ᠨᠥᠬᠦᠷ ᠬᠤᠶᠠᠷ ᠬᠠᠮᠠᠭᠠᠯᠠᠭᠴᠢ ᠶᠠᠩ ᠸᠠᠨ ᠱᠠᠨ᠂ ᠵᠠᠩ ᠶᠦᠡᠭ ᠰᠢᠶᠠᠩ ᠲᠠᠢ ᠰᠢᠷ᠎ᠠ ᠬᠥᠲᠥᠯ ᠤᠨ ᠬᠠᠷᠠᠭᠤᠯ ᠢᠶᠠᠷ ᠥᠩᠭᠡᠷᠡᠬᠦ ᠦᠶᠡᠰ ᠳᠡᠭᠡᠷᠡᠮ ᠤᠨ ᠪᠦᠭᠬᠦᠯᠲᠡ ᠳᠤ ᠤᠴᠠᠷᠠᠵᠤ᠂ ᠬᠡᠳᠦᠶᠢᠪᠡᠷ ᠡᠷᠡᠯᠬᠡᠭ ᠪᠠᠭᠠᠲᠤᠷᠯᠢᠭ ᠢᠶᠠᠷ ᠲᠤᠯᠤᠯᠳᠤᠭᠰᠠᠨ ᠪᠤᠯᠪᠠᠴᠤ ᠬᠦᠴᠦᠨ ᠮᠡᠬᠦᠰᠳᠡᠵᠦ ᠭᠤᠷᠪᠠᠭᠤᠯᠠ ᠪᠠᠨ ᠪᠡᠶ᠎ᠡ ᠦᠷᠡᠭᠳᠡᠵᠡᠢ᠃ ᠲᠤᠬᠠᠢ ᠶᠢᠨ ᠦᠶ᠎ᠡ ᠳᠤ ᠼᠤᠤ ᠳ᠋ᠦᠩ ᡁᠢ 44 ᠨᠠᠰᠤᠲᠠᠢ᠂ ᠬᠤᠶᠠᠷ ᠬᠠᠮᠠᠭᠠᠯᠠᠭᠴᠢ ᠨᠢ ᠳᠥᠩᠭᠡᠵᠢ ᠬᠤᠷᠢᠨ ᠬᠡᠳᠦᠲᠡᠢ ᠯᠡ ᠪᠠᠶᠢᠵᠤ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠠᠳ ᠵᠢᠯ ᠪᠣᠯᠣᠭᠠᠳᠤᠢ ᠪᠠᠶᠢᠬᠤ ᠳᠤ ᠢᠳᠡᠷ ᠵᠠᠯᠠᠭᠤ ᠨᠠᠰᠤ ᠪᠠᠨ ᠬᠤᠪᠢᠰᠬᠠᠯ ᠤᠨ ᠦᠢᠯᠡᠰ ᠲᠤ ᠵᠣᠷᠢᠭᠤᠯᠤᠭᠰᠠᠨ ᠪᠢᠯᠡ᠃              ᠠᠶᠠᠨ ᠤ ᠬᠡᠳᠦᠭᠦᠯᠡ ᠪᠠᠨ ᠦᠷᠡᠭᠳᠡᠭᠰᠡᠨ ᠪᠠᠭᠠᠲᠤᠷ ᠤᠨ ᠦᠢᠯᠡ ᠶᠠᠪᠤᠳᠠᠯ ᠢ ᠳᠤᠷᠠᠳᠬᠠᠨ ᠥᠭᠦᠯᠡᠵᠦ ᠶᠠᠪᠤᠲᠠᠯ᠎ᠠ ᠨᠢᠭᠡ ᠮᠡᠳᠡᠬᠦ ᠳᠤ ᠠᠭᠤᠯᠠᠨ ᠳᠣᠣᠷ᠎ᠠ ᠬᠦᠷᠴᠦ᠂ ᠪᠢᠳᠠ ᠶᠠᠪᠠᠭᠠᠨ ᠢᠶᠠᠷ ᠶᠠᠪᠤᠬᠤ ᠪᠣᠯᠣᠯ᠎ᠠ᠃ ᠬᠤᠶᠠᠷ ᠲᠡᠷᠭᠡᠨ ᠤ ᠨᠠᠢᠮᠠᠨ ᠬᠥᠮᠥᠨ ᠲᠤᠨᠤᠭ ᠲᠥᠬᠦᠭᠡᠷᠦᠮᠵᠢ᠂ ᠢᠳᠡᠰᠢ ᠤᠤᠭᠤᠰᠢ ᠪᠠᠨ ᠬᠤᠪᠢᠶᠠᠯᠴᠠᠨ ᠡᠭᠦᠷᠦᠭᠡᠳ ᠠᠭᠤᠯᠠ ᠥᠭᠡᠳᠡ ᠮᠠᠴᠤᠵᠤ ᠡᠬᠢᠯᠡᠯ᠎ᠡ᠃ ᠪᠦᠷᠬᠦᠭ ᠰᠢᠭ ᠪᠠᠶᠢᠭᠰᠠᠨ ᠪᠣᠯᠬᠤᠷ ᠠᠭᠤᠷ ᠠᠮᠢᠰᠬᠤᠯ ᠮᠠᠰᠢ ᠰᠡᠷᠢᠭᠦᠨ ᠲᠠᠭᠠᠯᠠᠮᠵᠢᠲᠠᠢ᠂ ᠮᠠᠨᠠᠨ ᠪᠤᠳᠠᠩ ᠠᠭᠤᠯᠠᠨ ᠲᠣᠯᠣᠭᠠᠢ ᠪᠠᠷ ᠣᠷᠢᠶᠠᠯᠳᠤᠨ ᠤᠨᠢᠶᠠᠷᠲᠤᠵᠤ ᠪᠠᠶᠢᠭᠰᠠᠨ ᠢᠶᠠᠨ ᠨᠢᠭᠡ ᠮᠡᠳᠡᠬᠦᠯ᠎ᠡ ᠡᠭᠦᠯᠡ ᠭᠠᠵᠠᠷᠳᠠᠵᠤ ᠴᠢᠭᠢᠭᠯᠢᠭ ᠵᠢᠪᠠᠷ ᠨᠢᠭᠤᠷ ᠬᠠᠴᠠᠷ ᠢ ᠢᠯᠪᠢᠨ ᠠᠭᠤᠰᠬᠢ ᠨᠡᠪᠲᠡᠯᠦᠨ ᠰᠡᠩᠭᠢᠨᠡᠨ᠎ᠡ᠃ ᠭᠠᠵᠠᠷ ᠤᠨ ᠪᠠᠶᠢᠴᠠ ᠳᠡᠭᠡᠭᠰᠢᠯᠡᠬᠦ ᠶᠢ ᠳᠠᠭᠠᠯᠳᠤᠨ ᠪᠤᠳᠠ ᠪᠤᠳᠠᠷᠭᠠᠨ᠎ᠠ᠂ ᠳᠥᠩᠭᠡ ᠳᠡᠷᠡᠰᠤ ᠪᠠᠷ ᠭᠤᠣᠯᠯᠠᠵᠤ ᠪᠠᠶᠢᠭᠰᠠᠨ ᠤᠷᠭᠤᠮᠠᠯ ᠪᠦᠷᠬᠦᠴᠡ ᠨᠢ ᠬᠠᠶᠢᠯᠠᠰᠤ᠂ ᠤᠯᠢᠶᠠᠰᠤ᠂ ᠬᠠᠲᠠᠭᠤ ᠬᠠᠷ᠎ᠠ᠂ ᠠᠯᠠᠱᠠ ᠠᠭᠢᠷ᠂ ᠠᠷᠴᠠ᠂ ᠬᠠᠷᠭᠠᠢ ᠵᠡᠷᠭᠡ ᠪᠤᠲᠠᠯᠢᠭ ᠮᠣᠳᠣ᠂ ᠲᠤᠷᠤᠭ ᠮᠣᠳᠣ ᠪᠠᠷ ᠣᠷᠤᠯᠠᠭᠤᠯᠤᠭᠳᠠᠵᠤ ᠡᠬᠢᠯᠡᠯ᠎ᠡ᠃ ᠪᠢᠳᠠ ᠶᠠᠭ ᠯᠡ ᠡᠭᠦᠯᠡ ᠮᠠᠨᠠᠨ ᠳᠤᠮᠳᠠᠬᠢ ᠭᠠᠨᠳᠠᠷᠢᠰᠦᠨ ᠣᠷᠣᠨ ᠳᠤ ᠪᠠᠶᠢᠭ᠎ᠠ ᠡᠴᠢᠨ᠎ᠡ ᠰᠠᠶᠢᠬᠠᠨ ᠲᠥᠷᠥᠭᠳᠡᠯ ᠳᠡᠭᠡᠨ ᠰᠣᠭᠲᠣᠭᠤᠷᠠᠵᠤ ᠪᠠᠶᠢᠲᠠᠯ᠎ᠠ᠂ ᠬᠠᠮᠤᠭ ᠲᠦᠷᠦᠭᠦᠨ ᠳᠤ ᠶᠠᠪᠤᠵᠤ ᠪᠠᠶᠢᠭᠰᠠᠨ ᠵᠠᠮᠴᠢ ᠡᠷᠳᠡᠨᠢᠬᠦᠦ ᠭᠤᠸᠠᠢ ᠬᠠᠷᠢᠨ ᠠᠭᠤᠯᠠ ᠤᠷᠤᠭᠤ ᠵᠢᠭᠠᠵᠤ ︽ᠪᠤᠭᠤ︕︾ ᠭᠡᠵᠦ ᠬᠠᠰᠬᠢᠷᠬᠤᠯᠠᠷ᠂ ᠬᠤᠶᠢᠰᠢ ᠪᠠᠨ ᠡᠷᠭᠢᠵᠦ ᠬᠠᠷᠠᠬᠤ ᠳᠤ ᠳᠥᠷᠪᠡ ᠲᠠᠪᠤᠨ ᠮᠠᠷᠠᠯ ᠪᠢᠳᠠᠨ ᠤ ᠰᠠᠶ᠋ᠢ ᠶᠢᠨ ᠥᠭᠰᠥᠵᠦ ᠢᠷᠡᠭᠰᠡᠨ ᠭᠤᠣᠯ ᠤᠨ ᠡᠮᠦᠨ᠎ᠡ ᠲᠠᠯ᠎ᠠ ᠶᠢᠨ ᠰᠢᠯᠢ ᠥᠭᠡᠳᠡ ᠢᠳᠡᠰᠢᠯᠡᠵᠦ ᠶᠠᠪᠤᠨ᠎ᠠ᠃ ᠪᠢᠳᠠᠨ ᠤ ᠴᠢᠮᠡᠭᠡ ᠪᠠᠷ ᠬᠡᠳᠦᠨ ᠮᠠᠷᠠᠯ ᠲᠣᠯᠣᠭᠠᠢ ᠥᠨᠳᠡᠶᠢᠨ ᠴᠢᠬᠢ ᠪᠠᠨ ᠰᠡᠷᠲᠡᠯᠵᠡᠭᠦᠯᠦᠨ ᠨᠠᠭᠠᠰᠢ ᠴᠠᠭᠠᠰᠢ ᠰᠡᠷᠡᠮᠵᠢᠲᠡᠶᠢᠬᠡᠨ ᠠᠵᠢᠭᠯᠠᠵᠤ ᠵᠣᠭᠰᠣᠭᠰᠠᠨ ᠢᠶᠠᠨ ᠭᠡᠨᠡᠳᠲᠡ ᠶᠠᠭᠤ ᠨᠢᠭᠡ ᠠᠴᠠ ᠦᠷᠭᠦᠨ ᠰᠣᠴᠢᠭᠰᠠᠨ ᠮᠡᠲᠦ ᠲᠦᠷᠪᠡᠨ ᠳᠠᠪᠬᠢᠵᠤ᠂ ᠴᠠᠭᠠᠨ ᠬᠤᠩᠭᠤ ᠭᠢᠯᠠᠯᠵᠠᠭᠤᠯᠤᠭᠰᠠᠭᠠᠷ ᠰᠢᠯᠢ ᠳᠠᠪᠠᠨ ᠪᠠᠷ᠎ᠠ ᠠᠯᠳᠠᠷᠠᠵᠤ ᠣᠳᠪᠠ᠃ ᠡᠨᠡ ᠪᠦᠭᠦᠨ ᠢ ᠮᠡᠯᠡᠷᠡᠨ ᠭᠠᠶᠢᠬᠠᠭᠰᠠᠨ ᠠᠴᠠ ᠪᠢᠰᠢ ᠵᠢᠷᠤᠭᠯᠠᠨ ᠰᠡᠭᠦᠳᠡᠷᠯᠡᠵᠦ ᠰᠢᠩᠭᠡᠭᠡᠬᠦ ᠤᠬᠠᠭ᠎ᠠ ᠣᠷᠣᠭᠰᠠᠨ ᠨᠢ ᠨᠢᠭᠡ ᠴᠤ ᠠᠯᠠᠭ᠎ᠠ ᠪᠠᠶᠢᠯ᠎ᠠ᠃              ᠮᠢᠨᠤ ᠣᠶᠢᠯᠠᠭᠠᠭᠰᠠᠨ ᠢᠶᠠᠷ᠂ ᠠᠯᠠᠱᠠ ᠠᠭᠤᠯᠠᠨ ᠤ ᠠᠮᠢᠳᠠᠨ ᠤᠷᠭᠤᠮᠠᠯ ᠤᠨ ᠲᠤᠬᠠᠢ ᠬᠠᠮᠤᠭ ᠠᠩᠬᠠᠨ ᠤ ᠨᠠᠷᠢᠯᠢᠭ ᠲᠣᠳᠣᠷᠬᠠᠢ ᠪᠢᠴᠢᠭ ᠲᠡᠮᠳᠡᠭᠯᠡᠯ ᠨᠢ ᠪᠠᠷᠤᠭ ᠤᠷᠤᠰ ᠤᠨ ᠪᠠᠷᠳᠠᠭ᠎ᠠ ᠰᠢᠨᠵᠢᠯᠡᠭᠴᠢ ᠨᠢᠺᠤᠯᠠᠢ · ᠮᠢᠬᠠᠶᠢᠯᠤᠸᠢᠴᠢ · ᠫᠧᠷᠵᠸᠧᠡᠯᠰᠺᠢ ᠤᠨ ︽ᠮᠣᠩᠭᠤᠯ ᠪᠠ ᠲᠠᠩᠭᠤᠳ︾ ᠭᠡᠬᠦ ᠨᠣᠮ ᠪᠠᠶᠢᠬᠤ ᠪᠤᠯᠤᠯᠳᠠᠢ᠃ 19 ᠳ᠋ᠦ᠋ᠭᠡᠷ ᠵᠠᠭᠤᠨ ᠤ ᠳᠠᠯᠠᠭᠠᠳ ᠣᠨ ᠤ ᠦᠶ᠎ᠡ ᠪᠠᠷ ᠨ᠊ · ᠮ᠊ · ᠫᠧᠷᠵᠸᠧᠡᠯᠰᠺᠢ ᠮᠣᠩᠭᠤᠯ ᠣᠷᠣᠨ ᠪᠠ ᠬᠥᠬᠡᠨᠠᠭᠤᠷ ᠲᠥᠪᠡᠳ ᠤᠨ ᠥᠨᠳᠦᠷᠯᠢᠭ ᠢᠶᠠᠷ ᠭᠤᠷᠪᠠᠨ ᠵᠢᠯ ᠭᠠᠷᠤᠢ ᠵᠢᠭᠤᠯᠴᠢᠯᠠᠨ ᠶᠠᠪᠤᠵᠤ ᠪᠠᠶᠢᠬᠤ ᠳᠠᠭᠠᠨ᠂ 1871 ᠣᠨ ᠤ ᠨᠠᠮᠤᠷ ᠤᠨ ᠦᠶ᠎ᠡ ᠪᠠᠷ ᠠᠯᠠᠱᠠ ᠠᠭᠤᠯᠠᠨ ᠳᠤ ᠬᠤᠶᠠᠷ ᠭᠠᠷᠠᠭ ᠬᠢᠷᠢᠲᠡᠢ ᠰᠠᠭᠤᠵᠤ᠂ ᠡᠪᠡᠰᠦ ᠤᠷᠭᠤᠮᠠᠯ᠂ ᠠᠮᠢᠳᠠᠨ ᠭᠤᠣᠯᠲᠠᠨ ᠤ ᠲᠤᠬᠠᠢ ᠨᠠᠷᠢᠯᠢᠭ ᠪᠠᠶᠢᠴᠠᠭᠠᠯᠲᠠ ᠰᠢᠨᠵᠢᠯᠡᠯᠲᠡ ᠬᠢᠭᠰᠡᠨ ᠪᠠᠶᠢᠨ᠎ᠠ᠃ ᠵᠢᠱᠢᠶᠡᠯᠡᠪᠡᠯ᠂ ᠲᠡᠭᠦᠨ ᠤ ︽ᠮᠣᠩᠭᠤᠯ ᠪᠠ ᠲᠠᠩᠭᠤᠳ︾ ᠭᠡᠬᠦ ᠨᠣᠮ ᠳᠤ᠂ ᠠᠯᠠᠱᠠ ᠠᠭᠤᠯᠠᠨ ᠳᠤ ᠪᠤᠭᠤ᠂ ᠬᠦᠳᠡᠷᠢ᠂ ᠬᠥᠬᠡ ᠢᠮᠠᠭ᠎ᠠ ᠵᠡᠷᠭᠡ ᠡᠪᠡᠰᠦᠨ ᠲᠡᠵᠢᠭᠡᠯᠲᠦ ᠠᠮᠢᠳᠠᠨ ᠪᠠᠶᠢᠳᠠᠭ ᠪᠥᠭᠡᠳ ᠠᠯᠠᠱᠠ ᠸᠠᠩ ᠪᠤᠭᠤ ᠠᠪᠠᠯᠠᠬᠤ ᠶᠠᠪᠤᠳᠠᠯ ᠢ ᠬᠤᠷᠢᠭᠯᠠᠨ ᠴᠠᠭᠠᠵᠠᠯᠠᠵᠤ ᠪᠠᠶᠢᠭᠰᠠᠨ ᠲᠤᠯᠠ ᠠᠯᠠᠱᠠ ᠠᠭᠤᠯᠠᠨ ᠳᠤ ᠪᠤᠭᠤ ᠨᠡᠯᠢᠶᠡᠳ ᠤᠯᠠᠨ ᠪᠠᠶᠢᠵᠠᠢ᠃ ᠭᠡᠪᠡᠴᠦ ᠲᠤᠬᠠᠢ ᠶᠢᠨ ᠦᠶ᠎ᠡ ᠳᠤ ᠪᠤᠭᠤ ᠶᠢᠨ ᠡᠪᠡᠷ ᠶᠡᠭᠡᠯᠡ ᠦᠨ᠎ᠡ ᠳᠤ ᠬᠦᠷᠴᠦ ᠪᠠᠶᠢᠭᠰᠠᠨ ᠲᠤᠯᠠ ᠵᠤᠨ ᠤ ᠡᠬᠢ ᠪᠠᠷ ᠵᠠᠷᠢᠮ ᠬᠥᠮᠥᠰ ᠰᠡᠮᠡᠭᠡᠷᠬᠡᠨ ᠪᠤᠭᠤ ᠠᠪᠠᠯᠠᠳᠠᠭ ᠪᠠᠶᠢᠵᠠᠢ ᠭᠡᠵᠦ ᠲᠡᠮᠳᠡᠭᠯᠡᠭᠰᠡᠨ ᠪᠠᠶᠢᠳᠠᠭ᠃ ᠬᠠᠮᠤᠭ ᠰᠣᠨᠢᠷᠬᠠᠯᠲᠠᠢ ᠨᠢ᠂ ᠳᠤᠰ ᠨᠣᠮ ᠳᠤ ︽ᠲᠡᠭᠦᠨ ᠤ ᠬᠠᠮᠤᠭ ᠥᠨᠳᠥᠷ ᠤᠷᠭᠢᠯ ᠨᠢ ᠳᠠᠷᠤᠢ ᠪᠠᠶᠠᠨ ᠰᠦᠮᠪᠦᠷ ᠪᠣᠯᠣᠨ ᠪᠥᠬᠦᠲᠡᠢ ᠪᠤᠯᠬᠤ ᠶᠤᠮ᠃ ᠡᠨᠡ ᠬᠤᠶᠠᠷ ᠤᠷᠭᠢᠯ ᠨᠢ ᠠᠭᠤᠯᠠᠨ ᠤ ᠶᠠᠭ ᠳᠤᠮᠳᠠ ᠬᠡᠰᠡᠭ ᠲᠤᠨᠢ ᠪᠠᠶᠢᠭ᠎ᠠ ᠪᠥᠭᠡᠳ ᠪᠠᠶ᠋ᠨᠨ ᠰᠦᠮᠪᠦᠷ ᠠᠭᠤᠯᠠ ᠨᠢ ᠨᠢᠭᠡ ᠲᠦᠮᠡ ᠨᠢᠭᠡ ᠮᠢᠩᠭᠠᠨ ᠲᠣᠬᠤᠢ ︵ᠤᠷᠤᠰ ᠲᠣᠬᠤᠢ︶ ᠥᠨᠳᠥᠷ᠂ ᠪᠥᠬᠦᠲᠡᠢ ᠨᠢ ᠪᠠᠶᠠᠨ ᠰᠦᠮᠪᠦᠷ ᠠᠴᠠ ᠪᠠᠨ ᠪᠠᠰᠠ ᠮᠢᠩᠭᠠᠨ ᠲᠣᠬᠤᠢ ᠥᠨᠳᠥᠷ ᠪᠠᠶᠢᠨ᠎ᠠ᠃ ᠡᠨᠡ ᠬᠤᠶᠠᠷ ᠤᠷᠭᠢᠯ ᠤᠨ ᠬᠤᠭᠤᠷᠤᠨᠳᠤᠭᠢ ᠠᠭᠤᠯᠠᠰ ᠨᠢ ᠪᠠᠭ᠎ᠠ ᠪᠣᠭᠤᠨᠢ ᠪᠠᠶᠢᠯ᠎ᠠ᠃ ᠡᠶᠢᠮᠦ ᠠᠴᠠ ᠡᠨᠡ ᠬᠤᠶᠠᠷ ᠠᠭᠤᠯᠠᠨ ᠤ ᠳᠤᠮᠳᠠᠭᠤᠷ ᠨᠢᠩᠰᠢᠶᠠ ᠳᠤ ᠬᠦᠷᠬᠦ ᠵᠠᠮ ᠨᠡᠪᠳᠡᠷᠡᠵᠤ ᠪᠠᠶᠢᠨ᠎ᠠ︾ ᠭᠡᠵᠦ ᠠᠯᠠᠱᠠ ᠠᠭᠤᠯᠠᠨ ᠤ ᠬᠠᠮᠤᠭ ᠥᠨᠳᠥᠷ ᠤᠷᠭᠢᠯ ᠤᠨ ᠲᠤᠬᠠᠢ ᠲᠡᠮᠳᠡᠭᠯᠡᠵᠡᠢ᠃ ᠤᠳᠤ ᠪᠢᠳᠡᠨ ᠤ ᠮᠡᠳᠡᠬᠦ ᠪᠠᠷ ᠠᠯᠠᠱᠠ ᠠᠭᠤᠯᠠᠨ ᠤ ᠬᠠᠮᠤᠭ ᠥᠨᠳᠥᠷ ᠤᠷᠭᠢᠯ ᠨᠢ ᠳᠠᠯᠠᠢ ᠶᠢᠨ ᠲᠦᠪᠰᠢᠨ ᠠᠴᠠ 3556 ᠮᠧᠲᠷ ᠡᠷᠭᠦᠭᠳᠡᠵᠦ᠂ ᠮᠥᠨ ᠴᠤ ᠥᠪᠥᠷ ᠮᠣᠩᠭᠤᠯ ᠤᠨ ᠬᠠᠮᠤᠭ ᠥᠨᠳᠥᠷ ᠴᠡᠭ ᠪᠤᠯᠬᠤ ᠶᠤᠮ᠃ ᠭᠡᠪᠡᠴᠦ ᠨᠣᠮ ᠳᠤ ᠲᠡᠮᠳᠡᠭᠯᠡᠭᠳᠡᠭᠰᠡᠨ ︽ᠪᠥᠬᠦᠲᠡᠢ︾ ᠭᠡᠬᠦ ᠤᠷᠭᠢᠯ ᠤᠨ ᠨᠡᠷᠡᠶᠢᠳᠦᠯ ᠤᠨ ᠲᠤᠬᠠᠢ ᠥᠭᠡᠷ᠎ᠡ ᠪᠤᠰᠤᠳ ᠳᠠᠩᠰᠠ ᠲᠡᠮᠳᠡᠭᠯᠡᠯ ᠠᠴᠠ ᠣᠯᠣᠭᠠᠳᠤᠢ ᠪᠥᠭᠡᠳ ᠰᠣᠨᠣᠰᠴᠤ ᠪᠠᠶᠢᠭᠰᠠᠨ ᠪᠤᠶᠤ ᠮᠡᠳᠡᠬᠦ ᠨᠤᠲᠤᠭ ᠤᠨ ᠪᠤᠭᠤᠷᠤᠯᠴᠤᠳ ᠴᠤ ᠠᠯᠠᠭ᠎ᠠ᠃ ᠡᠭᠦᠨ ᠲᠠᠢ ᠨᠡᠯᠢᠶᠡᠳ ᠦᠢᠷᠠᠳᠴᠤ ᠣᠴᠢᠬᠤ ᠨᠢᠭᠡᠨ ᠭᠠᠵᠠᠷ ᠤᠨ ᠨᠡᠷ᠎ᠡ ᠭᠡᠪᠡᠯ ᠪᠣᠷᠵᠢᠭᠢᠨ · ᠳ᠋ᠤᠷᠭᠢ ᠪᠠᠭᠰᠢ ᠶᠢᠨ ᠨᠠᠶᠢᠷᠠᠭᠤᠯᠤᠭᠰᠠᠨ ︽ᠠᠯᠠᠱᠠ ᠬᠤᠱᠣᠳ︾ ᠭᠡᠬᠦ ᠨᠣᠮ ᠳᠤ ᠲᠡᠮᠳᠡᠭᠯᠡᠭᠰᠡᠨ ᠠᠯᠠᠱᠠ ᠶᠢᠨ ᠵᠠᠬ᠎ᠠ ᠵᠠᠭᠠᠭ ᠢ ᠵᠢᠷᠤᠭᠯᠠᠬᠤ ᠦᠶ᠎ᠡ ᠳᠤ ᠢᠯᠡᠷᠡᠭᠰᠡᠨ ︽ᠪᠥᠭᠲᠥᠷ ᠠᠭᠤᠯᠠ︾ ᠭᠡᠬᠦ ᠨᠡᠷᠡᠶᠢᠳᠦᠯ ᠯᠡ ᠤᠯᠳᠠᠯ᠎ᠠ᠃ ᠬᠡᠷᠪᠡ ᠡᠨᠡ ᠲᠤᠬᠠᠢ ᠮᠡᠳᠡᠵᠤ ᠣᠶᠢᠯᠠᠭᠠᠳᠠᠭ ᠦᠵᠡᠬᠦ ᠮᠡᠷᠭᠡᠳ ᠪᠠᠶᠢᠪᠠᠯ ᠳᠠᠷᠠᠭᠠᠴᠢ ᠪᠠᠷ ᠬᠠᠷᠢᠯᠴᠠᠬᠤ ᠪᠣᠯᠪᠠᠤ᠃              ᠤᠳᠠᠯ ᠦᠭᠡᠢ ᠨᠠᠷᠠ ᠭᠠᠷᠴᠤ ᠰᠠᠶ᠋ᠢ ᠶᠢᠨ ᠭᠠᠵᠠᠷᠳᠠᠭᠰᠠᠨ ᠡᠭᠦᠯᠡ ᠮᠠᠨᠠᠨ ᠣᠷᠣ ᠳᠠᠰᠤ ᠠᠷᠢᠯᠵᠤ᠂ ᠵᠦᠪᠭᠡᠨ ᠡᠪᠡᠰᠦ ᠮᠣᠳᠣᠨ ᠤ ᠨᠠᠪᠴᠢᠨ ᠳᠡᠭᠡᠷ᠎ᠡ ᠭᠢᠯᠲᠠᠭᠠᠨᠠᠭᠰᠠᠨ ᠰᠢᠭᠦᠳᠡᠷᠢ ᠶᠢᠨ ᠤᠰᠤ ᠯᠡ ᠱᠠᠬᠠᠢ ᠰᠢᠷᠬᠤᠨᠠᠭ ᠨᠤᠷᠭᠠᠭᠠᠨ᠂ ᠬᠠᠶᠠ ᠨᠢᠭᠡ ᠵᠢᠪᠠᠷᠯᠠᠬᠤ ᠠᠭᠤᠯᠠ ᠶᠢᠨ ᠰᠠᠯᠬᠢᠨ ᠢᠶᠠᠷ ᠮᠣᠳᠣᠨ ᠳᠡᠭᠡᠷ᠎ᠡ ᠠᠴᠠ ᠦᠯᠢᠶᠡᠭᠳᠡᠨ ᠪᠠᠭᠤᠵᠤ ᠪᠣᠷᠣᠭᠠᠨ ᠰᠢᠭ᠋ ᠱᠠᠭᠢᠬᠤ ᠶᠤᠮ᠃ ᠦᠳᠡ ᠶᠢᠨ ᠬᠢᠷᠢ ᠳᠤ ᠪᠢᠳᠠ ᠠᠭᠤᠯᠠᠨ ᠣᠷᠣᠢ ᠳᠥᠬᠦᠵᠦ ᠰᠡᠭᠦᠶᠢᠮ᠎ᠡ ᠠᠰᠬ᠎ᠠ ᠬᠠᠳᠠᠨ ᠤ ᠡᠮᠦᠨ᠎ᠡ ᠡ᠊ᠩᠭᠡᠷ ᠳᠠᠭᠠᠵᠤ ᠣᠷᠢᠶᠠᠵᠤ ᠶᠠᠪᠤᠯ᠎ᠠ᠃ ᠮᠣᠳᠣ ᠤᠷᠭᠤᠮᠠᠯ ᠤᠨ ᠪᠦᠷᠬᠦᠴᠡ ᠦᠭᠡᠢ ᠨᠢᠴᠦᠭᠦᠨ ᠰᠠᠷᠢᠳᠠᠭ ᠤᠳ ᠲᠣᠯᠣᠭᠠᠢ ᠳᠡᠭᠡᠷ᠎ᠡ ᠠᠴᠠ ᠰᠡᠬᠦᠶᠢᠯᠴᠡᠵᠦ᠂ ᠲᠡᠳᠡᠭᠡᠷ ᠠᠴᠠ ᠳᠣᠷᠣᠭᠰᠢ ᠪᠠᠨ ᠰᠤᠶᠢᠷᠠᠵᠤ ᠨᠤᠷᠠᠭᠰᠠᠨ ᠬᠠᠳᠠ ᠴᠢᠯᠠᠭᠤᠳ ᠵᠠᠮ ᠬᠠᠰᠢᠭᠰᠠᠨ ᠠᠴᠠ ᠮᠠᠰᠢ ᠪᠠᠷᠳᠠᠭ᠎ᠠ ᠲᠠᠢ ᠪᠠᠶᠢᠯ᠎ᠠ᠃ ᠳᠠᠯᠠᠢ ᠶᠢᠨ ᠲᠦᠪᠰᠢᠨ ᠭᠤᠷᠪᠠᠨ ᠮᠢᠩᠭᠠᠨ ᠮᠧᠲᠷ ᠢ ᠳᠠᠪᠠᠭᠰᠠᠨ ᠪᠣᠯᠬᠤᠷ ᠠᠮᠢᠰᠬᠤᠭ᠎ᠠ ᠢᠯᠡᠳᠲᠡ ᠳᠠᠪᠬᠤᠴᠠᠵᠤ᠂ ᠲᠦᠷᠦᠭᠦᠬᠡᠨ ᠶᠠᠷᠢᠶ᠎ᠠ ᠬᠥᠭᠡᠷᠦᠭᠡ ᠲᠠᠢ ᠪᠠᠶᠢᠭᠰᠠᠨ ᠠᠶᠠᠨ ᠤ ᠬᠥᠮᠥᠰ ᠦᠭᠡ ᠳᠠᠭᠤ ᠦᠭᠡᠢ ᠰᠦᠢᠯᠡᠬᠢᠯᠡᠨ ᠭᠡᠯᠳᠦᠷᠢᠨ᠎ᠡ᠃ ᠬᠡᠰᠡᠭ ᠶᠠᠪᠤᠭᠠᠳ ᠬᠡᠰᠡᠭ ᠠᠮᠠᠷᠠᠬᠤ ᠳᠠᠭᠠᠨ ᠠᠯᠤᠰ ᠢ ᠪᠠᠷᠠᠯᠠᠨ᠂ ᠪᠠᠷᠠᠭᠤᠨᠰᠢ ᠨᠢᠳᠦ ᠬᠠᠶᠠᠬᠤ ᠳᠤ ᠲᠡᠭᠷᠢ ᠡᠯᠡᠰᠦ ᠲᠡᠭᠷᠢ ᠶᠢᠨ ᠬᠠᠶᠠᠭ᠎ᠠ ᠪᠠᠷ ᠰᠢᠷᠭᠠᠯᠲᠤᠨ ᠨᠡᠯᠦᠶᠢᠵᠦ᠂ ᠲᠡᠭᠦᠨ ᠤ ᠨᠠᠭᠠᠭᠤᠷ ᠪᠠᠷᠠᠭᠤᠨ ᠪᠡᠯ ᠤᠨ ᠲᠠᠷᠢᠶᠠᠨ ᠭᠠᠵᠠᠷ ᠭᠦᠨ ᠭᠦᠢᠬᠡᠨ ᠨᠣᠭᠤᠭᠠᠨ ᠥᠩᠭᠡ᠂ ᠰᠢᠷ᠎ᠠ ᠥᠩᠭᠡ ᠶᠢᠨ ᠳᠥᠷᠪᠡᠯᠵᠢᠨ ᠬᠡ ᠰᠢᠭ ᠬᠠᠷᠠᠬᠳᠠᠨ᠎ᠠ; ᠡᠮᠦᠨᠡᠰᠢ ᠰᠠᠷᠠᠪᠴᠢᠯᠠᠬᠤ ᠳᠤ ᠪᠠᠶᠠᠨᠰᠥ᠋ᠮᠪᠥᠷ ᠤᠨ ᠣᠷᠣᠢ ᠭᠤᠣᠯ ᠦᠳᠡ ᠶᠢᠨ ᠨᠠᠷᠠᠨ ᠳᠣᠣᠷ᠎ᠠ ᠭᠢᠯᠠᠰᠤᠨ ᠬᠠᠷᠠᠭᠳᠠᠵᠤ᠂ ᠲᠡᠭᠦᠨ ᠠᠴᠠ ᠨᠠᠭᠠᠭᠤᠷᠭᠢ ᠠᠭᠤᠯᠠᠰ ᠤᠨ ᠠᠷᠤ ᠪᠡᠯ ᠢ ᠳᠠᠭᠠᠭᠠᠳ ᠨᠠᠷᠠᠰᠤᠨ ᠤᠢ ᠦᠷᠭᠦᠯᠵᠢᠯᠡᠭᠡᠳ ᠨᠣᠮᠢᠨ ᠳᠠᠪᠠᠯᠭ᠎ᠠ ᠳᠠᠳᠠᠨ᠎ᠠ; ᠵᠡᠭᠦᠨᠰᠢ ᠪᠠᠨ ᠬᠠᠷᠠᠭ᠎ᠠ ᠪᠡᠯᠴᠢᠭᠡᠬᠦ ᠳᠤ ᠨᠢᠩᠰᠢᠶᠠ ᠶᠢᠨ ᠲᠠᠯ᠎ᠠ ᠭᠠᠵᠠᠷ ᠤᠨᠢᠶᠠᠷᠲᠤᠨ ᠴᠡᠩᠬᠡᠷᠲᠦᠵᠦ᠂ ᠢᠷᠭᠠᠢ ᠬᠤᠳᠠ ᠪᠤᠳᠠᠩ ᠳᠣᠲᠣᠷ᠎ᠠ ᠪᠦᠷᠦᠭ ᠪᠠᠷᠤᠭ ᠬᠠᠷᠠᠭᠳᠠᠨ᠎ᠠ᠃ ᠭᠡᠨᠡᠳᠲᠡ ᠣᠷᠣᠢ ᠳᠡᠭᠡᠷ᠎ᠡ ᠠᠴᠠ ᠬᠠᠳᠠ ᠴᠢᠯᠠᠭᠤᠳ ᠱᠠᠷᠴᠢᠭᠢᠨᠠᠨ ᠪᠠᠭᠤᠬᠤ ᠳᠠᠭᠤᠨ ᠭᠠᠷᠴᠤ ᠲᠣᠯᠣᠭᠠᠢ ᠡᠷᠭᠦᠨ ᠬᠠᠷᠠᠪᠠᠯ ᠬᠡᠳᠦᠨ ᠬᠥᠬᠡ ᠢᠮᠠᠭ᠎ᠠ ᠪᠢᠳᠠᠨ ᠠᠴᠠ ᠦᠷᠭᠦᠭᠰᠡᠨ ᠭᠡᠯᠲᠡᠢ ᠬᠠᠳᠠ ᠳᠠᠮᠵᠢᠨ ᠳᠡᠭᠳᠡᠭᠰᠡᠭᠡᠷ ᠠᠰᠬ᠎ᠠ ᠬᠢᠷ᠎ᠠ ᠶᠢᠨ ᠣᠷᠣᠢ ᠳᠤ ᠭᠦᠷᠦᠭᠡᠳ ᠬᠤᠶᠢᠰᠢ ᠪᠠᠨ ᠡᠷᠭᠢᠨ ᠪᠢᠳᠠᠨ ᠢ ᠬᠠᠷᠠᠨ ᠵᠤᠬᠰᠤᠰᠭᠢᠭᠠᠳ ᠴᠢᠨᠠᠭᠰᠢ ᠳᠠᠯᠳᠠᠷᠠᠪᠠ᠃ ᠥᠴᠥᠭᠡᠳᠦᠷ ᠪᠢᠳᠠᠨ ᠢ ᠭᠤᠶᠠᠩ ᠤᠨ ᠭᠤᠣᠯ ᠠᠴᠠ ᠪᠤᠴᠠᠬᠤ ᠵᠠᠮ ᠳᠤ᠂ ᠠᠭᠤᠯᠠᠨ ᠪᠡᠯ ᠳᠠᠭᠠᠭᠠᠳ ᠰᠦᠷᠦᠭ ᠬᠥᠬᠡ ᠢᠮᠠᠭ᠎ᠠ ᠪᠡᠯᠴᠢᠵᠦ ᠪᠠᠶᠢᠭᠰᠠᠨ ᠪᠥᠭᠡᠳ ᠪᠢᠳᠠᠨ ᠤ ᠲᠡᠷᠭᠡ ᠮᠠᠰᠢᠨ ᠠᠴᠠ ᠦᠷᠭᠦᠵᠦ ᠳᠠᠪᠬᠢᠭᠰᠠᠨ ᠦᠭᠡᠢ ᠶᠢ ᠨᠢ ᠬᠠᠷᠠᠬᠤ ᠳᠤ ᠬᠥᠮᠥᠨ ᠬᠠᠷ᠎ᠠ ᠲᠠᠢ ᠨᠡᠯᠢᠶᠡᠳ ᠣᠶᠢᠷᠠᠲᠤᠯᠴᠠᠵᠤ ᠢᠵᠢᠯᠢᠰᠢᠭᠰᠡᠨ ᠮᠠᠶ᠋ᠢᠭ ᠲᠠᠢ᠃ ᠪᠠᠰᠠ ᠳᠠᠶᠠᠨ ᠤ ᠭᠤᠣᠯ ᠢᠶᠠᠷ ᠶᠠᠪᠤᠵᠤ ᠪᠠᠶᠢᠬᠤ ᠳᠤ᠂ ᠤᠰᠤᠨ ᠤ ᠵᠠᠬ᠎ᠠ ᠳᠤ ᠬᠥᠬᠡ ᠢᠮᠠᠭᠠᠨ ᠤ ᠢᠰᠢᠭᠡᠨ ᠤ ᠰᠡᠭ ᠶᠠᠰᠤ ᠲᠣᠬᠢᠶᠠᠯᠳᠤᠭᠰᠠᠨ ᠢᠶᠠᠷ ᠦᠵᠡᠬᠦ ᠳᠤ ᠠᠯᠠᠱᠠ ᠠᠭᠤᠯᠠᠨ ᠳᠠᠬᠢ ᠲᠠᠷᠬᠠᠯᠲᠠ ᠨᠢ ᠨᠡᠯᠢᠶᠡᠳ ᠥᠷᠭᠡᠨ ᠪᠥᠭᠡᠳ ᠲᠤᠭ᠎ᠠ ᠲᠣᠯᠣᠭᠠᠢ ᠨᠢ ᠴᠥᠭᠡᠨ ᠪᠤᠰᠤ ᠪᠠᠶᠢᠮᠠᠷ᠃              ᠬᠥᠬᠡ ᠢᠮᠠᠭ᠎ᠠ ᠶᠢ ᠪᠠᠰᠠ ᠶᠠᠩᠭᠢᠷ ᠭᠡᠳᠡᠭ᠂ ᠠᠯᠠᠱᠠ ᠠᠭᠤᠯᠠᠨ ᠤ ︽ᠤᠤᠭᠠᠯ︾ ᠵᠡᠷᠯᠢᠭ ᠭᠥᠷᠥᠭᠡᠰᠦ ᠶᠢᠨ ᠨᠢᠭᠡ ᠪᠥᠭᠡᠳ ᠡᠳᠦᠭᠡ ᠤᠯᠤᠰ ᠤᠨ ᠬᠤᠶᠠᠳᠤᠭᠠᠷ ᠲᠡᠰ ᠤᠨ ᠬᠠᠮᠠᠭᠠᠯᠠᠯᠲᠠ ᠶᠢᠨ ᠠᠮᠢᠳᠠᠨ ᠪᠣᠯᠣᠭᠠᠳ ᠪᠤᠢ᠃ ᠪᠢᠳᠠᠨ ᠲᠠᠢ ᠬᠠᠮᠲᠤ ᠶᠠᠪᠤᠭ᠎ᠠ ᠠᠯᠠᠱᠠ ᠠᠭᠤᠯᠠᠨ ᠤ ᠤᠯᠤᠰ ᠤᠨ ᠳᠡᠰ ᠤᠨ ᠬᠠᠮᠠᠭᠠᠯᠠᠯᠲᠠ ᠶᠢᠨ ᠣᠷᠣᠨ ᠤ ᠬᠠᠮᠢᠶᠠᠷᠤᠯᠲᠠ ᠶᠢᠨ ᠲᠣᠪᠴᠢᠶᠠᠨ ᠤ ᠠᠵᠢᠯᠲᠠᠳ ᠤᠨ ᠲᠠᠨᠢᠯᠴᠠᠭᠤᠯᠬᠤ ᠪᠠᠷ᠂ ᠪᠠᠶᠢᠭᠠᠯᠢ ᠶᠢᠨ ᠣᠷᠴᠢᠨ ᠠᠬᠤᠢ ᠶᠢᠨ ᠡᠪᠳᠡᠯᠡᠭᠡ ᠪᠣᠯᠣᠨ ᠬᠥᠮᠥᠨ ᠤ ᠠᠪᠠᠯᠠᠯ ᠠᠩᠨᠠᠯ ᠵᠡᠷᠭᠡ ᠠᠴᠠ ᠪᠣᠯᠵᠤ᠂ ᠳᠡᠭᠡᠷ᠎ᠡ ᠵᠠᠭᠤᠨ ᠤ ᠨᠠᠶᠠᠭᠠᠳ ᠣᠨ ᠤ ᠡᠬᠢ ᠪᠠᠷ ᠠᠯᠠᠱᠠ ᠠᠭᠤᠯᠠᠨ ᠤ ᠬᠥᠬᠡ ᠢᠮᠠᠭ᠎ᠠ ᠬᠤᠷᠣᠭᠳᠠᠭᠠᠳ ᠬᠤᠶᠠᠷ ᠮᠢᠩᠭ᠎ᠠ ᠬᠦᠷᠬᠦ ᠦᠭᠡᠢ ᠪᠣᠯᠵᠠᠢ᠃ ᠳᠡᠭᠡᠭᠡᠳ ᠮᠠᠯᠵᠢᠬᠤ ᠶᠢ ᠵᠣᠭᠰᠣᠭᠠᠨ ᠤᠢ ᠮᠣᠳᠣ ᠶᠢ ᠰᠡᠷᠭᠦᠭᠡᠬᠦ ᠲᠦᠷᠦ ᠶᠢᠨ ᠪᠣᠳᠣᠯᠭ᠎ᠠ ᠶᠢ ᠬᠡᠷᠡᠭᠵᠢᠭᠦᠯᠦᠭᠰᠡᠨ ᠪᠠ ᠠᠯᠠᠱᠠ ᠠᠭᠤᠯᠠ ᠶᠢᠨ ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠢ ᠪᠠᠶᠢᠭᠤᠯᠤᠭᠰᠠᠨ ᠤ ᠠᠴᠢ ᠪᠠᠷ ᠬᠥᠬᠡ ᠢᠮᠠᠭᠠᠨ ᠤ ᠲᠤᠭ᠎ᠠ ᠲᠣᠯᠣᠭᠠᠢ ᠮᠠᠰᠢ ᠲᠦᠷᠭᠡᠨ ᠰᠡᠷᠭᠦᠯᠲᠡ ᠲᠠᠢ ᠪᠣᠯᠵᠤ᠂ ᠪᠦᠷᠢᠳᠬᠡᠯ ᠢ ᠦᠨᠳᠦᠰᠦᠯᠡᠪᠡᠯ᠂ ᠤᠳᠤ ᠨᠢᠭᠡᠨᠲᠡ 4.5 ᠲᠦᠮᠡ ᠶᠢ ᠳᠠᠪᠠᠭᠰᠠᠨ ᠭᠡᠨ᠎ᠡ᠃ ᠨ᠊ · ᠮ᠊ · ᠫᠧᠷᠵᠸᠧᠡᠯᠰᠺᠢ ᠴᠤ ︽ᠮᠣᠩᠭᠤᠯ ᠪᠠ ᠲᠠᠩᠭᠤᠳ︾ ᠭᠡᠬᠦ ᠨᠣᠮ ᠳᠠᠭᠠᠨ ᠠᠯᠠᠱᠠ ᠠᠭᠤᠯᠠᠨ ᠳᠤ ᠬᠥᠬᠡ ᠢᠮᠠᠭ᠎ᠠ ᠠᠪᠠᠯᠠᠭᠰᠠᠨ ᠲᠤᠬᠠᠢ ᠲᠡᠮᠳᠡᠭᠯᠡᠭᠰᠡᠨ ᠪᠥᠭᠡᠳ ᠬᠥᠬᠡ ᠢᠮᠠᠭ᠎ᠠ ᠶᠢᠨ ᠣᠨᠴᠠᠯᠢᠭ ᠰᠢᠨᠵᠢ᠂ ᠵᠠᠩ ᠠᠷᠠᠨᠰᠢᠨ᠂ ᠦᠷᠡᠵᠢᠯ ᠲᠥᠯᠵᠢᠯ ᠵᠡᠷᠭᠡ ᠶᠢ ᠮᠠᠰᠢ ᠨᠠᠷᠢᠯᠢᠭ ᠲᠣᠭᠠᠴᠢᠵᠤ᠂ ᠵᠢᠷᠭᠤᠭ᠎ᠠ ᠳᠤᠯᠤᠭᠠᠨ ᠬᠠᠭᠤᠳᠠᠰᠤ ᠪᠦᠬᠦᠢ ᠲᠡᠮᠳᠡᠭᠯᠡᠯ ᠬᠢᠵᠡᠢ᠃              ᠡᠨᠡ ᠬᠡᠰᠡᠭ ᠬᠠᠬᠢᠷ ᠬᠠᠯᠢᠯ ᠬᠠᠳᠠᠨ ᠬᠤᠱᠣᠣ ᠶᠢ ᠳᠠᠪᠠᠭᠠᠳ ᠭᠠᠷᠬᠤ ᠳᠤ ᠥᠩᠭᠡ ᠦᠵᠡᠮᠵᠢ ᠣᠨᠳᠣᠣ ᠪᠣᠯᠵᠤ᠂ ᠬᠤᠶᠠᠷ ᠠᠭᠤᠯᠠᠨ ᠤ ᠬᠤᠭᠤᠷᠤᠨᠳᠦᠭᠢ ᠵᠠᠳᠠᠭᠠᠢ ᠴᠢᠯᠦᠭᠡᠨ ᠳᠤ ᠰᠦᠷᠦᠭ ᠪᠤᠭᠤ ᠪᠡᠯᠴᠢᠨ ᠢᠳᠡᠰᠢᠯᠡᠵᠦ᠂ ᠠᠭᠤᠯᠠᠨ ᠤ ᠠᠷᠤ ᠪᠡᠯ ᠢᠶᠠᠷ ᠨᠢ ᠬᠥᠬᠡᠨᠠᠭᠤᠷ ᠶᠢᠨ ᠭᠠᠴᠤᠷ᠎ᠠ ᠶᠢᠨ ᠤᠢ ᠪᠢᠲᠡᠭᠦᠦ ᠪᠦᠷᠬᠦᠵᠦ᠂ ᠡᠰᠡᠷᠭᠦ ᠲᠠᠯ᠎ᠠ ᠶᠢᠨ ᠠᠭᠤᠯᠠᠨ ᠪᠡᠯ ᠨᠢ ᠨᠣᠭᠤᠭᠠᠨ ᠳᠡᠨᠵᠢᠨ ᠰᠢᠷᠢᠬᠢ ᠪᠠᠶᠢᠯ᠎ᠠ᠃ ᠡᠷᠳᠡᠨᠢᠬᠦᠦ ᠭᠤᠸᠠᠢ᠄ ︽ᠡᠨᠡ ᠬᠦ ᠪᠢᠲᠡᠭᠦᠦ ᠤᠢ ᠶᠢ ᠲᠤᠭᠤᠯᠤᠭᠠᠳ ᠭᠠᠷᠪᠠᠯ ᠳᠠᠯᠠᠩ ᠤᠨ ᠬᠤᠷᠤᠭ᠎ᠠ ᠤᠳᠠᠬᠤ ᠦᠭᠡᠢ ᠬᠦᠷᠴᠢᠬᠡᠨ᠎ᠡ᠂ ᠡ᠊ᠨᠳᠡ ᠬᠤᠭᠤᠯᠠ ᠬᠤᠲᠣ ᠪᠠᠨ ᠢᠳᠡᠵᠦ ᠵᠢᠭᠠᠬᠠᠨ ᠠᠮᠠᠷᠠᠵᠤ ᠠᠪᠤᠭᠠᠳ ᠶᠠᠪᠤᠶ᠎ᠠ︾ ᠭᠡᠬᠦ ᠶᠤᠮ᠂ ᠲᠠᠯᠠ ᠭᠠᠷᠤᠭᠰᠠᠨ ᠨᠠᠰᠤᠲᠠᠨ ᠪᠢᠳᠠᠨ ᠳᠤ ᠵᠠᠮᠴᠢᠯᠠᠭᠠᠳ ᠡᠨᠡ ᠥᠨᠳᠥᠷ ᠲᠤ ᠭᠠᠷᠤᠨ᠎ᠠ ᠭᠡᠭᠴᠢ ᠠᠮᠠᠷ ᠦᠭᠡᠢ᠂ ᠬᠡᠳᠦᠭᠦᠯᠡ ᠳᠥᠭᠦᠮᠬᠡᠨ ᠬᠤᠭᠤᠯᠠᠯᠠᠵᠤ ᠪᠠᠷᠠᠭᠠᠳ ᠤᠢ ᠳᠤ ᠰᠢᠷᠭᠤᠯ᠎ᠠ᠃ ᠡᠭᠴᠡ ᠰᠢᠯᠤᠭᠤᠨ ᠬᠥᠬᠡᠨᠠᠭᠤᠷ ᠤᠨ ᠭᠠᠴᠤᠷ᠎ᠠ ᠢᠭᠴᠤᠷᠠᠨ ᠤᠷᠭᠤᠵᠤ᠂ ᠪᠢᠳᠠ ᠮᠠᠯ ᠤᠨ ᠵᠥᠷᠢᠭ ᠵᠢᠮ ᠭᠡᠮᠡᠷ ᠨᠠᠷᠢᠨ ᠵᠠᠮ ᠢ ᠳᠠᠭᠠᠵᠤ ᠰᠤᠪᠤᠷᠠᠯᠳᠤᠨ ᠶᠠᠪᠤᠵᠠᠭᠠᠯ᠎ᠠ᠃ ᠮᠣᠳᠣᠨ ᠳᠣᠣᠭᠤᠷ ᠨᠣᠭᠤᠭᠠᠨ ᠬᠥᠪᠳᠥ ᠨᠡᠶᠢᠳᠡᠮ ᠬᠤᠴᠢᠵᠤ ᠡ᠊ᠨᠳᠡ ᠲᠡᠨᠳᠡ ᠦᠭᠡᠢ ᠮᠦᠭᠦ ᠬᠠᠷᠠᠭᠳᠠᠨ᠎ᠠ᠃ ᠪᠤᠨᠲᠣᠭᠤᠷ ᠴᠠᠭᠠᠨ ᠮᠦᠭᠦ ᠶᠢ ᠨᠢ ᠤᠬᠢᠶᠠᠵᠤ ᠬᠥᠯᠳᠡᠭᠡᠭᠡᠳ ᠬᠡᠵᠢᠶ᠎ᠡ ᠭᠠᠷᠭᠠᠵᠤ ᠬᠠᠭᠤᠷᠪᠠᠴᠤ ᠰᠣᠷᠭᠤᠭ ᠰᠠᠶᠢᠬᠠᠨ ᠪᠠᠶᠢᠳᠠᠭ ᠭᠡᠨ᠎ᠡ… ᠰᠢᠷᠠᠪᠲᠤᠷ ᠳᠠᠯᠪᠠᠭᠠᠷ ᠰᠢᠬᠦᠷ ᠲᠠᠢ ᠮᠦᠭᠦ ᠶᠢ ᠨᠢ ᠭᠠᠭ᠋ᠠᠢ ᠶᠢᠨ ᠮᠢᠬ᠎ᠠ ᠲᠠᠢ ᠬᠠᠭᠤᠷᠴᠤ ᠢᠳᠡᠪᠡᠯ ᠶᠡᠭᠡ ᠭᠤᠶᠤ ᠠᠮᠲᠠᠲᠠᠢ ᠭᠡᠨ᠎ᠡ… ᠬᠦᠷᠡᠩ ᠮᠦᠭᠦ ᠶᠢ ᠬᠠᠲᠠᠭᠠᠭᠠᠳ ᠬᠤᠨᠢᠨ ᠮᠢᠬ᠎ᠠ ᠲᠠᠢ ᠱᠥᠯᠥ ᠲᠠᠢ ᠭᠤᠯᠢᠷ ᠬᠢᠪᠡᠯ ᠴᠢᠬᠢ ᠶᠢ ᠴᠢᠨᠢ ᠣᠭᠲᠣᠯᠪᠠᠴᠤ ᠮᠡᠳᠡᠬᠦ ᠦᠭᠡᠢ ᠭᠡᠨ᠎ᠡ… ᠨᠠᠷᠢᠬᠠᠨ ᠡᠰᠢ ᠲᠠᠢ ᠲᠡᠷᠡ ᠮᠦᠭᠦ ᠴᠢᠨᠢ ᠬᠤᠣᠷᠲᠠᠢ ᠰᠢᠤ᠂ ᠦᠵᠡᠬᠦ ᠳᠤ ᠱᠤᠮᠲᠠᠢ ᠪᠤᠯᠪᠠᠴᠤ ᠢᠳᠡᠵᠦ ᠪᠤᠯᠬᠤ ᠦᠭᠡᠢ… ᠮᠠᠨᠲᠠᠤ ᠰᠢᠭ᠋ ᠲᠣᠮᠣ ᠴᠠᠭᠠᠨ ᠢ ᠴᠢᠨᠢ ᠲᠡᠭᠷᠢ ᠶᠢᠨ ᠳᠦᠯᠡᠢ ᠭᠡᠳᠡᠭ᠂ ᠪᠣᠯᠪᠠᠰᠤᠷᠠᠭᠠᠳ ᠢᠷᠡᠬᠦᠯᠡᠷ ᠨᠢ ᠳᠣᠲᠣᠷᠠᠬᠢ ᠨᠢ ᠬᠦᠷᠡᠩ ᠪᠣᠷᠣ ᠨᠤᠨᠳᠠᠭ ᠪᠣᠯᠵᠤ᠂ ᠲᠡᠭᠦᠪᠡᠷ ᠨᠢ ᠴᠢᠰᠤ ᠵᠣᠭᠰᠤᠭᠠᠬᠤ ᠳᠤ ᠮᠠᠰᠢ ᠰᠠᠶᠢᠨ ᠶᠤᠮ ᠭᠡᠵᠦ ᠡᠷᠳᠡᠨᠢᠬᠦᠦ ᠨᠠᠰᠤᠲᠠᠨ ᠨᠢᠭᠡ ᠵᠠᠮ ᠪᠢᠳᠠᠨ ᠳᠤ ᠡᠯᠳᠡᠪ ᠵᠦᠢᠯ ᠤᠨ ᠮᠦᠭᠦ ᠡᠪᠡᠰᠦᠨ ᠤ ᠲᠤᠬᠠᠢ ᠲᠠᠶᠢᠯᠪᠤᠷᠢᠯᠠᠯ ᠲᠠᠨᠢᠯᠴᠠᠭᠤᠯᠭ᠎ᠠ ᠬᠢᠵᠦ ᠶᠠᠪᠤᠯ᠎ᠠ᠃              ᠮᠣᠳᠣᠨ ᠳᠤᠮᠳᠠᠭᠤᠷ ᠬᠤᠶᠠᠷ ᠴᠠᠭ ᠬᠢᠷᠢᠲᠡᠢ ᠠᠶᠠᠯᠠᠨ ᠪᠠᠶᠢᠵᠤ ᠨᠣᠭᠤᠭᠠᠨ ᠰᠢᠷᠢᠬᠢ ᠳᠡᠨᠵᠢᠨ ᠳᠤ ᠭᠠᠷᠤᠯ᠎ᠠ᠃ ᠳᠠᠯᠠᠩ ᠤᠨ ᠬᠤᠷᠤᠭ᠎ᠠ ᠭᠡᠭᠴᠢ ᠤᠷᠤᠭᠰᠢ ᠪᠠᠨ ᠬᠠᠨᠳᠤᠭᠰᠠᠨ ᠠᠭᠤᠯᠠᠨ ᠣᠷᠣᠢ ᠶᠢᠨ ᠵᠡᠭᠦᠨ ᠪᠠᠷᠠᠭᠤᠨ ᠬᠤᠶᠢᠲᠤ ᠲᠠᠯ᠎ᠠ ᠪᠠᠷ ᠨᠢ ᠪᠦᠷ ᠡᠭᠴᠡ ᠪᠣᠰᠤᠭ᠎ᠠ ᠬᠠᠯᠢᠯ ᠬᠠᠳᠠ ᠬᠦᠷᠢᠶᠡᠯᠡᠵᠦ᠂ ᠶᠠᠭ ᠯᠡ ᠳᠠᠯᠠᠩ ᠬᠠᠰᠢᠶ᠎ᠠ ᠰᠢᠭ᠋ ᠬᠠᠷᠠᠭᠳᠠᠨ᠂ ᠨᠥᠮᠥᠷᠢ ᠲᠠᠯ᠎ᠠ ᠨᠢ ᠨᠠᠯᠠᠤ ᠰᠢᠭ᠋ ᠰᠢᠷᠢᠬᠢ ᠵᠦᠯᠭᠡ ᠲᠠᠢ ᠲᠠᠯ᠎ᠠ ᠪᠠᠶᠢᠵᠤ᠂ ᠥᠩᠭᠡᠷᠡᠭᠰᠡᠨ ᠳᠤ ᠠᠯᠠᠱᠠ ᠬᠤᠰᠢᠭᠤᠨ ᠤ ᠨᠣᠶᠠᠨ ᠰᠠᠩ ᠤᠨ ᠠᠳᠤᠭᠤ ᠶᠢ ᠡ᠊ᠨᠳᠡ ᠲᠠᠭᠤᠵᠤ ᠬᠠᠷᠢᠭᠤᠯᠤᠨ ᠵᠤᠰᠠᠳᠠᠭ ᠪᠠᠶᠢᠭᠰᠠᠨ ᠭᠡᠨ᠎ᠡ᠃ ᠭᠠᠷ ᠤᠨ ᠠᠯᠠᠭ᠎ᠠ ᠶᠢᠨ ᠬᠤᠩᠬᠤᠷ ᠦᠵᠡᠬᠦ ᠳᠤ ᠣᠶᠢᠷ᠎ᠠ ᠬᠠᠵᠠᠬᠤ ᠳᠤ ᠬᠤᠯᠠ ᠭᠡᠳᠡᠭᠴᠢᠯᠡᠨ ᠡᠨᠡᠦᠬᠡᠨ ᠳᠤ ᠦᠵᠡᠭᠳᠡᠬᠦ ᠳᠠᠯᠠᠩ ᠤᠨ ᠬᠤᠷᠤᠭ᠎ᠠ ᠥᠭᠡᠳᠡ ᠴᠠᠭ ᠰᠢᠬᠠᠭᠤ ᠳᠠᠪᠠᠵᠤ ᠪᠢᠯᠡ᠃ ᠵᠠᠮᠴᠢ ᠶᠢᠨ ᠳᠠᠭᠠᠭᠤᠯᠭ᠎ᠠ ᠪᠠᠷ ᠪᠢᠳᠠ ᠵᠡᠭᠦᠨ ᠲᠠᠯ᠎ᠠ ᠶᠢᠨ ᠡᠭᠴᠡ ᠬᠠᠳᠠᠨ ᠳᠡᠭᠡᠷ᠎ᠡ ᠣᠷᠢᠶᠠᠨ ᠭᠠᠷᠬᠤ ᠳᠤ ᠠᠰ ᠵᠡᠭᠦᠨᠰᠢ ᠬᠠᠨᠳᠤᠭᠰᠠᠨ ᠴᠢᠯᠠᠭᠤᠨ ᠬᠠᠨᠠᠨ ᠳᠡᠭᠡᠷ᠎ᠡ ᠨᠢᠭᠡ ᠭᠦᠳᠦᠭᠦᠷ ᠰᠡᠶᠢᠯᠦᠮᠡᠯ ᠭᠦᠷᠦᠭ ᠲᠣᠳᠣᠬᠠᠨ ᠢᠯᠡᠷᠡᠯ᠎ᠡ᠃ ᠦᠰᠦ ᠭᠡᠵᠢᠭᠡ ᠪᠠᠨ ᠬᠡᠶᠢᠰᠬᠡᠭᠰᠡᠨ ᠠᠭᠤᠷᠰᠠᠩᠭᠤᠢ ᠴᠢᠷᠠᠢ ᠲᠠᠢ ᠳᠣᠭᠰᠢᠳ ᠬᠤᠪᠢᠯᠭᠠᠳ ᠤᠨ ᠳᠦᠷᠢ ᠪᠦᠬᠦᠢ ᠡᠨᠡ ᠬᠦ ᠭᠦᠷᠦᠭ ᠨᠢ ᠪᠡᠶ᠎ᠡ ᠳᠡᠭᠡᠨ ᠬᠤᠶᠠᠭ ᠬᠡᠲᠦᠷᠴᠦ᠂ ᠸᠴᠢᠷ ᠪᠠᠷᠢᠭᠰᠠᠨ ᠵᠡᠭᠦᠨ ᠮᠤᠳᠤᠷ ᠢᠶᠠᠨ ᠥᠨᠳᠥᠷ ᠡᠷᠭᠦᠨ᠂ ᠪᠠᠷᠠᠭᠤᠨ ᠮᠤᠳᠤᠷ ᠢᠶᠠᠨ ᠱᠠᠬᠵᠠᠭᠠᠯᠠᠨ ᠳᠣᠷᠣᠭᠰᠢ ᠵᠢᠭᠠᠵᠤ᠂ ᠵᠡᠭᠦᠨ ᠬᠥᠯ ᠢᠶᠠᠨ ᠨᠤᠭᠤᠯᠤᠨ ᠬᠤᠶᠠᠷ ᠬᠦᠷᠳᠦᠨ ᠳᠡᠭᠡᠷ᠎ᠡ ᠰᠠᠭᠠᠲᠠᠵᠤ᠂ ᠪᠠᠷᠠᠭᠤᠨ ᠬᠥᠯ ᠢᠶᠠᠨ ᠵᠢᠭᠢᠯᠭᠡᠨ᠂ ᠥᠯᠮᠡᠢ ᠳᠣᠣᠷ᠎ᠠ ᠪᠠᠨ ᠨᠢᠭᠡᠨ ᠰᠥᠭᠦᠳᠥᠨ ᠮᠥᠷᠭᠦᠵᠦ ᠪᠤᠢ ᠬᠥᠮᠥᠨ ᠢ ᠭᠢᠰᠬᠢᠯᠡᠨ ᠳᠠᠷᠤᠩᠭᠤᠶᠢᠯᠠᠭᠰᠠᠨ ᠰᠢᠨᠵᠢ ᠲᠠᠢ᠃ ᠭᠦᠷᠦᠭ ᠤᠨ ᠳᠡᠭᠡᠭᠦᠷ ᠴᠠᠶᠢᠪᠤᠷ ᠨᠣᠭᠤᠭᠠᠨ ᠰᠢᠷ ᠢᠶᠠᠷ ᠨᠢᠮᠭᠡᠬᠡᠨ ᠪᠤᠳᠤᠬᠰᠠᠨ  ᠨᠢ ᠰᠡᠶᠢᠯᠦᠮᠡᠯ ᠢ ᠮᠠᠰᠢ ᠰᠠᠶᠢᠬᠠᠨ ᠬᠠᠮᠠᠭᠠᠯᠠᠵᠤ ᠴᠢᠳᠠᠭᠰᠠᠨ ᠪᠠᠶᠢᠨ᠎ᠠ᠃ ᠬᠡᠳᠦᠶᠢᠪᠡᠷ ᠠᠯᠢ ᠴᠠᠭ ᠦᠶ᠎ᠡ ᠳᠤ ᠶᠠᠮᠠᠷ ᠵᠣᠷᠢᠯᠭ᠎ᠠ ᠪᠠᠷ ᠰᠡᠶᠢᠯᠪᠦᠷᠢᠯᠡᠭᠰᠡᠨ ᠲᠤᠬᠠᠢ ᠪᠠᠲᠤ ᠨᠤᠲᠠ ᠲᠠᠢ ᠪᠠᠷᠢᠮᠲᠠ ᠦᠭᠡᠢ ᠪᠤᠯᠪᠠᠴᠤ ᠡᠷᠳᠡᠨᠢᠬᠦᠦ ᠨᠠᠰᠤᠲᠠᠨ ᠡᠶᠢᠮᠦ ᠨᠢᠭᠡᠨ ᠦᠯᠢᠭᠡᠷ ᠶᠠᠷᠢᠯ᠎ᠠ᠃ ᠠᠯᠢ ᠦᠶ᠎ᠡ ᠳᠤᠨᠢ ᠪᠤᠤ ᠮᠡᠳᠡ᠂ ᠨᠢᠭᠡᠨ ᠵᠤᠨ ᠨᠣᠶᠠᠨ ᠰᠠᠩ ᠤᠨ ᠠᠳᠤᠭᠤ ᠡ᠊ᠨᠳᠡ ᠵᠤᠰᠠᠵᠤ ᠪᠠᠶᠢᠬᠤ ᠳᠤ ᠭᠡᠨᠡᠳᠲᠡ ᠶᠡᠭᠡ ᠲᠤᠬᠰᠢᠨ ᠪᠣᠷᠣᠭᠠᠨ ᠣᠷᠣᠵᠤ᠂ ᠤᠮ ᠬᠤᠮ ᠦᠭᠡᠢ ᠪᠠᠭᠤᠵᠤ ᠢᠷᠡᠭᠰᠡᠨ ᠠᠭᠤᠯᠠᠨ ᠤ ᠦᠶᠡᠷ ᠠᠳᠤᠭᠤᠨ ᠰᠦᠷᠦᠭ ᠢ ᠠᠰᠬ᠎ᠠ ᠭᠦᠨ ᠭᠠᠩᠭ᠎ᠠ ᠤᠷᠤᠭᠤ ᠲᠠᠭᠤᠵᠤ ᠶᠠᠪᠤᠭᠤᠯᠵᠠᠢ᠃ ᠳᠡᠭᠢᠵᠤ ᠡᠶᠢᠮᠦᠷᠬᠦᠦ ᠭᠠᠢ ᠭᠠᠮᠰᠢᠭ ᠡᠭᠦᠰᠬᠦ ᠠᠴᠠ ᠰᠡᠷᠭᠡᠶᠢᠯᠡᠨ ᠬᠤᠰᠢᠭᠤ ᠶᠠᠮᠤᠨ ᠠᠴᠠ ᠳᠠᠯᠠᠩ ᠤᠨ ᠬᠤᠷᠤᠭ᠎ᠠ  ᠶᠢᠨ ᠡᠭᠴᠡ ᠬᠠᠳᠠᠨ ᠳᠡᠭᠡᠷ᠎ᠡ ᠡᠨᠡ ᠳᠣᠭᠰᠢᠳ ᠤᠨ ᠭᠦᠷᠦᠭ ᠢ ᠰᠡᠶᠢᠯᠦᠨ ᠳᠠᠭᠢᠵᠤ ᠳᠠᠷᠤᠯᠭ᠎ᠠ ᠪᠤᠯᠭᠠᠬᠰᠠᠨ ᠭᠡᠨ᠎ᠡ᠁    
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号