ᠠᠯᠠᠱᠠ ᠠᠭᠤᠯᠠᠨ᠎ᠠ ᠬᠠᠭᠤᠴᠢ ᠬᠠᠶᠢᠭᠰᠠᠨ ᠲᠡᠮᠳᠡᠭᠯᠡᠯ ︵ᠬᠤᠶᠠᠷ︶
ᠨᠡᠶᠢᠲᠡᠯᠡᠭᠰᠡᠨ ᠴᠠᠭ᠄
2024/12/31
               ᠮᠠᠤ ᠲᠦᠮᠡᠨ              ᠠᠭᠤᠯᠠᠨ ᠤ ᠴᠡᠩᠭᠡᠭ ᠠᠭᠠᠷ ᠠᠮᠢᠰᠬᠤᠯᠯᠠᠨ᠂ ᠰᠡᠷᠢᠭᠦᠨ ᠰᠠᠯᠬᠢ ᠪᠠᠷ ᠢᠯᠪᠢᠭᠦᠯᠦᠨ ᠪᠠᠶᠢᠵᠤ ᠬᠡᠭᠡᠷ᠎ᠡ ᠭᠠᠳᠠᠭ᠎ᠠ ᠬᠤᠭᠤᠯᠠᠯᠠᠬᠤ ᠨᠢ ᠪᠠᠰᠠ ᠴᠤ ᠨᠢᠭᠡᠨ ᠵᠦᠢᠯ ᠤᠨ ᠵᠢᠷᠭᠠᠯ ᠭᠡᠯᠲᠡᠢ᠃ ᠬᠠᠭᠠᠷᠢᠭᠰᠠᠨ ᠪᠣᠣᠪᠤ᠂ ᠰᠡᠷᠢᠭᠦᠨ ᠨᠣᠭᠤᠭ᠎ᠠ᠂ ᠲᠥᠪᠡᠳ ᠬᠠᠰᠢ᠂ ᠦᠷᠭᠡᠰᠦᠳᠦ ᠬᠡᠮᠬᠡ ᠁ ᠨᠢᠭᠡᠨ ᠡᠷᠡᠨ ᠤ ᠦᠳᠡ ᠶᠢᠨ ᠬᠤᠭᠤᠯᠠ ᠲᠦᠭᠦᠮ ᠠᠳᠠᠯ᠎ᠠ ᠪᠠᠨ ᠮᠠᠰᠢ ᠲᠠᠭᠠᠯᠠᠮᠵᠢᠲᠠᠢ ᠰᠠᠶᠢᠬᠠᠨ ᠪᠣᠯᠵᠤ᠂ ᠪᠢᠳᠠ ᠴᠤ ᠳᠠᠷᠠᠭᠠᠴᠢ ᠶᠢᠨ ᠠᠯᠬᠤᠮ ᠤᠨ ᠵᠠᠮ ᠱᠤᠭᠤᠮ ᠢᠶᠠᠨ ᠬᠡᠯᠡᠯᠴᠡᠨ ᠲᠣᠬᠢᠷᠠᠯᠴᠠᠯ᠎ᠠ᠃              ᠬᠤᠭᠤᠯᠠᠯᠠᠨ ᠳᠠᠭᠤᠰᠴᠤ ᠬᠤᠭ ᠨᠣᠪᠰᠢ ᠪᠠᠨ ᠴᠡᠪᠡᠷᠯᠡᠨ ᠠᠬᠤᠶᠢᠯᠠᠭᠠᠳ ᠪᠢᠳᠠ ᠪᠠᠷᠳᠤ ᠶᠢᠨ ᠠᠭᠤᠯᠠ ᠶᠢ ᠵᠣᠷᠢᠯ᠎ᠠ᠃ ᠪᠠᠷᠳᠤ ᠶᠢᠨ ᠠᠭᠤᠯᠠ ᠨᠢ ᠦᠨᠡᠨ ᠳᠡᠭᠡᠨ ᠭᠤᠷᠪᠠᠨ ᠣᠪᠣᠭ᠎ᠠ ᠠᠴᠠ ᠬᠤᠶᠢᠰᠢ ᠪᠠᠨ ᠪᠠᠶᠢᠷᠢᠯᠠᠵᠤ ᠪᠠᠶᠢᠭ᠎ᠠ ᠠᠯᠠᠱᠠ ᠠᠭᠤᠯᠠ ᠶᠢᠨ ᠬᠤᠶᠢᠲᠤ ᠬᠡᠰᠡᠭ ᠤᠨ ᠦᠷᠭᠦᠯᠵᠢᠯᠡᠯ ᠪᠤᠯᠬᠤ ᠶᠤᠮ᠂ ᠪᠠᠶᠠᠨᠬᠤᠲᠠ ᠶᠢᠨ ᠬᠤᠶᠢᠲᠤ ᠰᠢᠯᠢ ᠳᠡᠭᠡᠷ᠎ᠡ ᠠᠴᠠ ᠪᠤᠶᠤ ᠮᠦᠷᠡᠨᠭᠤᠣᠯ ᠠᠴᠠ ᠵᠡᠭᠦᠨ ᠬᠤᠶᠢᠰᠢ ᠪᠠᠨ ᠬᠠᠷᠠᠬᠤ ᠳᠤ ᠶᠠᠭ ᠯᠠ ᠨᠢᠭᠡᠨ ᠪᠠᠷᠰ ᠡᠮᠦᠨ᠎ᠡ ᠬᠥᠯ ᠢᠶᠠᠨ ᠤᠷᠤᠭᠰᠢ ᠨᠢ ᠵᠢᠭᠢᠯᠭᠡᠨ ᠬᠡᠪᠲᠡᠭᠰᠡᠨ ᠲᠥᠷᠬᠦ ᠲᠠᠢ ᠨᠢᠭᠡᠨ ᠠᠭᠤᠯᠠ ᠬᠠᠷᠠᠭᠳᠠᠳᠠᠭ ᠨᠢ ᠳᠠᠷᠤᠢ ᠪᠠᠷᠳᠤ ︵ᠪᠠᠷᠰᠲᠤ︶  ᠶᠢᠨ ᠠᠭᠤᠯᠠ ᠪᠣᠯᠣᠨ᠎ᠠ᠃ ᠠᠭᠤᠯᠠ ᠶᠢᠨ ᠳᠦᠷᠰᠦ ᠪᠠᠶᠢᠳᠠᠯ ᠢᠶᠠᠷ ᠨᠢ ᠢᠩᠭᠢᠵᠦ ᠨᠡᠷᠡᠯᠡᠭᠰᠡᠨ ᠪᠤᠶᠤ ᠲᠤᠰ ᠠᠭᠤᠯᠠᠨ ᠳᠤ ᠥᠩᠭᠡᠷᠡᠭᠰᠡᠨ ᠳᠤ ᠪᠠᠷᠰ ᠪᠠᠶᠢᠭᠰᠠᠨ ᠭᠡᠬᠦ ᠠᠷᠠᠳ ᠤᠨ ᠠᠮᠠᠨ ᠶᠠᠷᠢᠶ᠎ᠠ ᠪᠠᠷ ᠡᠶᠢᠮᠦ ᠨᠡᠷ᠎ᠡ ᠥᠭᠭᠦᠭᠰᠡᠨ ᠭᠡᠵᠦ ᠪᠢᠳᠠᠨ ᠤ ᠵᠠᠮᠴᠢ ᠡᠷᠳᠡᠨᠢᠬᠦᠦ ᠭᠤᠸᠠᠢ ᠶᠠᠷᠢᠵᠤ ᠪᠢᠯᠡ᠃ ᠭᠡᠪᠡᠴᠦ ᠮᠢᠨᠤ ᠮᠡᠳᠡᠬᠦ ᠪᠠᠷ᠂ ᠮᠠᠨ ᠤ ᠤᠯᠤᠰ ᠤᠨ ᠬᠢᠵᠠᠭᠠᠷ ᠲᠤ ᠲᠡᠦᠬᠡᠨ ᠠᠴᠠ ᠨᠠᠭᠠᠰᠢ ᠵᠡᠭᠦᠨ ᠬᠤᠶᠢᠲᠤ ᠶᠢᠨ ᠪᠠᠷᠰ᠂ ᠬᠤᠸᠠᠨᠠᠨ ᠤ ᠪᠠᠷᠰ ᠪᠣᠯᠣᠨ ᠲᠠᠷᠢᠮ ᠤᠨ ᠬᠤᠳᠤᠭᠤᠷ ᠲᠤ ᠠᠮᠢᠳᠤᠷᠠᠵᠤ ᠪᠠᠶᠢᠭᠰᠠᠨ ᠰᠢᠨᠵᠢᠶᠠᠩ ᠤᠨ ᠪᠠᠷᠰ ︵ᠺᠠᠰᠫᠢ ᠲᠠᠩᠭᠢᠰ ᠤᠨ ᠪᠠᠷᠰ︶ ᠵᠡᠷᠭᠡ ᠭᠤᠷᠪᠠᠨ ᠲᠦᠷᠦᠯ ᠤᠨ ᠪᠠᠷᠰ ᠪᠠᠶᠢᠭᠰᠠᠨ ᠲᠡᠮᠳᠡᠭᠯᠡᠯ ᠲᠠᠢ ᠪᠥᠭᠡᠳ ᠰᠡᠭᠦᠯ ᠤᠨ ᠬᠤᠶᠠᠷ ᠵᠦᠢᠯ ᠤᠨ ᠪᠠᠷᠰ ᠨᠢ ᠨᠢᠭᠡᠨᠲᠡ ᠤᠰᠠᠳᠤᠭᠠᠳ ᠣᠨ ᠵᠢᠯ ᠤᠳᠠᠵᠤ ᠪᠤᠢ᠃ ᠮᠠᠨ ᠤ ᠡᠨᠡ ᠬᠦ ᠨᠤᠲᠤᠭ ᠪᠦᠰᠡ ᠪᠠᠷ ᠪᠠᠷᠰ ᠣᠷᠣᠰᠢᠨ ᠠᠮᠢᠳᠤᠷᠠᠬᠤ ᠪᠣᠯᠣᠮᠵᠢ ᠨᠥᠬᠦᠴᠡᠯ ᠠᠷᠠᠢ ᠦᠭᠡᠢ ᠪᠣᠯᠬᠤᠷ ᠬᠠᠰᠢᠯᠠ ᠠᠭᠤᠯᠠ ᠶᠢᠨ ᠭᠡᠯᠪᠡᠷᠢ ᠳᠦᠷᠰᠦ ᠪᠠᠷ ᠨᠢ ︽ᠪᠠᠷᠳᠤ ᠶᠢᠨ ᠠᠭᠤᠯᠠ︾ ᠭᠡᠵᠦ ᠨᠡᠷᠡᠯᠡᠭᠰᠡᠨ ᠪᠠᠶᠢᠬ᠎ᠠ ᠭᠡᠵᠦ ᠲᠠᠭᠠᠮᠠᠭᠯᠠᠨ ᠪᠤᠳᠤᠵᠤ ᠶᠠᠪᠤᠲᠠᠯ᠎ᠠ ᠨᠢᠭᠡ ᠮᠡᠳᠡᠬᠦ ᠳᠤ ᠪᠠᠷᠳᠤ ᠶᠢᠨ ᠠᠭᠤᠯᠠᠨ ᠤ ᠳᠠᠶᠠᠨ ᠤ ᠭᠤᠣᠯ ᠭᠡᠬᠦ ᠠᠭᠤᠯᠠᠨ ᠠᠮᠠ ᠪᠠᠷ ᠣᠷᠣᠯ᠎ᠠ᠃ ᠮᠥᠨ ᠯᠡ ᠬᠠᠳᠠ ᠴᠢᠯᠠᠭᠤᠳ ᠳᠦᠭᠦᠷᠦᠭᠰᠡᠨ ᠭᠤᠣᠯ ᠤᠨ ᠰᠠᠢ ᠲᠤᠯᠠ ᠬᠡᠰᠡᠭ ᠶᠠᠪᠤᠭᠠᠳ ᠮᠠᠰᠢᠨ ᠣᠷᠣᠵᠤ ᠲᠡᠶᠢᠯᠭᠦ ᠦᠭᠡᠢ ᠪᠣᠯᠤᠭᠰᠠᠨ ᠠᠴᠠ ᠪᠢᠳᠠ ᠲᠡᠷᠭᠡ ᠪᠠᠨ ᠤᠷᠭᠢᠭᠠᠳ ᠭᠤᠣᠯ ᠥᠭᠰᠥᠨ ᠶᠠᠪᠠᠭᠠᠨ ᠭᠡᠯᠳᠦᠷᠢᠯ᠎ᠡ᠃ ᠭᠤᠣᠯ ᠶᠠᠪᠤᠬᠤ ᠲᠤᠰᠤᠮ ᠢᠪᠴᠦᠦᠷᠠᠵᠤ ᠂ ᠵᠠᠮ ᠴᠤ ᠤᠯᠠᠮ ᠡᠭᠴᠡ ᠪᠠᠷᠳᠠᠭ᠎ᠠ ᠲᠠᠢ ᠪᠤᠯᠬᠤ ᠳᠤ ᠨᠠᠷᠢᠬᠠᠨ ᠵᠢᠵᠢᠭ ᠭᠤᠷᠤᠬ᠎ᠠ ᠭᠡᠮᠡᠷ ᠤᠰᠤ ᠴᠢᠭᠢᠭ ᠢᠯᠡᠷᠡᠯ᠎ᠡ᠃ ︽ᠥᠩᠭᠡᠷᠡᠭᠰᠡᠨ ᠳᠤ ᠡᠨᠡ ᠭᠤᠣᠯ ᠤᠨ ᠡᠬᠢᠨ ᠳᠤ ᠨᠡᠯᠢᠶᠡᠳ ᠤᠰᠤ ᠲᠠᠢ ᠪᠤᠯᠠᠭ ᠪᠠᠶᠢᠭᠰᠠᠨ᠂ ᠤᠳᠤ ᠴᠤ ᠭᠠᠩᠳᠠᠭᠠᠳ ᠡᠳᠦᠶᠢᠬᠡᠨ ᠯᠡ ᠵᠢᠭᠠᠬᠠᠨ ᠤᠷᠤᠰᠬᠠᠯ ᠲᠠᠢ ᠪᠣᠯᠵᠠᠢ︾ ᠭᠡᠵᠦ ᠡᠷᠳᠡᠨᠢᠬᠦᠦ ᠬᠡᠯᠡᠬᠦ ᠳᠤ᠂ ᠪᠢᠳᠠᠠ ᠲᠠᠢ ᠬᠠᠮᠲᠤ ᠶᠠᠪᠤᠭ᠎ᠠ ᠠᠯᠠᠱᠠ ᠠᠭᠤᠯᠠᠨ ᠤ ᠤᠯᠤᠰ ᠤᠨ ᠳᠡᠰ ᠤᠨ ᠬᠠᠮᠠᠭᠠᠯᠠᠯᠲᠠ ᠶᠢᠨ ᠣᠷᠣᠨ ᠤ ᠬᠠᠮᠢᠶᠠᠷᠤᠯᠲᠠ ᠶᠢᠨ ᠲᠣᠪᠴᠢᠶᠠᠨ ᠤ ᠠᠵᠢᠯᠲᠠᠨ ᠴᠤ ᠣᠶᠢᠷ᠎ᠠ ᠶᠢᠨ ᠵᠢᠯ ᠤᠳ ᠤᠨ ᠭᠠᠩ ᠬᠠᠭᠰᠠᠷᠠᠭᠠᠨ ᠠᠴᠠ ᠪᠣᠯᠵᠤ᠂ ᠠᠯᠠᠱᠠ ᠠᠭᠤᠯᠠᠨ ᠤ ᠤᠰᠤᠨ ᠤ ᠬᠠᠳᠠᠭᠠᠯᠠᠭᠳᠠᠴᠠ ᠢᠯᠡᠳᠲᠡ ᠮᠠᠭᠤᠳᠠᠵᠤ᠂ ᠠᠭᠤᠯᠠᠨ ᠴᠣᠭᠴᠠ ᠶᠢᠨ ᠤᠰᠤᠨ ᠱᠤᠭᠤᠮ ᠨᠢ ᠳᠣᠷᠣᠭᠰᠢᠯᠠᠭᠰᠠᠨ ᠠᠴᠠ ᠠᠭᠤᠯᠠᠨ ᠣᠷᠣᠢ᠂ ᠥᠨᠳᠥᠷ ᠬᠢᠷ᠎ᠠ ᠳᠠᠭᠠᠤ ᠬᠢ ᠬᠥᠬᠡᠨᠠᠭᠤᠷ ᠤᠨ ᠭᠠᠴᠤᠷ᠎ᠠ ᠵᠣᠬᠢᠬᠤ ᠬᠡᠪᠴᠢᠶ᠎ᠡ ᠪᠠᠷ ᠬᠠᠳᠠᠵᠤ ᠬᠤᠪᠠᠭ᠋ᠠᠶᠢᠷᠠᠵᠤ ᠪᠠᠶᠢᠭ᠎ᠠ ᠪᠠᠶᠢᠳᠠᠯ ᠢᠯᠡᠷᠡᠭᠰᠡᠨ ᠪᠠᠶᠢᠨ᠎ᠠ᠃ ᠡᠳᠦᠭᠡ ᠲᠡᠳᠡ ᠶᠠᠭ ᠣᠷᠣᠨ ᠤ ᠭᠠᠳᠠᠨ᠎ᠠ ᠳᠣᠲᠣᠨᠠᠬᠢ ᠬᠠᠮᠢᠶ᠎ᠠ ᠪᠦᠬᠦᠢ ᠤᠢ ᠰᠢᠭᠤᠢ ᠶᠢᠨ ᠰᠤᠳᠤᠯᠭᠠᠨ ᠤ ᠪᠠᠶᠢᠭᠤᠯᠤᠮᠵᠢ᠂ ᠶᠡᠭᠡ ᠳᠡᠭᠡᠳᠦ ᠰᠤᠷᠭᠠᠭᠤᠯᠢ ᠶᠢᠨ ᠬᠢᠨ ᠲᠠᠢ ᠬᠠᠮᠲᠤᠷᠠᠯᠴᠠᠨ ᠪᠠᠶᠢᠴᠠᠭᠠᠨ ᠰᠤᠳᠤᠯᠤᠯᠲᠠ ᠬᠢᠵᠦ᠂ ᠡᠷᠴᠢᠮᠲᠡᠢ ᠠᠷᠭ᠎ᠠ ᠠᠪᠴᠠᠯ ᠬᠡᠷᠡᠭᠵᠢᠭᠦᠯᠵᠦ ᠪᠠᠶᠢᠨ᠎ᠠ ᠭᠡᠵᠦ ᠲᠠᠨᠢᠯᠴᠠᠭᠤᠯᠤᠯ᠎ᠠ᠃ ᠲᠡᠳᠡᠨᠡᠷ ᠤᠨ ᠵᠢᠭᠠᠭᠰᠠᠨ ᠴᠢᠭᠯᠡᠯ ᠢᠶᠠᠷ ᠬᠠᠷᠠᠬᠤ ᠳᠤ᠂ ᠪᠠᠷᠳᠤ ᠠᠭᠤᠯᠠ ᠶᠢᠨ ᠬᠢᠷ᠎ᠠ ᠳᠠᠭᠠᠤ ᠬᠡᠰᠡᠭ ᠬᠡᠰᠡᠭ ᠬᠥᠬᠡᠨᠠᠭᠤᠷ ᠤᠨ ᠭᠠᠴᠤᠷ᠎ᠠ ᠰᠢᠷᠠᠯᠠᠨ ᠬᠠᠷᠠᠭᠳᠠᠵᠤ ᠪᠠᠶᠢᠯ᠎ᠠ᠃              ᠭᠤᠣᠯ ᠲᠡᠭᠰᠢᠯᠡᠬᠦ ᠶᠢ ᠳᠠᠭᠠᠯᠳᠤᠨ ᠵᠢᠵᠢᠭᠬᠡᠨ ᠭᠤᠷᠣᠬᠠᠨ ᠤ ᠤᠰᠤ ᠦᠯᠦ ᠮᠡᠳᠡᠭᠳᠡᠮ᠎ᠡ ᠨᠡᠮᠡᠭᠳᠡᠵᠦ ᠢᠷᠡᠬᠦ ᠳᠤ ᠪᠢᠳᠠ ᠨᠢᠭᠡᠨ ᠲᠣᠮᠣ ᠮᠣᠳᠣᠨ ᠤ ᠳᠣᠣᠷ᠎ᠠ ᠲᠤᠯᠵᠤ ᠣᠴᠢᠯ᠎ᠠ᠃ ᠥᠨᠳᠥᠷ ᠢᠶᠠᠷ ᠢᠶᠠᠨ 15 ᠮᠧᠲᠷ ᠭᠠᠷᠤᠢ᠂ ᠳ᠋ᠢᠶᠠᠮᠧᠲᠷ ᠨᠢ 60 ᠰᠢᠬᠠᠭᠤ ᠰᠠᠨᠲ᠋ᠢᠮᠧᠲᠷ ᠬᠦᠷᠬᠦ ᠠᠰᠬᠠᠨ ᠲᠡᠭᠰᠢ ᠡᠨᠡ ᠮᠣᠳᠣ ᠶᠢ ᠬᠤᠰᠢ ᠠᠷᠴᠠ ᠭᠡᠳᠡᠭ ᠪᠥᠭᠡᠳ ᠪᠠᠷᠤᠭ ᠬᠤᠶᠠᠷ ᠭᠤᠷᠪᠠᠨ ᠵᠠᠭᠤᠨ ᠵᠢᠯ ᠤᠨ ᠨᠠᠰᠤ ᠲᠠᠢ ᠪᠣᠯᠬᠤᠷ ᠨᠤᠲᠤᠭ ᠤᠨ ᠬᠥᠮᠥᠰ ᠰᠠᠬᠢᠭᠤᠯᠰᠤᠨ ᠮᠣᠳᠣ ᠬᠡᠮᠡᠨ ᠬᠠᠮᠠᠭᠠᠯᠠᠭᠠᠳ᠂ ᠬᠠᠳᠠᠭ ᠳᠠᠷᠴᠤᠭ ᠤᠶᠠᠵᠤ ᠣᠩᠭᠤᠯᠠᠨ ᠳᠠᠬᠢᠭᠰᠠᠭᠠᠷ ᠤᠳᠤ ᠪᠣᠯᠤᠭᠰᠠᠨ ᠭᠡᠨ᠎ᠡ᠃ ᠮᠣᠩᠭᠤᠯᠴᠤᠳ ᠶᠡᠷᠦ ᠨᠢ ᠠᠯᠢ ᠡᠷᠲᠡᠨ ᠠᠴᠠ ᠣᠩᠭᠤᠨ ᠲᠠᠬᠰᠢᠨ ᠮᠣᠳᠣ ᠴᠢᠯᠠᠭᠤ᠂ ᠠᠭᠤᠯᠠ ᠬᠠᠶᠢᠷᠬᠠᠨ ᠢᠶᠠᠨ ᠬᠦᠨᠳᠦᠳᠬᠡᠨ ᠰᠢᠲᠦᠵᠦ᠂ ᠳᠤᠷ᠎ᠠ ᠳᠠᠪᠠ ᠪᠠᠷ ᠢᠶᠠᠨ ᠡᠪᠳᠡᠵᠦ ᠰᠦᠢᠳᠬᠡᠳᠡᠭ ᠦᠭᠡᠢ ᠪᠣᠯᠬᠤᠷ ᠪᠠᠶᠢᠭᠠᠯᠢ ᠠᠬᠤᠢ ᠪᠠᠨ ᠬᠠᠮᠠᠭᠠᠯᠠᠨ᠂ ᠦᠶ᠎ᠡ ᠶᠢᠨ ᠦᠶ᠎ᠡ ᠪᠠᠷ ᠢᠶᠠᠨ ᠬᠥᠮᠥᠨ ᠪᠠᠶᠢᠭᠠᠯᠢ ᠶᠢᠨ ᠡᠶ᠎ᠡ ᠵᠣᠬᠢᠴᠠᠯ᠂ ᠲᠡᠩᠴᠡᠭᠦᠷᠢ ᠶᠢ ᠪᠠᠲᠤᠯᠠᠭᠰᠠᠭᠠᠷ ᠢᠷᠡᠭᠰᠡᠨ ᠰᠢᠯᠢᠳᠡᠭ ᠤᠯᠠᠮᠵᠢᠯᠠᠯ ᠨᠢ ᠶᠡᠬᠡᠬᠡᠨ ᠤᠬᠠᠭᠠᠨ ᠪᠢᠯᠢᠭ ᠪᠠᠶᠢᠭᠰᠠᠨ ᠨᠢ ᠮᠡᠳᠡᠭᠡᠵᠢ᠃ ᠤᠩᠭᠤᠨ ᠮᠣᠳᠣ ᠠᠴᠠ ᠳᠡᠭᠡᠭᠰᠢ ᠨᠢ ᠳᠡᠮᠡᠢ ᠶᠠᠪᠤᠭᠰᠠᠨ ᠦᠭᠡᠢ ᠪᠢᠳᠠ ᠪᠠᠰᠠ ᠨᠢᠭᠡᠨ ᠭᠡᠷ ᠪᠠᠷᠢᠯᠭ᠎ᠠ ᠶᠢᠨ ᠪᠠᠭᠤᠷᠢ ᠳᠡᠭᠡᠷ᠎ᠡ ᠭᠦᠷᠦᠯ᠎ᠡ᠃ ᠬᠤᠶᠢᠨ᠎ᠠ ᠠᠴᠠ ᠡᠮᠦᠨᠡᠰᠢ ᠬᠠᠨᠳᠤᠵᠤ ᠠᠭᠤᠯᠠ ᠲᠦᠰᠢᠭᠦᠯᠦᠨ ᠪᠠᠶᠢᠭᠤᠯᠤᠭᠰᠠᠨ ᠡᠨᠡ ᠪᠠᠷᠢᠯᠭ᠎ᠠ ᠨᠢ ᠵᠦᠪᠭᠡᠨ ᠵᠡᠭᠦᠨ ᠲᠠᠯ᠎ᠠ ᠶᠢᠨ ᠬᠡᠷᠡᠮ ᠤᠨ ᠦᠯᠡᠳᠡᠭᠳᠡᠯ᠂ ᠴᠢᠯᠠᠭᠤᠨ ᠰᠠᠭᠤᠷᠢ ᠲᠡᠳᠦᠢ ᠦᠯᠡᠳᠡᠭᠰᠡᠨ ᠪᠤᠯᠪᠠᠴᠤ ᠢᠯᠡᠳᠲᠡ ᠰᠦᠮ᠎ᠡ ᠳᠤᠭᠠᠩ ᠤᠨ ᠰᠢᠨᠵᠢ ᠶᠢ ᠬᠠᠳᠠᠭᠠᠯᠠᠭᠰᠠᠨ ᠪᠠᠶᠢᠨ᠎ᠠ᠃ ᠬᠡᠪᠴᠢᠶ᠎ᠡ ᠪᠠᠷ ᠢᠶᠠᠨ ᠲᠦᠷᠦᠭᠦᠴᠢ ᠶᠢᠨ ᠲᠦᠭᠦᠮ ᠤᠨ ᠭᠤᠣᠯ ᠳᠠᠬᠢ ᠰᠦᠮ᠎ᠡ ᠶᠢᠨ ᠵᠡᠷᠭᠡ ᠦᠭᠡᠢ ᠪᠤᠯᠪᠠᠴᠤ ᠪᠠᠷᠢᠯᠭ᠎ᠠ ᠶᠢᠨ ᠤᠷ᠎ᠠ ᠮᠡᠷᠭᠡᠵᠢᠯ᠂ ᠨᠠᠷᠢᠯᠢᠭ ᠤᠨ ᠬᠡᠮᠵᠢᠶ᠎ᠡ ᠪᠠᠷ ᠢᠶᠠᠨ ᠳᠠᠪᠠᠭᠰᠠᠨ ᠪᠠᠶᠢᠳᠠᠯ ᠲᠠᠢ᠃ ᠭᠠᠵᠠᠷ ᠤᠨ ᠪᠠᠶᠢᠴᠠ ᠳᠠᠭᠠᠭᠤᠯᠤᠨ ᠭᠤᠷᠪᠠᠨ ᠳᠡᠭᠲᠡᠷ ᠲᠤ ᠪᠠᠶᠢᠭᠤᠯᠤᠭᠰᠠᠨ ᠪᠠᠷᠢᠯᠭ᠎ᠠ ᠶᠢᠨ ᠬᠠᠮᠤᠭ ᠳᠡᠭᠡᠳᠡᠭᠢ ᠨᠢ ᠳᠤᠭᠠᠩ ᠪᠠᠶᠢᠵᠤ᠂ ᠪᠠᠷᠢᠯᠭ᠎ᠠ ᠶᠢᠨ ᠴᠢᠯᠠᠭᠤᠨ ᠰᠠᠭᠤᠷᠢ ᠶᠢᠨ ᠬᠠᠮᠤᠭ ᠥᠨᠳᠥᠷ ᠬᠡᠰᠡᠭ ᠨᠢ ᠬᠤᠶᠠᠷ ᠮᠧᠲᠷ ᠳᠥᠬᠦᠵᠦ᠂ ᠬᠡᠷᠡᠮ ᠤᠨ ᠲᠦᠷᠪᠡᠨ ᠥᠨᠴᠥᠭ ᠨᠢ ᠪᠦᠷ ᠬᠥᠬᠡ ᠳᠤᠭᠤᠰᠭ᠋᠎ᠠ ᠪᠠᠷ ᠪᠣᠰᠬᠠᠵᠤ ᠪᠠᠶᠢᠭᠰᠠᠨ ᠨᠢ ᠢᠯᠡᠷᠬᠡᠢ᠃ ᠳᠤᠭᠠᠩ ᠤᠨ ᠵᠢᠬᠴᠠ ︵ᠰᠢᠪᠡᠷ ᠲᠤᠭᠤᠰᠭ᠋᠎ᠠ︶ ᠬᠡᠷᠡᠮ ᠨᠢ ᠵᠤᠵᠠᠭᠠᠨ ᠢᠶᠠᠷ ᠪᠠᠷᠤᠭ 50 - 60 ᠰᠠᠨᠲ᠋ᠢᠮᠧᠲᠷ ᠲᠤ ᠬᠦᠷᠴᠦ᠂ ᠴᠠᠭᠠᠨ ᠴᠣᠬᠤᠢ ᠪᠠᠷ ᠢᠯᠢᠵᠡᠢ᠃ ᠪᠠᠭᠤᠷᠢ ᠶᠢᠨ ᠡ᠊ᠨᠳᠡ ᠲᠡᠨᠳᠡ ᠬᠥᠬᠡ ᠲᠤᠭᠤᠰᠭ᠋᠎ᠠ᠂ ᠬᠥᠬᠡ ᠸᠠᠭᠠᠷ᠂ ᠪᠠᠭᠠᠨ᠎ᠠ ᠲᠤᠯᠭᠠᠭᠤᠷᠢ ᠶᠢᠨ ᠰᠠᠭᠤᠷᠢ ᠴᠢᠯᠠᠭᠤ ᠵᠥᠩᠳᠡᠭᠡᠨ ᠬᠠᠷᠠᠭᠳᠠᠨ᠎ᠠ᠃ ᠠᠯᠠᠱᠠ ᠶᠢᠨ ᠲᠡᠦᠬᠡ ᠲᠡᠮᠳᠡᠭᠯᠡᠯ ᠤᠨ ᠮᠠᠲ᠋ᠧᠷᠢᠶᠠᠯ ᠢ ᠦᠨᠳᠦᠰᠦᠯᠡᠪᠡᠯ᠂ ᠠᠯᠠᠱᠠ ᠬᠤᠱᠣᠳ ᠬᠤᠰᠢᠭᠤᠨ ᠤ ᠤᠷᠳᠤ ᠶᠢᠨ ᠪᠠᠭ ᠤᠨ ᠭᠤᠷᠪᠠᠨ ᠣᠪᠣᠭ᠎ᠠ ᠶᠢᠨ ᠪᠠᠷᠳᠤ ᠶᠢᠨ ᠠᠭᠤᠯᠠᠨ ᠤ ᠡᠩᠭᠡᠷ ᠲᠠᠬᠢ ᠮᠣᠭᠠᠶᠢᠲᠤ ᠭᠡᠬᠦ ᠭᠠᠵᠠᠷ ᠲᠤ ᠪᠠᠶᠢᠭᠤᠯᠤᠭᠰᠠᠨ ᠰᠦᠮ᠎ᠡ ᠶᠢ ᠪᠠᠷᠳᠤ ︵ᠪᠠᠷᠰᠲᠤ︶  ᠶᠢᠨ ᠳᠠᠶᠠᠨ ᠭᠡᠬᠦ ᠪᠥᠭᠡᠳ ᠪᠤᠶᠠᠨ ᠢ ᠦᠨᠳᠦᠰᠦᠯᠡᠭᠴᠢ ᠰᠦᠮ᠎ᠡ ︵ᠵᠡᠭᠦᠨ ᠬᠡᠶᠢᠳ︶  ᠶᠢᠨ ᠬᠠᠷᠢᠶᠠᠲᠤ ᠰᠦᠮ᠎ᠡ ᠪᠣᠯᠣᠨ᠎ᠠ᠃ ᠣᠶᠢᠯᠠᠭᠠᠭᠰᠠᠨ ᠢᠶᠠᠷ᠂ ᠳᠠᠶᠠᠨ ︵ᠪᠤᠶᠤ ᠲᠢᠶᠠᠨ︶ ᠭᠡᠭᠴᠢ ᠪᠣᠯ ᠰᠡᠳᠬᠢᠯ ᠢᠶᠠᠨ ᠪᠠᠲᠤᠳᠬᠠᠬᠤ ᠬᠡᠮᠡᠬᠦ ᠤᠳᠬ᠎ᠠ ᠪᠦᠬᠦᠢ ᠰᠠᠨᠰᠺᠷᠢᠲ ᠭᠡᠯᠡ᠂ ᠪᠠᠰᠠ ᠰᠠᠮᠠᠳᠢ ᠬᠡᠮᠡᠮᠦᠢ᠃ ᠳᠠᠷᠤᠢ ᠨᠠᠮ ᠰᠡᠯᠡᠭᠦᠨ ᠣᠷᠴᠢᠨ ᠳᠤ ᠨᠠᠮᠵᠢᠭᠤᠨ ᠲᠣᠭᠲᠠᠭᠤᠨ ᠪᠤᠳᠤᠯ ᠢᠶᠠᠷ ᠨᠢᠭᠡᠨ ᠰᠡᠳᠬᠢᠯ ᠢ ᠪᠠᠷᠢᠵᠤ ᠨᠣᠮ ᠤᠨ ᠶᠣᠰᠣᠨ ᠤ ᠪᠢᠰᠢᠯᠭᠠᠯ ᠬᠢᠬᠦ ᠪᠤᠳ᠋ᠳ᠋ᠾᠠ ᠶᠢᠨ ᠱᠠᠰᠢᠨ ᠤ ᠦᠢᠯᠡ ᠶᠢ ᠵᠢᠭᠠᠵᠤ ᠪᠤᠢ᠃ ᠲᠤᠬᠠᠢ ᠶᠢᠨ ᠦᠶ᠎ᠡ ᠳᠤ ᠪᠤᠶᠠᠨ ᠢ ᠦᠨᠳᠦᠰᠦᠯᠡᠭᠴᠢ ᠰᠦᠮ᠎ᠡ ᠶᠢᠨ ᠡᠷᠳᠡᠮ ᠨᠣᠮ ᠲᠠᠢ ᠭᠡᠭᠡᠨ ᠯᠠᠮ᠎ᠠ ᠨᠠᠷ ᠵᠢᠯ ᠪᠦᠷᠢ ᠡᠨᠡ ᠬᠦ ᠳᠠᠶᠠᠨ ᠤ ᠰᠦᠮ᠎ᠡ ᠳᠤ ᠰᠠᠭᠤᠵᠤ ᠪᠢᠰᠢᠯᠭᠠᠯ ᠬᠢᠳᠡᠭ ᠢᠶᠠᠷ ᠨᠢ ᠬᠥᠮᠥᠰ ᠡᠨᠡ ᠭᠤᠣᠯ ᠢ ᠳᠠᠶᠠᠨ ᠤ ᠭᠤᠣᠯ ᠭᠡᠵᠦ ᠨᠡᠷᠡᠯᠡᠬᠦ ᠪᠣᠯᠵᠠᠢ᠃ ᠬᠠᠷᠠᠮᠰᠠᠯᠲᠠᠢ ᠨᠢ ᠡᠨᠡ ᠰᠦᠮ᠎ᠡ ᠨᠢ ᠮᠥᠨ ᠯᠡ 1869 ᠣᠨ ︵ᠮᠠᠨᠵᠤ ᠴᠢᠩ ᠤᠨ ᠪᠦᠷᠢᠨᠲᠦ ᠵᠠᠰᠠᠭᠴᠢ ᠶᠢᠨ ᠨᠠᠢᠮᠠᠳᠤᠭᠠᠷ ᠣᠨ︶  ᠤ ᠬᠤᠲᠣᠩ ᠤᠨ ᠤᠷᠪᠠᠯᠭᠠᠨ ᠤ ᠴᠡᠷᠢᠭ ᠤᠨ ᠳᠡᠭᠡᠷᠡᠮᠳᠡᠯᠭᠡ ᠳᠤ ᠤᠴᠠᠷᠠᠵᠤ᠂ ᠭᠠᠯᠳᠠᠭᠳᠠᠨ ᠰᠦᠢᠳᠬᠡᠭᠳᠡᠬᠦ ᠬᠤᠪᠢ ᠵᠠᠶᠠᠭ᠎ᠠ ᠠᠴᠠ ᠮᠤᠯᠲᠤᠷᠠᠵᠤ ᠴᠢᠳᠠᠭᠰᠠᠨ ᠦᠭᠡᠢ᠃ ᠠᠶᠢᠮᠠᠭ ᠤᠨ ᠲᠡᠦᠬᠡᠨ ᠳᠤᠷᠠᠰᠬᠠᠯᠲᠤ ᠵᠦᠢᠯᠡᠰ ᠢ ᠬᠠᠮᠠᠭᠠᠯᠠᠨ ᠰᠤᠳᠤᠯᠬᠤ ᠲᠥᠪ ᠤᠨ ᠠᠵᠢᠯᠲᠠᠳ ᠬᠠᠮᠢᠶ᠎ᠠ ᠪᠦᠬᠦᠢ ᠬᠡᠮᠵᠢᠯᠲᠡ ᠬᠢᠵᠦ᠂ ᠲᠤᠭ᠎ᠠ ᠪᠠᠷᠢᠮᠲᠠ ᠠᠪᠤᠭᠰᠠᠨ ᠤ ᠳᠠᠷᠠᠭ᠎ᠠ ᠪᠢᠳᠠ ᠳᠠᠶᠠᠨ ᠤ ᠭᠤᠣᠯ ᠠᠴᠠ ᠭᠠᠷᠴᠤ ᠵᠡᠭᠦᠨᠰᠢ ᠴᠢᠭᠯᠡᠨ ᠶᠠᠪᠤᠭᠰᠠᠭᠠᠷ ᠨᠣᠣᠰᠣᠲᠤ ᠶᠢᠨ ᠣᠪᠣᠭᠠᠨ ᠳᠡᠭᠡᠷ᠎ᠡ ᠭᠦᠷᠦᠯ᠎ᠡ᠃ ᠨᠣᠣᠰᠣᠲᠤ ᠶᠢᠨ ᠣᠪᠣᠭ᠎ᠠ ᠨᠢ ᠤᠤᠯ ᠤᠨ ᠠᠯᠠᠱᠠ ᠬᠤᠱᠣᠳ ᠬᠤᠰᠢᠭᠤᠨ ᠤ ᠤᠷᠳᠤ ᠶᠢᠨ ᠪᠠᠭ ᠤᠨ ᠬᠠᠷᠢᠶᠠᠨ ᠳᠠᠬᠢ ᠠᠯᠠᠱᠠ ᠸᠠᠩ ᠨᠣᠶᠠᠨ ᠤ ᠠᠳᠤᠭᠤᠨ ᠰᠦᠷᠦᠭ ᠪᠠᠶᠢᠭᠰᠠᠨ ᠭᠠᠵᠠᠷ ᠠᠵᠢ᠃ ︽ᠡ᠊ᠨᠳᠡ ᠵᠢᠯ ᠪᠦᠷᠢ ᠶᠢᠨ ᠪᠢᠯᠢᠭ ᠤᠨ ᠤᠯᠠᠷᠢᠯ ᠤᠨ 5 ᠰᠠᠷ᠎ᠠ ᠶᠢᠨ 3 ᠤ ᠡᠳᠦᠷ᠂ ᠨᠣᠶᠠᠨ ᠰᠠᠩ ᠤᠨ ᠠᠳᠤᠭᠤ ᠶᠢ ᠲᠠᠯᠠᠯᠠᠨ ᠨᠠᠶᠢᠷ ᠬᠢᠵᠦ ᠣᠪᠣᠭᠠᠨ ᠳᠠᠭᠢᠯᠭ᠎ᠠ ᠬᠢᠳᠡᠭ ᠪᠠᠶᠢᠭᠰᠠᠨ ᠠᠴᠠ ᠨᠣᠣᠰᠣᠲᠤ ᠶᠢᠨ ᠣᠪᠣᠭ᠎ᠠ ᠭᠡᠳᠡᠭ᠃ ᠤᠳᠤ ᠬᠡᠳᠦᠶᠢᠪᠡᠷ ᠨᠣᠶᠠᠨ ᠰᠠᠩ ᠤᠨ ᠠᠳᠤᠭᠤ ᠭᠡᠵᠦ ᠦᠭᠡᠢ ᠪᠣᠯᠤᠭᠰᠠᠨ ᠴᠤ ᠨᠤᠲᠤᠭ ᠤᠨ ᠤᠯᠠᠨ ᠢᠶᠠᠷ ᠢᠶᠠᠨ ᠮᠥᠨ ᠣᠪᠣᠭ᠎ᠠ ᠪᠠᠨ ᠰᠢᠨᠡᠳᠬᠡᠨ ᠵᠠᠰᠠᠵᠤ ᠳᠠᠭᠢᠭᠠᠳ᠂ ᠬᠤᠷ᠎ᠠ ᠪᠣᠷᠣᠭᠠᠨ ᠬᠦᠰᠡᠨ ᠳᠠᠭᠠᠳᠬᠠᠭᠰᠠᠭᠠᠷ ᠢᠷᠡᠭᠰᠡᠨ︾ ᠭᠡᠵᠦ ᠡᠷᠳᠡᠨᠢᠬᠦᠦ ᠨᠠᠰᠤᠲᠠᠨ ᠲᠠᠨᠢᠯᠴᠠᠭᠤᠯᠵᠤ ᠪᠢᠯᠡ᠃              ᠲᠡᠨᠳᠡᠴᠡ ᠪᠢᠳᠠ ᠮᠠᠰᠢᠨ ᠳᠠᠭᠠᠨ ᠭᠠᠷᠴᠤ ᠮᠥᠷᠡᠨ ᠠᠮᠠ ᠶᠢᠨ ᠤᠰᠤᠨ ᠴᠦᠭᠦᠷᠦᠮ ᠢ ᠵᠣᠷᠢᠯ᠎ᠠ᠃ ᠡᠷᠳᠡᠨᠢᠬᠦᠦ ᠨᠠᠰᠤᠲᠠᠨ ᠤ ᠬᠡᠯᠡᠬᠦ ᠪᠠᠷ ᠲᠡᠷᠡ ᠣᠷᠴᠢᠮ ᠢᠶᠠᠷ ᠨᠢᠭᠡ ᠳᠤᠭᠠᠩ ᠰᠤᠪᠤᠷᠭ᠎ᠠ ᠶᠢᠨ ᠪᠠᠭᠤᠷᠢ ᠪᠣᠯᠣᠨ ᠬᠤᠶᠠᠷ ᠬᠡᠰᠡᠭ ᠬᠠᠳᠠᠨ ᠵᠢᠷᠤᠭ ᠤᠨ ᠦᠯᠡᠳᠡᠭᠳᠡᠯ ᠪᠤᠢ ᠭᠡᠨ᠎ᠡ᠃ ᠮᠥᠷᠡᠨ ᠠᠮᠠ ᠶᠢᠨ ᠤᠰᠤᠨ ᠴᠦᠭᠦᠷᠦᠮ ᠭᠡᠪᠡᠯ ᠪᠠᠶᠠᠨᠬᠤᠲᠠ ᠳᠤ ᠮᠡᠳᠡᠬᠦ ᠦᠭᠡᠢ ᠬᠥᠮᠥᠨ ᠠᠯᠠᠭ᠎ᠠ ᠪᠠᠶᠢᠬ᠎ᠠ᠂ ᠤᠯᠠᠨ ᠵᠢᠯ ᠤᠨ ᠲᠤᠷᠰᠢ ᠪᠠᠶᠠᠨᠬᠤᠲᠠ ᠶᠢᠨ ᠰᠠᠭᠤᠭᠠᠯᠢ ᠠᠷᠠᠳ ᠤᠨ ᠠᠮᠢᠳᠤᠷᠠᠯ ᠦᠢᠯᠡᠳᠪᠦᠷᠢᠯᠡᠯ ᠤᠨ ᠤᠰᠤ ᠤᠨᠳᠤᠷᠤᠯᠭ᠎ᠠ ᠶᠢ ᠪᠠᠲᠤᠯᠠᠭᠰᠠᠭᠠᠷ ᠢᠷᠡᠭᠰᠡᠨ ︽ᠤᠰᠤᠨ ᠭᠤᠯᠣᠮᠲᠠ︾ ᠪᠤᠯᠬᠤ ᠶᠤᠮ᠃ ᠪᠢ ᠥᠪᠡᠷ ᠢᠶᠠᠨ ᠴᠤ ᠨᠡᠷ᠎ᠡ ᠶᠢ ᠨᠢ ᠰᠣᠨᠣᠰᠴᠤ ᠪᠠᠶᠢᠭᠰᠠᠨ ᠠᠴᠠ ᠪᠢᠰᠢ ᠲᠤᠬᠠᠢ ᠶᠢᠨ ᠭᠠᠵᠠᠷ ᠲᠤᠨᠢ ᠶᠡᠷᠦᠨᠢ ᠬᠦᠷᠴᠦ ᠦᠵᠡᠭᠡᠳᠦᠢ ᠪᠣᠯᠬᠤᠷ ᠡᠨᠡ ᠤᠳᠠᠭᠠᠨ ᠤ ᠲᠤᠭᠢᠶᠠᠯ ᠢᠶᠠᠷ ᠡᠨᠡ ᠬᠦ ᠤᠰᠤᠨ ᠴᠦᠭᠦᠷᠦᠮ ᠤᠨ ᠦᠨᠡᠨ ᠲᠥᠷᠬᠦ ᠶᠢ ᠣᠯᠵᠤ ᠬᠠᠷᠠᠬᠤ ᠶᠤᠮ ᠪᠠᠶᠢᠨ᠎ᠠ ᠭᠡᠵᠦ ᠨᠢᠭᠡ ᠵᠠᠮ ᠤᠯᠵᠠᠭᠤᠷᠬᠠᠨ ᠪᠤᠳᠤᠵᠤ ᠶᠠᠪᠤᠯ᠎ᠠ᠃ ᠤᠳᠠᠯ ᠦᠭᠡᠢ ᠤᠰᠤᠨ ᠴᠦᠭᠦᠷᠦᠮ ᠤᠨ ᠪᠠᠷ᠎ᠠ ᠬᠠᠷᠠᠭᠳᠠᠨ᠂ ᠲᠡᠷᠭᠡ ᠴᠦ ᠠᠭᠤᠯᠠᠨ ᠵᠠᠮ ᠢᠶᠠᠷ ᠥᠭᠰᠥᠵᠦ᠂ ᠶᠠᠪᠤᠬᠤ ᠲᠤᠰᠤᠮ ᠣᠶᠢᠷᠠᠳᠬᠤ ᠶᠢ ᠳᠠᠭᠠᠯᠳᠤᠨ ᠰᠡᠳᠬᠢᠯ ᠥᠪᠡᠷ ᠤᠨ ᠡᠷᠬᠡ ᠦᠭᠡᠢ ᠬᠥᠭᠰᠡᠵᠦ ᠭᠡᠷᠡᠯ ᠵᠢᠷᠤᠭ ᠤᠨ ᠮᠠᠰᠢᠨ ᠢᠶᠠᠨ ᠰᠠᠶᠢᠲᠤᠷ ᠲᠣᠬᠢᠷᠠᠭᠤᠯᠤᠭᠠᠳ᠂ ᠴᠦᠭᠦᠷᠦᠮ ᠤᠨ ᠤᠰᠤ ᠬᠠᠷᠠᠭᠳᠠᠬᠤ ᠲᠡᠷᠡ ᠨᠢᠭᠡᠨ ᠠᠭᠱᠠᠨ ᠢ ᠵᠢᠷᠤᠭᠯᠠᠨ ᠲᠡᠮᠳᠡᠭᠯᠡᠬᠦ ᠪᠠᠷ ᠪᠡᠯᠡᠬᠡᠨ ᠪᠣᠯᠭᠠᠯ᠎ᠠ᠃ ᠭᠡᠪᠡᠴᠦ ᠮᠠᠰᠢᠨ ᠲᠡᠷᠭᠡ ᠴᠦᠭᠦᠷᠦᠮ ᠤᠨ ᠬᠠᠰᠢᠯᠭ᠎ᠠ ᠳᠡᠭᠡᠷ᠎ᠡ ᠳᠠᠪᠠᠨ ᠭᠠᠷᠬᠤ ᠦᠶ᠎ᠡ ᠳᠤ ᠲᠤᠰᠤᠯ ᠤᠰᠤ ᠴᠤ ᠬᠠᠷᠠᠭᠳᠠᠭᠰᠠᠨ ᠦᠭᠡᠢ᠂ ᠵᠦᠪᠭᠡᠨ ᠢᠷᠤᠭᠠᠷ ᠨᠢ ᠭᠠᠷᠤᠭᠰᠠᠨ ᠴᠦᠭᠦᠷᠦᠮ᠂ ᠶᠡᠭᠦᠷᠡᠵᠦ ᠤᠨᠠᠭᠰᠠᠨ ᠴᠢᠯᠠᠭᠤᠨ ᠳᠠᠯᠠᠩ᠂ ᠬᠠᠳᠠᠵᠤ ᠰᠢᠷᠠᠯᠠᠭᠰᠠᠨ ᠰᠢᠷᠭᠢ ᠡᠪᠡᠰᠦ ᠯᠡ ᠬᠠᠷᠠᠭᠠᠨ ᠳᠤ ᠥᠷᠲᠥᠯ᠎ᠡ ︽ᠦᠵᠡᠨ ᠪᠠᠶᠠᠷᠯᠠᠭᠤᠯᠵᠤ ᠦᠬᠦᠨ ᠭᠤᠮᠣᠳᠠᠭᠠᠨ᠎ᠠ︾ ᠭᠡᠭᠴᠢ ᠡᠨᠡ ᠯᠡ ᠪᠢᠵᠡ᠃ ᠬᠥᠮᠥᠰ ᠤᠨ ᠶᠠᠷᠢᠭᠠᠳ ᠪᠠᠶᠢᠳᠠᠭ᠂ ᠨᠡᠷ᠎ᠡ ᠠᠯᠳᠠᠷ ᠨᠢ ᠮᠠᠨᠳᠤᠭᠠᠳ ᠪᠠᠶᠢᠭᠰᠠᠨ ᠮᠥᠷᠡᠨ ᠠᠮᠠ ᠶᠢᠨ ᠤᠰᠤᠨ ᠴᠦᠭᠦᠷᠦᠮ ᠡᠳᠦᠭᠡ ᠶᠠᠭᠠᠬᠢᠭᠠᠳ ᠳᠤᠰᠤᠯ ᠤᠰᠤ ᠴᠤ ᠦᠭᠡᠢ ᠪᠣᠯᠴᠢᠬᠠᠪᠠ︖ ᠨᠡᠬᠡᠷᠡᠨ ᠭᠠᠩᠳᠠᠵᠤ ᠬᠠᠳᠠᠭᠠᠳ ᠡᠨᠡ ᠬᠡᠮᠵᠢᠶᠡᠨ ᠳᠤ ᠬᠦᠷᠴᠢᠬᠡᠭᠰᠡᠨ ᠭᠡᠵᠢ ᠦᠦ︖ ᠨᠠᠳᠠ ᠶᠢ ᠭᠠᠶᠢᠬᠠᠰᠢᠷᠠᠨ ᠠᠰᠠᠭᠤᠬᠤ ᠳᠤ᠂ ᠮᠥᠷᠡᠨ ᠠᠮᠠ ᠶᠢᠨ ᠤᠰᠤᠨ ᠰᠤᠷᠪᠤᠯᠵᠢ ᠶᠢ ᠨᠡᠩ ᠪᠦᠳᠦᠮᠵᠢ ᠲᠠᠢ ᠰᠠᠶᠢᠲᠤᠷ ᠠᠰᠢᠭᠯᠠᠵᠤ᠂ ᠠᠭᠤᠷᠰᠢᠯᠲᠠ ᠪᠣᠬᠢᠷᠳᠤᠯ ᠵᠡᠷᠭᠡ ᠶᠢ ᠨᠡᠩ ᠪᠠᠭᠠᠰᠬᠠᠬᠤ ᠶᠢᠨ ᠲᠥᠯᠥᠭᠡ ᠨᠡᠯᠢᠶᠡᠳ ᠬᠡᠳᠦᠨ ᠵᠢᠯ ᠤᠨ ᠡᠮᠦᠨ᠎ᠡ ᠴᠦᠭᠦᠷᠦᠮ ᠢ ᠭᠤᠣᠯ ᠥᠭᠰᠥᠭᠦᠯᠦᠨ ᠳᠡᠭᠡᠷ᠎ᠡ ᠲᠠᠯ᠎ᠠ ᠳᠤᠨᠢ ᠬᠠᠰᠢᠨ ᠪᠠᠶᠢᠭᠤᠯᠵᠤ᠂ ᠤᠰᠤᠨ ᠬᠤᠭᠤᠯᠠᠢ ᠳᠡᠪᠢᠰᠦᠨ ᠠᠭᠤᠯᠠ ᠤᠷᠤᠭᠤ ᠤᠰᠤ ᠵᠠᠯᠠᠬᠤ ᠪᠣᠯᠤᠭᠰᠠᠨ ᠶᠤᠮ ᠭᠡᠵᠦ ᠬᠠᠮᠲᠤ ᠶᠠᠪᠤᠵᠤ ᠪᠠᠶᠢᠭᠰᠠᠨ ᠠᠯᠠᠱᠠ ᠠᠭᠤᠯᠠᠨ ᠤ ᠤᠯᠤᠰ ᠤᠨ ᠳᠡᠰ ᠤᠨ ᠬᠠᠮᠠᠭᠠᠯᠠᠯᠲᠠ ᠶᠢᠨ ᠣᠷᠣᠨ ᠤ ᠬᠠᠮᠢᠶᠠᠷᠤᠯᠲᠠ ᠶᠢᠨ ᠲᠣᠪᠴᠢᠶᠠᠨ ᠤ ᠠᠵᠢᠯᠲᠠᠨ ᠸᠠᠩ ᠰᠢᠶᠣᠣ ᠴᠢᠨ ᠬᠡᠯᠡᠬᠦ ᠶᠢᠨ ᠳᠠᠭᠠᠤ ᠵᠡᠭᠦᠨ ᠤᠷᠤᠭᠰᠢ ᠨᠢ ᠵᠢᠭᠠᠬᠤ ᠳᠤ᠂ ᠲᠡᠷᠡ ᠴᠢᠭᠯᠡᠯ ᠤᠨ ᠠᠭᠤᠯᠠᠨ ᠬᠠᠪᠴᠢᠯ ᠢ ᠥᠨᠳᠥᠷᠬᠡᠨ ᠴᠢᠯᠠᠭᠤᠨ ᠳᠠᠯᠠᠩ ᠢᠶᠠᠷ ᠬᠠᠰᠢᠭᠰᠠᠨ ᠪᠠᠶᠢᠯ᠎ᠠ᠃ ᠮᠥᠷᠡᠨ ᠠᠮᠠ ᠶᠢᠨ ᠤᠰᠤᠨ ᠴᠦᠭᠦᠷᠦᠮ ᠬᠠᠳᠠᠵᠤ ᠰᠢᠷᠭᠢᠭᠰᠡᠨ ᠪᠢᠰᠢ᠂ ᠬᠠᠷᠢᠨ ᠳᠡᠭᠡᠳᠦ ᠤᠷᠤᠰᠬᠠᠯ ᠲᠡᠶᠢᠰᠢ ᠨᠢ ᠰᠢᠯᠵᠢᠭᠦᠯᠦᠨ ᠪᠠᠶᠢᠭᠤᠯᠵᠤ ᠤᠯᠠᠮ ᠰᠢᠨᠵᠢᠯᠡᠬᠦ ᠤᠬᠠᠭᠠᠨᠴᠢ ᠪᠠᠷ ᠠᠰᠢᠭᠯᠠᠬᠤ ᠪᠣᠯᠤᠭᠰᠠᠨ ᠢ ᠣᠶᠢᠯᠠᠭᠠᠭᠠᠳ ᠰᠡᠳᠬᠢᠯ ᠮᠢᠨᠢ ᠠᠮᠠᠷᠠᠬᠤ ᠰᠢᠭ᠋ ᠪᠣᠯᠵᠤ ᠪᠢᠯᠡ᠃ ᠬᠠᠭᠤᠴᠢᠨ ᠴᠦᠭᠦᠷᠦᠮ ᠤᠨ ᠬᠤᠶᠢᠲᠤ ᠲᠠᠯ᠎ᠠ ᠶᠢᠨ ᠰᠡᠭᠦᠶᠢᠮ᠎ᠡ ᠪᠣᠰᠤᠭ᠎ᠠ ᠬᠠᠳᠠᠨ ᠤ ᠨᠥᠮᠥᠷᠢ ᠳᠤ ᠴᠢᠯᠠᠭᠤ ᠳᠡᠭᠲᠡᠷᠯᠡᠨ ᠳᠡᠪᠢᠰᠴᠦ ᠲᠡᠭᠰᠢᠬᠡᠨ ᠲᠠᠶᠢᠰᠠ ᠪᠣᠯᠭᠠᠭᠠᠳ ᠳᠡᠭᠡᠷ᠎ᠡ ᠨᠢ ᠪᠠᠷᠢᠯᠭ᠎ᠠ ᠪᠠᠷᠢᠭᠰᠠᠨ ᠪᠠᠭᠤᠷᠢ ᠢᠯᠡᠭᠡᠨ ᠮᠡᠳᠡᠭᠳᠡᠵᠦ ᠪᠠᠶᠢᠯ᠎ᠠ᠃ ᠭᠠᠵᠠᠷ ᠤᠨ ᠪᠠᠶᠢᠴᠠ ᠳᠠᠭᠠᠭᠤᠯᠤᠨ ᠭᠤᠷᠪᠠᠨ ᠬᠡᠰᠡᠭ ᠪᠠᠷᠢᠯᠭ᠎ᠠ ᠶᠢᠨ ᠰᠠᠭᠤᠷᠢ ᠪᠠᠶᠢᠬᠤ ᠪᠤᠯᠪᠠᠴᠤ ᠳᠠᠯᠠᠪᠡᠢ ᠨᠢ ᠪᠢᠳᠠᠨ ᠤ ᠲᠦᠷᠦᠭᠦᠨ ᠤ ᠦᠵᠡᠭᠰᠡᠨ ᠲᠦᠭᠦᠮ ᠤᠨ ᠭᠤᠣᠯ ᠳᠠᠬᠢ ᠲᠤᠪᠵᠢᠯᠢᠩ ᠤᠨ ᠰᠦᠮ᠎ᠡ ︵ᠬᠦᠷᠬᠢᠷ᠎ᠡ ᠶᠢᠨ ᠰᠦᠮ᠎ᠡ︶ ᠪᠣᠯᠣᠨ ᠳᠠᠶᠠᠨ ᠤ ᠭᠤᠣᠯ ᠳᠠᠬᠢ ᠪᠠᠷᠳᠤ ᠶᠢᠨ ᠳᠠᠶᠠᠨ ᠤ ᠰᠦᠮ᠎ᠡ ᠳᠤᠭᠠᠩ ᠤᠨ ᠳᠠᠯᠠᠪᠠᠢ ᠳᠤ ᠬᠦᠷᠬᠦ ᠦᠭᠡᠢ᠂ ᠭᠡᠪᠡᠴᠦ ᠠᠳᠡ ᠲᠡᠨᠳᠡ ᠬᠠᠶᠠ ᠦᠭᠡᠢ ᠬᠠᠶᠠᠭᠳᠠᠭᠰᠠᠨ ᠬᠥᠬᠡ ᠲᠤᠭᠤᠰᠭ᠋᠎ᠠ ᠨᠡᠯᠢᠶᠡᠳ ᠬᠠᠷᠠᠭᠳᠠᠵᠤ ᠪᠠᠶᠢᠬᠤ ᠠᠴᠠ ᠨᠢ ᠦᠵᠡᠪᠡᠯ ᠳᠤᠭᠠᠩ ᠪᠠᠷᠢᠯᠭ᠎ᠠ ᠨᠢ ᠶᠡᠭᠡᠯᠡ ᠨᠠᠷᠢᠯᠢᠭ ᠪᠠᠶᠢᠭᠰᠠᠨ ᠪᠤᠯᠤᠯᠳᠡᠢ᠃ ᠰᠦᠮ᠎ᠡ ᠶᠢᠨ ᠪᠠᠭᠤᠷᠢ ᠶᠢᠨ ᠡᠮᠦᠨᠡᠬᠡᠨ ᠳᠣᠣᠷ᠎ᠠ ᠨᠢ ᠨᠢᠭᠡᠨ ᠳᠥᠷᠪᠡᠯᠵᠢᠨ ᠴᠢᠯᠠᠭᠤ ᠲᠣᠭᠤᠰᠬᠠᠨ ᠰᠠᠭᠤᠷᠢ ᠲᠠᠢ ᠰᠢᠪᠡᠷ ᠣᠪᠣᠭ᠎ᠠ ᠶᠢᠨ ᠤᠷᠤᠮ ᠢ ᠰᠠᠶᠢᠲᠤᠷ ᠠᠵᠢᠭᠯᠠᠬᠤ ᠳᠤ ᠲᠥᠪᠡᠳ ᠮᠠᠶ᠋ᠢᠭ ᠤᠨ ᠪᠤᠮᠪᠠᠯᠢᠭ ᠰᠤᠪᠤᠷᠭ᠎ᠠ ᠪᠠᠶᠢᠬᠤ ᠪᠣᠯᠣᠮᠵᠢ ᠶᠡᠬᠡᠬᠡᠨ ᠪᠠᠶᠢᠭ᠎ᠠ ᠴᠤ ᠪᠦᠷᠢᠨ ᠭᠦᠢᠴᠡᠳ ᠨᠤᠲᠠᠯᠠᠯᠲᠠ ᠪᠠᠷᠢᠮᠲᠠ ᠦᠭᠡᠢ ᠪᠣᠯᠬᠤᠷ ᠰᠢᠭᠤᠳ ᠪᠠᠲᠤᠯᠠᠬᠤ ᠠᠷᠭ᠎ᠠ ᠦᠭᠡᠢ ᠪᠠᠶᠢᠯ᠎ᠠ᠃ ᠳᠠᠷᠠᠭ᠎ᠠ ᠪᠠᠷ ᠨᠢ ᠪᠢ ᠣᠯᠳᠠᠬᠤᠶᠢᠴᠠ ᠬᠡᠮᠵᠢᠶᠡᠨ ᠳᠠᠬᠢ ᠠᠯᠠᠱᠠ ᠬᠤᠱᠣᠳ ᠬᠤᠰᠢᠭᠤᠨ ᠤ ᠬᠠᠮᠢᠶ᠎ᠠ ᠪᠦᠬᠦᠢ ᠲᠡᠦᠬᠡᠨ ᠮᠠᠲ᠋ᠧᠷᠢᠶᠠᠯ ᠢ ᠡᠷᠭᠢᠭᠦᠯᠦᠭᠰᠡᠨ ᠪᠤᠯᠪᠠᠴᠤ ᠮᠥᠷᠡᠨ ᠠᠮᠠ ᠳᠠᠬᠢ ᠰᠦᠮ᠎ᠡ ᠳᠤᠭᠠᠩ᠂ ᠪᠠᠷᠢᠯᠭ᠎ᠠ ᠰᠠᠭᠤᠴᠠ ᠶᠢᠨ ᠲᠤᠬᠠᠢ ᠲᠡᠮᠳᠡᠭᠯᠡᠯ ᠢ ᠬᠠᠷᠠᠬᠠᠨ ᠬᠠᠶᠢᠵᠤ ᠣᠯᠣᠭᠰᠠᠨ ᠦᠭᠡᠢ᠃ ᠬᠠᠷᠢᠨ ᠳᠤᠰ ᠪᠠᠭᠤᠷᠢ ᠶᠢᠨ ᠬᠤᠶᠢᠲᠤ ᠲᠠᠯ᠎ᠠ ᠳᠠᠬᠢ ᠬᠠᠷ᠎ᠠ ᠥᠩᠭᠡ ᠲᠠᠢ ᠭᠥᠯᠢᠭᠡᠷ ᠡᠭᠴᠡ ᠬᠠᠳᠠ ᠶᠢ ᠬᠠᠷᠠᠭᠠᠳ᠂ ᠠᠶᠢᠮᠠᠭ ᠤᠨ ᠲᠡᠦᠬᠡᠨ ᠳᠤᠷᠠᠰᠬᠠᠯᠲᠤ ᠵᠦᠢᠯᠡᠰ ᠢ ᠬᠠᠮᠠᠭᠠᠯᠠᠨ ᠰᠤᠳᠤᠯᠬᠤ ᠲᠥᠪ ᠤᠨ ᠠᠵᠢᠯᠲᠠᠳ ᠠᠴᠠ ᠡ᠊ᠨᠳᠡ ᠬᠠᠳᠠᠨ ᠵᠢᠷᠤᠭ ᠪᠠᠶᠢᠬᠤ ᠪᠣᠯᠣᠮᠵᠢᠲᠠᠢ ᠭᠡᠵᠦ ᠰᠠᠨᠠᠭᠤᠯᠬᠤ ᠳᠤ ᠤᠯᠠᠨ ᠢᠶᠠᠷ ᠢᠶᠠᠨ ᠪᠡᠯᠡᠨ ᠴᠤᠭ ᠰᠦᠯᠳᠡ ᠰᠡᠷᠭᠦᠵᠦ᠂ ᠬᠠᠳᠠ ᠥᠭᠡᠳᠡ ᠮᠠᠴᠤᠯᠬᠢᠯᠠᠨ ᠬᠠᠳᠠᠨ ᠵᠢᠷᠤᠭ ᠬᠠᠶᠢᠵᠤ ᠢᠯᠡᠷᠡᠭᠦᠯᠬᠦ ᠪᠠᠷ ᠴᠢᠷᠮᠠᠶᠢᠵᠠᠭᠠᠯ᠎ᠠ᠃ ᠳᠡᠭᠡᠵᠤ ᠪᠠᠶᠢᠲᠠᠯ᠎ᠠ ᠬᠡᠨ ᠨᠢᠭᠡ ᠨᠢ ᠦᠨᠡᠬᠡᠷ ᠬᠠᠳᠠᠨ ᠵᠢᠷᠤᠭ ᠪᠠᠶᠢᠨ᠎ᠠ ᠭᠡᠵᠦ ᠬᠠᠰᠬᠢᠷᠬᠤ ᠳᠤ ᠪᠦᠭᠦᠳᠡᠭᠡᠷ ᠢᠶᠠᠨ ᠲᠡᠶᠢᠰᠢ ᠨᠢ ᠬᠤᠷᠠᠵᠤ ᠦᠵᠡᠪᠡᠯ᠂ ᠨᠡᠯᠢᠶᠡᠳ ᠥᠨᠳᠥᠷ ᠲᠤ ᠪᠠᠶᠢᠷᠢᠯᠠᠭᠰᠠᠨ ᠨᠢᠭᠡ ᠬᠡᠰᠡᠭ ᠭᠥᠯᠢᠭᠡᠷ ᠬᠠᠪᠲᠠᠭᠠᠢ ᠬᠠᠷ᠎ᠠ ᠥᠩᠭᠡ ᠲᠠᠢ ᠬᠠᠳᠠᠨ ᠳᠡᠭᠡᠷ᠎ᠡ ᠲᠥᠪᠡᠳ ᠦᠰᠦᠭ ᠢᠶᠠᠷ ᠪᠢᠴᠢᠭᠰᠡᠨ ᠪᠢᠴᠢᠭᠡᠰᠦ ᠵᠢᠴᠢ ᠪᠤᠰᠤᠳ ᠲᠦᠷᠦᠯ ᠵᠦᠢᠯ ᠤᠨ ᠵᠢᠷᠤᠭ ᠳᠦᠷᠰᠦ ᠰᠡᠶᠢᠯᠦᠭᠰᠡᠨ ᠪᠠᠶᠢᠯ᠎ᠠ᠃ ᠬᠠᠳᠠᠨ ᠵᠢᠷᠤᠭ ᠨᠢ ᠲᠡᠦᠬᠡ ᠶᠢᠨ ᠤᠳᠠᠭᠠᠨ ᠳᠤ ᠨᠠᠷᠠ ᠰᠠᠯᠬᠢ ᠳᠤ ᠢᠳᠡᠭᠳᠡᠨ ᠪᠠᠯᠠᠷᠬᠠᠢ ᠪᠣᠯᠤᠭᠰᠠᠨ ᠪᠥᠭᠡᠳ ᠪᠢᠳᠠ ᠬᠡᠳᠦᠭᠦᠯᠡ ᠳᠣᠲᠣᠷ᠎ᠠ ᠲᠥᠪᠡᠳ ᠦᠰᠦᠭ ᠲᠠᠨᠢᠬᠤ ᠬᠥᠮᠥᠨ ᠴᠤ ᠠᠯᠠᠭ᠎ᠠ ᠲᠤᠯᠠ ᠴᠣᠬᠤᠮ ᠪᠣᠳᠠᠲᠠᠢ ᠶᠠᠭᠤ ᠪᠢᠴᠢᠭᠰᠡᠨ ᠢ ᠨᠢ ᠮᠡᠳᠡᠬᠦ ᠠᠷᠭ᠎ᠠ ᠦᠭᠡᠢ ᠪᠠᠶᠢᠯ᠎ᠠ᠃ ᠡᠭᠦᠨ ᠠᠴᠠ ᠭᠠᠳᠠᠨ᠎ᠠ᠂ ᠠᠶᠢᠮᠠᠭ ᠤᠨ ᠲᠡᠦᠬᠡᠨ ᠳᠤᠷᠠᠰᠬᠠᠯᠲᠤ ᠵᠦᠢᠯᠡᠰ ᠢ ᠬᠠᠮᠠᠭᠠᠯᠠᠨ ᠰᠤᠳᠤᠯᠬᠤ ᠲᠥᠪ ᠤᠨ ᠠᠵᠢᠯᠲᠠᠳ ᠳᠤᠰ ᠪᠠᠭᠤᠷᠢ ᠠᠴᠠ ᠨᠢᠭᠡ ᠬᠡᠰᠡᠭ ᠸᠠᠭᠠᠷ ᠱᠠᠭᠠᠵᠠᠩ ᠤᠨ ᠬᠡᠯᠲᠡᠷᠬᠡᠢ ᠶᠢ ᠢᠯᠡᠷᠡᠭᠦᠯᠦᠭᠰᠡᠨ ᠪᠥᠭᠡᠳ ᠰᠡᠭᠦᠯᠡᠷ ᠨᠢ ᠰᠢᠨᠵᠢᠯᠡᠬᠦ ᠤᠬᠠᠭᠠᠨᠴᠢ ᠰᠤᠳᠤᠯᠤᠨ ᠨᠤᠲᠠᠯᠠᠯᠲᠠ ᠬᠢᠭᠰᠡᠨ ᠳ᠋ᠦᠩ ᠳᠤ ᠡᠨᠡ ᠬᠦ ᠸᠠᠭᠠᠷ ᠱᠠᠭᠠᠵᠠᠩ ᠨᠢ ᠪᠠᠷᠠᠭᠤᠨ ᠰᠢᠶᠠ ᠤᠯᠤᠰ ᠪᠤᠶᠤ ᠲᠠᠩᠭᠤᠳ ᠤᠯᠤᠰ ᠤᠨ ᠦᠶ᠎ᠡ ᠶᠢᠨ ᠲᠡᠦᠬᠡᠨ ᠳᠤᠷᠠᠰᠬᠠᠯᠲᠤ ᠵᠦᠢᠯᠡᠰ ᠮᠥᠨ ᠭᠡᠳᠡᠭ ᠦᠨᠡᠯᠡᠯᠲᠡ ᠥᠭᠭᠦᠭᠰᠡᠨ ᠪᠢᠯᠡ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号