| ● ᠮᠠᠤ ᠲᠦᠮᠡᠨ | ᠬᠠᠭᠠᠰ ᠰᠠᠷ᠎ᠠ ᠭᠠᠷᠤᠢ ᠦᠷᠭᠦᠯᠵᠢᠯᠡᠭᠰᠡᠨ ᠨᠠᠮᠤᠷ ᠤᠨ ᠪᠣᠷᠣᠭᠠᠨ ᠢᠶᠠᠷ ᠪᠢᠳᠠᠨ ᠤ ᠬᠠᠭᠤᠴᠢ ᠬᠠᠶᠢᠵᠤ | ᠡᠪᠡᠰᠦᠨ ᠡᠮ ᠵᠢᠷᠤᠭᠯᠠᠬᠤ ᠠᠶᠠᠯᠠᠯ ᠬᠤᠷᠢᠭᠠᠳ ᠡᠳᠦᠷ ᠲᠠᠰᠤᠯᠤᠭᠳᠠᠵᠤ᠂ ᠨᠠᠮᠤᠷ ᠤᠨ ᠬᠤᠭᠤᠰ ᠤᠨ ᠳᠠᠷᠠᠭᠠᠬᠢ | ᠡᠳᠦᠷ ᠪᠢᠳᠠ ᠠᠶᠠᠯᠠᠯ ᠢᠶᠠᠨ ᠦᠷᠭᠦᠯᠵᠢᠯᠡᠭᠦᠯᠦᠯᠡ᠃ | ᠤᠯᠠᠨ ᠡᠳᠦᠷ ᠤᠨ ᠪᠣᠷᠣᠭᠠᠨ ᠤ ᠦᠶᠡᠷ ᠤᠰᠤ ᠠᠴᠠ ᠪᠣᠯᠵᠤ ᠠᠭᠤᠯᠠᠨ ᠳᠣᠲᠣᠷᠠᠬᠢ ᠵᠠᠮ ᠪᠦᠷ ᠴᠦ | ᠪᠡᠷᠬᠡ ᠪᠠᠷᠳᠠᠭ᠎ᠠ ᠲᠠᠢ ᠪᠣᠯᠵᠠᠢ᠃ ᠪᠢᠳᠠ ᠭᠤᠶᠠᠩ ᠤᠨ ᠭᠤᠣᠯ ᠢᠶᠠᠷ ᠣᠷᠣᠭᠠᠳ ᠬᠡᠰᠡᠭ ᠶᠠᠪᠤᠭᠰᠠᠨ ᠢᠶᠠᠨ ᠪᠠᠷᠠᠭᠤᠨ | ᠭᠠᠷ ᠲᠡᠶᠢᠰᠢ ᠪᠠᠨ ᠨᠢᠭᠡ ᠠᠭᠤᠯᠠᠨ ᠵᠢᠯᠠᠭ᠎ᠠ ᠳᠠᠭᠠᠵᠤ ᠵᠢᠯᠣᠭᠤ ᠵᠠᠯᠠᠯ᠎ᠠ᠃ ᠦᠶᠡᠷ ᠲᠤ ᠲᠠᠭᠤᠭᠳᠠᠵᠤ ᠳᠠᠰᠤᠷᠠᠬᠰᠠᠨ | ᠵᠠᠮ᠂ ᠠᠭᠤᠯᠠᠨ ᠠᠴᠠ ᠥᠩᠬᠦᠷᠢᠲᠦᠵᠦ ᠪᠠᠭᠤᠭᠠᠳ ᠵᠠᠮ ᠬᠠᠰᠢᠭᠰᠠᠨ ᠬᠠᠳᠠ ᠴᠢᠯᠠᠭᠤᠳ᠂ ᠬᠥᠨᠳᠡᠯᠡᠨ ᠭᠤᠯᠳᠤ | ᠬᠠᠶᠠᠭᠳᠠᠭᠰᠠᠨ ᠮᠣᠳᠣ ᠲᠦᠯᠡᠭᠡ … ᠡᠳᠡᠭᠡᠷ ᠪᠦᠭᠦᠨ ᠨᠢ ᠣᠶᠢᠷ᠎ᠠ ᠶᠢᠨ ᠬᠤᠭᠤᠴᠠᠭᠠᠨ ᠤ ᠬᠤᠷ᠎ᠠ ᠪᠣᠷᠣᠭᠠᠨ ᠤ | ᠰᠦᠷ ᠬᠦᠴᠦ ᠶᠢ ᠭᠦᠢᠴᠡᠳ ᠬᠠᠷᠠᠭᠤᠯᠵᠤ ᠴᠢᠳᠠᠵᠠᠢ᠃ ᠤᠰᠤ ᠴᠢᠭᠢᠭ ᠢᠶᠠᠷ ᠬᠠᠨᠤᠵᠤ ᠳᠡᠪᠲᠦᠭᠰᠡᠨ ᠠᠯᠠᠱᠠ | ᠠᠭᠤᠯᠠ ᠶᠢᠨ ᠬᠠᠪᠴᠢᠯ ᠵᠢᠯᠠᠭ᠎ᠠ᠂ ᠭᠤᠤ ᠰᠤᠳᠠᠭ ᠪᠦᠭᠦᠨ ᠢᠶᠠᠷ ᠭᠤᠣᠯ ᠭᠤᠷᠤᠬ᠎ᠠ ᠭᠤᠷᠴᠢᠭᠢᠨᠠᠨ ᠤᠷᠤᠰᠴᠤ᠂ | ᠡᠪᠡᠰᠦ ᠮᠣᠳᠣ ᠴᠤ ᠤᠬᠢᠶᠠᠭᠳᠠᠨ ᠴᠡᠯ ᠨᠣᠭᠤᠭᠠᠨ ᠪᠣᠯᠤᠭᠰᠠᠨ ᠪᠠᠶᠢᠯ᠎ᠠ᠃ ︽ᠪᠢ ᠡᠨᠡ ᠠᠭᠤᠯᠠᠨ ᠳᠤ ᠬᠤᠷᠢ | ᠭᠤᠴᠢᠨ ᠵᠢᠯ ᠳᠠᠪᠬᠢᠯ᠎ᠠ᠂ ᠤᠰᠤ ᠤᠷᠤᠰᠬᠠᠯ ᠢᠩᠭᠢᠵᠦ ᠡᠯᠪᠡᠭᠰᠢᠵᠦ᠂ ᠭᠤᠣᠯ ᠭᠤᠷᠤᠬ᠎ᠠ ᠡᠶᠢᠮᠦ ᠠᠷᠪᠢᠨ | ᠪᠤᠯᠬᠤ ᠶᠢ ᠶᠡᠷᠦᠨᠢ ᠦᠵᠡᠵᠦ ᠪᠠᠶᠢᠭ᠎ᠠ ᠦᠭᠡᠢ︾ ᠭᠡᠵᠦ ᠪᠢᠳᠠᠨ ᠳᠤ ᠲᠡᠷᠭᠡ ᠵᠢᠯᠤᠭᠤᠳᠴᠤ ᠶᠠᠪᠤᠭ᠎ᠠ ᠠᠯᠠᠱᠠ | ᠠᠭᠤᠯᠠᠨ ᠤ ᠤᠯᠤᠰ ᠤᠨ ᠳᠡᠰ ᠤᠨ ᠬᠠᠮᠠᠭᠠᠯᠠᠯᠲᠠ ᠶᠢᠨ ᠣᠷᠣᠨ ᠤ ᠬᠠᠮᠢᠶᠠᠷᠤᠯᠲᠠ ᠶᠢᠨ ᠲᠣᠪᠴᠢᠶᠠᠨ ᠤ ᠠᠵᠢᠯᠲᠠᠨ | ᠸᠠᠩ ᠰᠢᠶᠣᠣ ᠴᠢᠨ ᠢᠲᠡᠭᠡᠵᠦ ᠶᠠᠳᠠᠨ ᠶᠠᠷᠢᠵᠤ ᠪᠠᠶᠢᠯ᠎ᠠ᠃ ᠠᠭᠤᠯᠠ ᠥᠭᠡᠳᠡ ᠥᠭᠰᠥᠬᠦ ᠲᠤᠰᠤᠮ ᠵᠠᠮ ᠤᠨ | ᠪᠠᠷᠳᠠᠭ᠎ᠠ ᠤᠯᠠᠮ ᠶᠡᠬᠡᠳᠴᠦ᠂ ᠵᠠᠷᠢᠮ ᠬᠡᠰᠡᠭ ᠲᠤᠨᠢ ᠪᠢᠳᠠ ᠲᠡᠷᠭᠡ ᠪᠠᠨ ᠲᠦᠯᠬᠢᠵᠦ ᠪᠠᠶᠢᠮᠠᠨᠵᠢᠨ ᠤᠰᠤ ᠱᠠᠯᠪᠠᠭ ᠢ | ᠲᠤᠭᠤᠯᠵᠤ ᠭᠠᠲᠤᠯᠳᠠᠭ ᠪᠣᠯᠣᠯ᠎ᠠ᠃ ᠭᠠᠵᠠᠷ ᠤᠨ ᠪᠠᠶᠢᠴᠠ ᠤᠯᠠᠮ ᠡᠭᠴᠡ ᠪᠤᠯᠬᠤ ᠶᠢ ᠳᠠᠭᠠᠯᠳᠤᠨ ᠵᠠᠮ ᠨᠠᠷᠢᠨ | ᠪᠣᠯᠵᠤ ᠬᠠᠳᠠ ᠴᠢᠯᠠᠭᠤ ᠴᠤ ᠠᠷᠪᠢᠳᠤᠨ᠂ ᠬᠠᠯᠲᠤᠷᠢᠭ᠎ᠠ ᠶᠡᠭᠡ ᠲᠠᠢ ᠪᠣᠯᠬᠤᠷ ᠪᠢᠳᠠ ᠲᠡᠷᠭᠡ ᠪᠠᠨ ᠬᠠᠶᠠᠵᠤ | ᠶᠠᠪᠠᠭᠠᠨ ᠢᠶᠠᠷ ᠠᠶᠠᠯᠠᠬᠤ ᠪᠠᠷ ᠲᠣᠭᠲᠠᠭᠠᠳ᠂ ᠠᠴᠢᠶ᠎ᠠ ᠡᠭᠦᠷᠭᠡ ᠪᠠᠨ ᠬᠤᠪᠢᠶᠠᠯᠴᠠᠨ ᠡᠭᠦᠷᠦᠭᠡᠳ ᠵᠠᠮ ᠬᠥᠭᠡᠭᠡᠪᠡ᠃ | ᠥᠨᠥᠳᠥᠷ ᠤᠨ ᠠᠶᠠᠨ ᠳᠠᠭᠠᠨ ᠪᠢᠳᠠ ᠠᠯᠠᠱᠠ ᠠᠶᠢᠮᠠᠭ ᠤᠨ ᠮᠣᠩᠭᠤᠯ ᠡᠮᠨᠡᠯᠭᠡ ᠶᠢᠨ ᠬᠤᠷᠢᠶᠠᠨ ᠤ ᠤᠤᠯ ᠤᠨ ᠳᠡᠳ᠋ | ᠳᠠᠷᠤᠭ᠎ᠠ᠂ ᠠᠵᠢᠯ ᠤᠨ ᠠᠮᠠᠷᠠᠯᠲᠠ ᠪᠠᠨ ᠠᠪᠤᠭᠰᠠᠨ ᠠᠬᠠᠮᠠᠳ ᠡᠮᠴᠢ ᠬᠠᠲᠠᠭᠢᠨ ᠤᠯᠠᠭᠠᠨᠬᠦᠦ ᠶᠢ ᠲᠤᠰᠬᠠᠶᠢᠯᠠᠨ | ᠤᠷᠢᠭᠰᠠᠨ ᠪᠣᠯᠬᠤᠷ ᠵᠠᠮ ᠳᠠᠭᠠᠤ ᠡᠯ᠎ᠡ ᠵᠦᠢᠯ ᠤᠨ ᠡᠮᠲᠦ ᠤᠷᠭᠤᠮᠠᠯ᠂ ᠡᠪᠡᠰᠦ ᠮᠣᠳᠣᠨ ᠤ ᠡᠮᠲᠦ ᠬᠡᠷᠡᠭᠴᠡᠭᠡᠨ ᠤ | ᠲᠤᠬᠠᠢ ᠶᠡᠭᠡ ᠵᠣᠭᠤᠭ ᠳᠡᠯᠭᠡᠵᠦ ᠶᠠᠪᠤᠯ᠎ᠠ᠃ ᠪᠢᠳᠠᠨ ᠤ ᠵᠠᠮᠴᠢ ᠡᠷᠳᠡᠨᠢᠬᠦᠦ ᠭᠤᠸᠠᠢ ᠴᠤ ᠪᠠᠭ᠎ᠠ ᠠᠴᠠ ᠪᠠᠨ ᠠᠯᠠᠱᠠ | ᠠᠭᠤᠯᠠᠨ ᠳᠤ ᠡᠪᠡᠰᠦᠨ ᠡᠮ ᠲᠡᠭᠦᠵᠦ ᠬᠤᠳᠠᠯᠳᠤᠳᠠᠭ ᠪᠠᠶᠢᠭᠰᠠᠨ ᠪᠣᠯᠬᠤᠷ ᠡᠮᠲᠦ ᠤᠷᠭᠤᠮᠠᠯ ᠢ ᠰᠠᠶᠢᠨ ᠲᠠᠨᠢᠬᠤ | ᠪᠥᠭᠡᠳ ᠨᠡᠯᠢᠶᠡᠳ ᠡᠮ ᠤᠨ ᠵᠣᠷ ᠡᠵᠡᠮᠰᠢᠭᠰᠡᠨ ᠪᠣᠯᠬᠤᠷ ᠬᠤᠶᠠᠷ ᠠᠬᠠᠮᠠᠳ ᠤᠨ ᠵᠣᠭᠤᠭ ᠰᠠᠶᠢᠬᠠᠨ ᠳᠠᠭᠠᠷᠠᠵᠤ᠂ | ᠪᠢᠳᠠ ᠴᠤ ᠤᠯᠠᠨ ᠢ ᠰᠣᠨᠣᠰᠴᠤ ᠤᠯᠠᠨ ᠢ ᠮᠡᠳᠡᠵᠤ ᠣᠶᠢᠯᠠᠭᠠᠵᠤ ᠶᠠᠪᠤᠯ᠎ᠠ᠃ | ᠨᠢᠭᠡᠨ ᠨᠡᠯᠢᠶᠡᠳ ᠥᠷᠭᠡᠨ ᠰᠠᠢ ᠳᠣᠲᠣᠷᠠᠬᠢ ᠭᠤᠣᠯ ᠤᠨ ᠬᠥᠪᠡᠭᠡᠨ᠎ᠡ ᠨᠡᠯᠢᠶᠡᠳ ᠢᠭᠴᠤ ᠰᠠᠬᠤᠯᠢᠭ | ᠤᠷᠭᠤᠭᠰᠠᠨ ᠨᠢᠭᠡ ᠵᠦᠢᠯ ᠤᠨ ᠪᠤᠲᠠᠯᠢᠭ ᠤᠷᠭᠤᠮᠠᠯ ᠲᠣᠬᠢᠶᠠᠯᠳᠤᠬᠤ ᠳᠤ ᠤᠯᠠᠨ ᠢᠶᠠᠷ ᠢᠶᠠᠨ ᠰᠤᠬᠠᠢ ᠭᠡᠵᠦ ᠯᠡ | ᠪᠤᠳᠤᠯ᠎ᠠ᠃ ᠭᠡᠪᠡᠴᠦ ᠡᠷᠳᠡᠨᠢᠬᠦᠦ ᠨᠠᠰᠤᠲᠠᠨ ᠤ ᠲᠠᠨᠢᠯᠴᠠᠭᠤᠯᠬᠤ ᠪᠠᠷ ᠡᠨᠡ ᠪᠣᠯ ︽ᠪᠠᠯᠭᠤᠨ᠎ᠠ︾ ᠪᠤᠶᠤ ︽ᠤᠰᠤᠨ | ᠪᠠᠯᠭᠤᠨ᠎ᠠ︾ ᠭᠡᠬᠦ ᠨᠢᠭᠡᠨ ᠵᠦᠢᠯ ᠤᠨ ᠡᠮᠲᠦ ᠤᠷᠭᠤᠮᠠᠯ᠂ ᠭᠠᠳᠠᠷ ᠪᠠᠶᠢᠳᠠᠯ ᠨᠢ ᠰᠤᠬᠠᠢ ᠲᠠᠢ ᠮᠠᠰᠢ ᠠᠳᠠᠯᠢᠪᠲᠤᠷ | ᠪᠤᠯᠪᠠᠴᠤ ᠬᠠᠮᠤᠭ ᠢᠯᠡᠳᠲᠡ ᠤᠨᠴᠠᠭᠠᠢ ᠵᠥᠷᠢᠶ᠎ᠡ ᠨᠢ ᠭᠡᠪᠡᠯ ᠳᠠᠷᠤᠢ ᠰᠤᠬᠠᠢ ᠶᠢᠨ ᠮᠣᠳᠣᠨ ᠤ ᠭᠤᠣᠯ ᠨᠢ ᠪᠢᠲᠡᠭᠦᠦ | ᠪᠠᠶᠢᠬᠤ ᠳᠤ ᠡᠨᠡ ᠬᠦ ᠪᠠᠯᠭᠤᠨ᠎ᠠ ᠶᠢᠨ ᠮᠣᠳᠣᠨ ᠤ ᠭᠤᠣᠯ ᠨᠢ ᠬᠠᠷᠢᠨ ᠬᠥᠨᠳᠡᠢ ᠪᠠᠶᠢᠳᠠᠭ ᠭᠡᠨ᠎ᠡ᠃ ᠲᠡᠷᠡ ᠨᠢ | ᠬᠠᠮᠤᠭ ᠥᠨᠳᠥᠷ ᠲᠡᠭᠡᠨ ᠬᠥᠮᠥᠨ ᠠᠴᠠ ᠥᠨᠳᠥᠷ ᠤᠷᠭᠤᠳᠠᠭ ᠪᠥᠭᠡᠳ ᠨᠢᠯᠬ᠎ᠠ ᠰᠠᠯᠠᠭ᠎ᠠ ᠨᠠᠮᠠᠭ᠎ᠠ ᠨᠢ ᠡᠮ ᠳᠤ | ᠣᠷᠣᠵᠤ᠂ ᠬᠠᠯᠠᠭᠤ ᠲᠠᠭᠤᠵᠤ ᠬᠠᠨᠢᠶᠠᠳᠤ ᠵᠣᠭᠰᠤᠭᠠᠬᠤ ᠦᠢᠯᠡᠳᠦᠯ ᠲᠠᠢ᠃ ︽ᠪᠠᠯᠭᠤᠨ᠎ᠠ ᠶᠡᠷᠦᠨᠢ ᠲᠡᠭᠷᠢ ᠡᠯᠡᠰᠦᠨ | ᠴᠦᠯ ᠳᠤ ᠤᠷᠭᠤᠳᠠᠭ᠂ ᠠᠯᠠᠱᠠ ᠠᠭᠤᠯᠠᠨ ᠳᠤ ᠤᠷᠭᠤᠳᠠᠭ ᠢ ᠰᠠᠶ᠋ᠢ ᠦᠵᠡᠵᠦ ᠪᠠᠶᠢᠨ᠎ᠠ︾ ᠭᠡᠵᠦ ᠡᠷᠳᠡᠨᠢᠬᠦᠦ | ᠭᠤᠸᠠᠢ ᠭᠠᠶᠢᠬᠠᠰᠢᠷᠠᠨ ᠶᠠᠷᠢᠵᠤ ᠪᠢᠯᠡ᠃ ᠡᠶᠢᠨ ᠬᠦ ᠪᠢᠳᠡ ᠠᠭᠤᠯᠠᠨ ᠤ ᠥᠩᠭᠡ ᠦᠵᠡᠮᠵᠢ᠂ ᠡᠪᠡᠰᠦ ᠤᠷᠭᠤᠮᠠᠯ | ᠰᠣᠨᠢᠷᠬᠠᠨ ᠵᠣᠭᠤᠭᠳᠠᠵᠤ ᠶᠠᠪᠤᠭᠰᠠᠭᠠᠷ ᠨᠢᠭᠡ ᠮᠡᠳᠡᠬᠦᠯ᠎ᠡ ᠤᠢ ᠶᠢᠨ ᠵᠠᠬ᠎ᠠ ᠳᠤ ᠬᠦᠷᠴᠦ ᠢᠷᠡᠪᠠ᠃ ᠨᠠᠷᠢᠨ ᠵᠠᠮ ᠤᠨ | ᠪᠠᠷᠠᠭᠤᠨ ᠲᠠᠯ᠎ᠠ ᠳᠤ ᠨᠢᠭᠡᠨ ᠪᠢᠴᠢᠬᠠᠨ ᠴᠢᠯᠠᠭᠤᠨ ᠭᠡᠷ ᠤᠨ ᠪᠠᠭᠤᠷᠢ ᠬᠠᠷᠠᠭᠳᠠᠵᠤ᠂ ᠤᠷᠳᠤ ᠪᠠᠷ ᠢᠶᠠᠨ ᠭᠤᠷᠪᠠᠨ | ᠮᠧᠲᠷ ᠰᠢᠬᠠᠭᠤ᠂ ᠥᠷᠭᠡᠨ ᠢᠶᠠᠷ ᠢᠶᠠᠨ ᠬᠤᠶᠠᠷᠬᠠᠨ ᠮᠧᠲᠷ᠂ ᠠᠷᠤ ᠲᠠᠯ᠎ᠠ ᠶᠢᠨ ᠬᠡᠷᠡᠮ ᠨᠢ ᠥᠨᠳᠥᠷ᠂ ᠡᠭᠦᠳᠡᠨ | ᠲᠠᠯ᠎ᠠ ᠶᠢᠨ ᠬᠡᠷᠡᠮ ᠨᠢ ᠪᠣᠭᠤᠨᠢᠬᠠᠨ᠂ ᠴᠢᠯᠠᠭᠤ ᠪᠠᠷ ᠦᠷᠦᠵᠤ ᠪᠣᠰᠬᠠᠭᠰᠠᠨ ᠪᠥᠭᠡᠳ ᠣᠷᠣᠢ ᠨᠢ ᠠᠯᠢ ᠦᠶ᠎ᠡ ᠳᠤᠨᠢ | ᠬᠤᠪᠬᠤᠯᠤᠬᠳᠠᠬᠰᠠᠨ ᠢ ᠪᠤᠤ ᠮᠡᠳᠡ ᠤᠩᠭᠤᠷᠬᠠᠢ ᠪᠠᠶᠢᠯ᠎ᠠ᠃ ︽ᠥᠩᠭᠡᠷᠡᠭᠰᠡᠨ ᠳᠤ ᠮᠦᠷᠡᠨᠭᠤᠣᠯ ᠰᠤᠮᠤᠨ ᠤ | ᠪᠠᠶᠠᠨᠲᠠᠯ᠎ᠠ ᠭᠠᠴᠠᠭᠠᠨ ᠳᠤ ᠨᠤᠲᠤᠭᠲᠠᠢ ᠳ᠋ᠡᠳ᠋ᠸᠡᠭ ᠮᠠᠮᠪᠠ ᠭᠡᠭᠴᠢ ᠨᠠᠷᠠᠲᠠᠢ ᠡᠮᠴᠢ ᠪᠠᠶᠢᠭᠰᠠᠨ᠂ ᠵᠢᠯ ᠪᠦᠷᠢ ᠶᠢᠨ ᠵᠤᠨ | ᠨᠠᠮᠤᠷ ᠤᠨ ᠤᠯᠠᠷᠢᠯ ᠢᠶᠠᠷ ᠠᠯᠠᠱᠠ ᠠᠭᠤᠯᠠᠨ ᠳᠤ ᠢᠷᠠᠵᠤ ᠬᠤᠶᠠᠷ ᠰᠠᠷ᠎ᠠ ᠭᠠᠷᠤᠢ ᠰᠠᠭᠤᠵᠤ ᠡᠮ ᠲᠡᠭᠦᠳᠡᠭ᠂ ᠡᠨᠡ | ᠴᠢᠯᠠᠭᠤᠨ ᠭᠡᠷ ᠪᠣᠯ ᠳᠠᠷᠤᠢ ᠲᠡᠷᠡ ᠪᠠᠷ ᠡᠮ ᠲᠡᠭᠦᠬᠦ ᠳᠡᠭᠡᠨ ᠰᠠᠭᠤᠵᠤ ᠪᠠᠶᠢᠭᠰᠠᠨ ᠭᠡᠷ᠂ ᠳᠡᠭᠡᠷ᠎ᠡ ᠵᠠᠭᠤᠨ ᠤ | ᠨᠠᠶᠠᠭᠠᠳ ᠣᠨ ᠤ ᠰᠡᠭᠦᠯᠴᠢ ᠭᠦᠷᠳᠡᠯ᠎ᠡ ᠡᠨᠡ ᠭᠡᠷ ᠪᠦᠲᠦᠨ ᠰᠠᠶᠢᠬᠠᠨ ᠢᠶᠠᠷ ᠢᠶᠠᠨ ᠪᠠᠶᠢᠵᠤ ᠪᠠᠶᠢᠯ᠎ᠠ︾ ᠭᠡᠵᠦ | ᠡᠷᠳᠡᠨᠢᠬᠦᠦ ᠦᠵᠡᠵᠦ ᠰᠣᠨᠣᠰᠴᠤ ᠪᠠᠶᠢᠭᠰᠠᠨ ᠢᠶᠠᠨ ᠶᠠᠷᠢᠬᠤ ᠳᠤ᠂ ᠤᠯᠠᠭᠠᠨᠬᠦᠦ ᠡᠮᠴᠢ ᠶᠠᠷᠢᠶᠠᠨ ᠤ ᠭᠤᠭᠴᠤᠭ᠎ᠠ ᠶᠢ | ᠡᠯᠭᠦᠨ ᠠᠪᠴᠤ᠄ ︽ᠮᠣᠩᠭᠤᠯ ᠦᠨᠳᠦᠰᠦᠲᠡᠨ ᠤ ᠠᠯᠳᠠᠷᠲᠤ ᠠᠨᠠᠭᠠᠬᠤ ᠤᠬᠠᠭᠠᠨᠲᠠᠨ᠂ ︿ᠲᠦᠷᠪᠡᠨ ᠷᠠᠰᠢᠶᠠᠨ﹀ ᠢ | ᠲᠤᠭᠤᠷᠪᠢᠨ ᠪᠦᠲᠦᠭᠡᠭᠰᠡᠨ ᠰᠦᠮᠪᠠ ᠺᠠᠮᠪᠦ ᠢᠰᠢᠪᠠᠯᠵᠤᠷ ᠨᠢᠭᠡ ᠨᠠᠰᠤᠨ ᠳᠠᠭᠠᠨ 17 ᠤᠳᠠᠭ᠎ᠠ ᠠᠯᠠᠱᠠ ᠨᠤᠲᠤᠭ ᠢᠶᠠᠷ | ᠢᠷᠡᠵᠤ ᠪᠠᠶᠢᠭᠰᠠᠨ ᠪᠥᠭᠡᠳ ᠠᠯᠠᠱᠠ ᠠᠭᠤᠯᠠᠨ ᠳᠤ ᠬᠡᠳᠦᠨ ᠰᠠᠷ᠎ᠠ ᠪᠠᠷ ᠰᠠᠭᠤᠵᠤ ᠡᠮ ᠲᠡᠭᠦᠵᠦ ᠪᠠᠶᠢᠭᠰᠠᠨ | ᠲᠡᠮᠳᠡᠭᠯᠡᠯ ᠲᠠᠢ᠃ ᠪᠤᠳᠤᠬᠤ ᠳᠤ ᠲᠤᠬᠠᠢ ᠶᠢᠨ ᠦᠶ᠎ᠡ ᠳᠤ ᠠᠯᠳᠠᠷᠲᠤ ᠣᠲᠠᠴᠢ ᠮᠠᠨᠢ ᠮᠥᠨ ᠴᠤ ᠡᠶᠢᠮᠦ ᠴᠢᠯᠠᠭᠤᠨ | ᠭᠡᠷ ᠲᠤ ᠰᠠᠭᠤᠵᠤ ᠯᠡ ᠪᠠᠶᠢᠭᠰᠠᠨ ᠮᠠᠭᠠᠳ︾ ᠭᠡᠵᠦ ᠶᠠᠷᠢᠯ᠎ᠠ᠃ | ᠰᠦᠮᠪᠠ ᠺᠠᠮᠪᠦ ᠢᠰᠢᠪᠠᠯᠵᠤᠷ ᠪᠣᠯ ᠠᠷᠪᠠᠨ ᠨᠠᠢᠮᠠᠳᠤᠭᠠᠷ ᠵᠠᠭᠤᠨ ᠤ ᠦᠶ᠎ᠡ ᠶᠢᠨ ᠮᠣᠩᠭᠤᠯ ᠤᠨ ᠠᠯᠳᠠᠷᠲᠤ | ᠭᠦᠨ ᠤᠬᠠᠭᠠᠨᠲᠠᠨ᠂ ᠲᠡᠦᠬᠡᠴᠢᠨ᠂ ᠵᠢᠷᠤᠬᠠᠶᠢᠴᠢᠨ᠂ ᠬᠡᠯᠡᠨ ᠤ ᠰᠢᠨᠵᠢᠯᠡᠯᠲᠡᠨ᠂ ᠵᠣᠬᠢᠶᠠᠯᠴᠢ᠂ ᠰᠢᠯᠭᠠᠷᠠᠭᠰᠠᠨ | ᠠᠨᠠᠭᠠᠬᠤ ᠤᠬᠠᠭᠠᠨ ᠤ ᠡᠷᠳᠡᠮᠲᠡᠨ ᠮᠥᠨ᠃ ᠲᠡᠭᠦᠨ ᠤ ᠲᠦᠷᠦᠭᠰᠡᠨ ᠣᠨ ᠵᠢᠯ᠂ ᠭᠠᠷᠤᠯ ᠤᠭᠰᠠᠭ᠎ᠠ᠂ ᠨᠤᠲᠤᠭ | ᠤᠰᠤᠨ ᠤ ᠲᠤᠬᠠᠢ ᠨᠡᠯᠢᠶᠡᠳ ᠮᠠᠳᠠᠭ ᠮᠠᠷᠭᠤᠭᠠᠨ ᠲᠠᠢ ᠪᠠᠶᠢᠳᠠᠭ ᠪᠤᠯᠪᠠᠴᠤ ᠣᠯᠠᠩᠬᠢ ᠳᠠᠭᠠᠨ 1704 ᠣᠨ ︵ | ᠡ᠊ᠩᠭᠡ ᠠᠮᠤᠭᠤᠯᠠᠩ ᠤᠨ ᠳᠥᠴᠢᠨ ᠭᠤᠷᠪᠠᠳᠤᠭᠠᠷ ᠣᠨ︶ ᠤ ᠪᠢᠯᠢᠭ ᠤᠨ ᠤᠯᠠᠷᠢᠯ ᠤᠨ 8 ᠰᠠᠷ᠎ᠠ ᠶᠢᠨ 15 ᠤ | ᠡᠳᠦᠷ᠂ ᠡᠳᠦᠭᠡ ᠶᠢᠨ ᠬᠥᠬᠡᠨᠠᠭᠤᠷ ᠮᠤᠵᠢ ᠶᠢᠨ ᠬᠠᠶᠢᠪᠸᠢ ᠶᠢᠨ ᠲᠥᠪᠡᠳ ᠦᠨᠳᠦᠰᠦᠲᠡᠨ ᠤ ᠥᠪᠡᠷᠲᠡᠭᠡᠨ ᠵᠠᠰᠠᠬᠤ | ᠵᠧᠦ ᠶᠢᠨ ᠬᠠᠢ ᠶᠠᠨ ᠰᠢᠶᠠᠨ ᠤ ᠬᠢᠵᠠᠭᠠᠷ ᠲᠠᠬᠢ ᠬᠠᠳᠤᠨ ᠭᠤᠣᠯ ᠤᠨ ᠬᠥᠪᠡᠭᠡᠨ ᠳᠠᠬᠢ ᠲᠣᠯᠢ ᠭᠠᠴᠠᠭᠠᠨ ᠤ | ᠣᠶᠢᠷᠠᠳ ᠶᠠᠰᠤᠳᠠᠨ ᠤ ᠪᠠᠭᠠᠲᠤᠳ ᠣᠪᠣᠭᠲᠤ ᠲᠠᠶᠢᠵᠢ ᠢᠵᠠᠭᠤᠷᠲᠠᠨ ᠤ ᠭᠡᠷ ᠲᠤ ᠲᠦᠷᠦᠵᠡᠢ ᠭᠡᠵᠦ ᠨᠤᠲᠠᠯᠠᠵᠤ ᠪᠤᠢ | ᠃ ᠶᠡᠬᠡᠪᠴᠢᠯᠡᠨ 1737 ᠣᠨ ᠳᠤ 34 ᠨᠠᠰᠤᠲᠠᠢ ᠠᠴᠠ ᠪᠠᠨ ᠡᠬᠢᠯᠡᠨ 1780 ᠣᠨ ᠳᠤ 77 ᠨᠠᠰᠤ ᠭᠦᠷᠳᠡᠯ᠎ᠡ | ᠠᠯᠠᠱᠠ ᠨᠤᠲᠤᠭ ᠢᠶᠠᠷ ᠢᠷᠡᠵᠤ ᠶᠠᠪᠤᠵᠤ ᠪᠠᠶᠢᠭᠰᠠᠨ ᠪᠠ ᠠᠯᠠᠱᠠ ᠠᠭᠤᠯᠠᠨ ᠳᠤ ᠤᠳᠠᠭᠠᠨ ᠡᠳᠦᠷ ᠢᠶᠠᠷ ᠰᠠᠭᠤᠵᠤ ᠡᠮ | ᠲᠡᠭᠦᠵᠦ ᠪᠠᠶᠢᠭᠰᠠᠨ ᠲᠡᠮᠳᠡᠭᠯᠡᠯ ᠲᠠᠢ᠂ ᠮᠥᠨ ᠴᠤ ᠲᠤᠬᠠᠢ ᠶᠢᠨ ᠦᠶ᠎ᠡ ᠶᠢᠨ ᠠᠯᠠᠱᠠ ᠬᠤᠱᠣᠳ ᠬᠤᠰᠢᠭᠤᠨ ᠤ | ᠯᠣᠪᠰᠠᠩᠳᠣᠷᠵᠢ ᠪᠣᠯᠣᠨ ᠸᠠᠩᠴᠢᠨᠪᠠᠯᠪᠠᠷ ᠬᠤᠶᠠᠷ ᠦᠶ᠎ᠡ ᠶᠢᠨ ᠵᠠᠰᠠᠭ ᠨᠣᠶᠠᠨ ᠤ ᠤᠷᠢᠯᠭ᠎ᠠ ᠵᠠᠯᠠᠯᠭ᠎ᠠ ᠪᠠᠷ ᠠᠯᠠᠱᠠ | ᠨᠤᠲᠤᠭ ᠲᠤ ᠢᠷᠡᠵᠤ ᠡᠪᠡᠳᠴᠢᠨ ᠦᠵᠡᠵᠦ ᠡᠮ ᠳᠠᠩ ᠪᠠᠷᠢᠵᠤ᠂ ᠠᠮᠢᠳᠠᠨ ᠤᠯᠠᠨ ᠳᠤ ᠲᠤᠰᠠ ᠦᠵᠡᠭᠦᠯᠵᠦ | ᠪᠠᠶᠢᠵᠠᠢ᠃ ᠢᠰᠢᠪᠠᠯᠵᠤᠷ ᠨᠢᠭᠡ ᠨᠠᠰᠤᠨ ᠳᠠᠭᠠᠨ ᠲᠡᠦᠬᠡ᠂ ᠭᠦᠨ ᠤᠬᠠᠭᠠᠨ᠂ ᠵᠢᠷᠤᠬᠠᠢ᠂ ᠠᠨᠠᠭᠠᠬᠤ ᠤᠬᠠᠭᠠᠨ᠂ | ᠤᠳᠬ᠎ᠠ ᠵᠣᠬᠢᠶᠠᠯ᠂ ᠬᠡᠯᠡᠨ ᠵᠦᠢ ᠵᠡᠷᠭᠡ ᠶᠢ ᠬᠠᠮᠤᠷᠤᠭᠰᠠᠨ ᠶᠡᠭᠡ ᠪᠠᠭ᠎ᠠ ᠲᠠᠪᠤᠨ ᠤᠬᠠᠭᠠᠨ ᠤ 71 ᠢᠵᠢ ᠵᠣᠬᠢᠶᠠᠯ | ᠪᠦᠲᠦᠭᠡᠯ ᠢ ᠲᠤᠭᠤᠷᠪᠢᠵᠤ᠂ 8 ᠪᠣᠳᠢ ᠪᠣᠯᠭᠠᠨ ᠡᠮᠬᠢᠯᠡᠭᠰᠡᠨ ᠪᠠᠶᠢᠳᠠᠭ᠃ ᠡᠨᠡ ᠬᠦ ᠪᠦᠷᠢᠨ ᠵᠣᠬᠢᠶᠠᠯ ᠨᠢ ᠨᠡᠶᠢᠳᠡ | 289.9 ᠲᠦᠮᠡᠨ ᠦᠰᠦᠭ ᠲᠠᠢ᠂ ︽ᠡᠨᠡᠳᠬᠡᠭ᠂ ᠶᠡᠭᠡ ᠬᠢᠲᠠᠳ᠂ ᠲᠥᠪᠡᠳ ᠬᠢᠭᠡᠳ ᠮᠣᠩᠭᠤᠯ ᠤᠨ ᠣᠷᠣᠨ᠎ᠠ | ᠳᠡᠭᠡᠳᠦ ᠨᠣᠮ ᠳᠡᠯᠭᠡᠷᠡᠭᠰᠡᠨ ᠶᠣᠰᠣᠨ ᠬᠦᠰᠡᠭᠰᠡᠨ ᠢ ᠬᠠᠩᠭᠠᠭᠴᠢ ᠭᠠᠯᠪᠠᠷᠠᠨᠽᠠ ᠮᠣᠳᠣᠨ︾᠂ ︽ᠦᠰᠦᠭ ᠤᠨ | ᠰᠢᠨᠵᠢ ᠶᠢ ᠮᠠᠰᠢᠳᠠ ᠭᠡᠶᠢᠭᠦᠯᠦᠭᠰᠡᠨ ᠲᠣᠯᠢ ᠶᠢᠨ ᠲᠣᠪᠴᠢ︾᠂ ︽ᠠᠨᠠᠭᠠᠬᠤ ᠤᠬᠠᠭᠠᠨ ᠤ ᠤᠪᠠᠳᠢᠰ ᠢ ᠮᠠᠰᠢᠳᠠ | ᠬᠤᠷᠢᠶᠠᠩᠭᠤᠶᠢᠯᠠᠭᠰᠠᠨ ᠷᠠᠰᠢᠶᠠᠨ ᠤ ᠳᠤᠰᠤᠯ ᠬᠡᠮᠡᠨ ᠣᠷᠣᠰᠢᠪᠠᠢ︾ ᠵᠡᠷᠭᠡ ᠲᠥᠯᠥᠭᠡᠯᠡᠬᠦ ᠵᠣᠬᠢᠶᠠᠯ ᠤᠳ ᠨᠢ | ᠲᠡᠭᠦᠨ ᠤ ᠤᠯᠠᠨ ᠵᠦᠢᠯ ᠤᠨ ᠡᠷᠳᠡᠮ ᠰᠢᠨᠵᠢᠯᠡᠭᠡᠨ ᠳᠤ ᠮᠡᠷᠭᠡᠰᠢᠨ ᠨᠡᠪᠲᠡᠷᠡᠭᠰᠡᠨ ᠢ ᠭᠦᠢᠴᠡᠳ ᠬᠠᠷᠠᠭᠤᠯᠵᠤ | ᠪᠠᠶᠢᠬᠤ ᠪᠠᠷ ᠪᠠᠷᠠᠬᠤ ᠦᠭᠡᠢ ᠮᠣᠩᠭᠤᠯ ᠦᠨᠳᠦᠰᠦᠲᠡᠨ ᠤ ᠲᠡᠦᠬᠡ ᠰᠣᠶᠣᠯ᠂ ᠰᠢᠨᠵᠢᠯᠡᠬᠦ ᠤᠬᠠᠭᠠᠨ ᠤ | ᠬᠥᠭᠵᠢᠯᠲᠡ ᠳᠤ ᠭᠠᠷᠮᠠᠭᠠᠢ ᠵᠢᠳᠬᠦᠯ ᠦᠵᠡᠭᠦᠯᠦᠭᠰᠡᠨ ᠨᠡᠷᠡᠳᠤ ᠡᠷᠳᠡᠮᠲᠡᠨ ᠪᠤᠯᠬᠤ ᠶᠤᠮ᠃ | ᠡᠶᠢᠮᠦᠷᠬᠦᠦ ᠡᠷᠳᠡᠮᠲᠡᠳ ᠮᠡᠷᠭᠡᠳ ᠲᠤᠬᠠᠢ ᠶᠢᠨ ᠦᠶ᠎ᠡ ᠶᠢᠨ ᠵᠠᠮ ᠨᠡᠪᠲᠡᠷᠡᠯᠭᠡ ᠲᠦᠭᠦᠮ ᠦᠭᠡᠢ᠂ ᠡᠳ᠋ | ᠪᠣᠳᠠᠰ ᠤᠨ ᠨᠥᠬᠦᠴᠡᠯ ᠠᠨᠠᠢ ᠪᠠᠶᠢᠳᠠᠯ ᠳᠣᠣᠷ᠎ᠠ ᠡᠯᠳᠡᠪ ᠬᠦᠴᠢᠷ ᠢ ᠲᠡᠪᠴᠢᠨ᠂ ᠥᠴᠥᠬᠡᠨ ᠴᠢᠯᠠᠭᠤᠨ | ᠤᠷᠤᠮᠵᠢᠨ ᠳᠤ ᠰᠠᠯᠬᠢ ᠪᠣᠷᠣᠭᠠᠨ ᠠᠴᠠ ᠳᠠᠯᠳᠠᠯᠠᠨ᠂ ᠡᠮ ᠲᠡᠭᠦᠵᠦ ᠰᠤᠳᠤᠯᠭᠠᠨ ᠬᠢᠵᠦ ᠶᠠᠪᠤᠬᠤ ᠭᠡᠭᠴᠢ ᠬᠡᠳᠦᠢ | ᠶᠡᠭᠡ ᠰᠥᠰᠥ ᠵᠣᠷᠢᠭ᠂ ᠲᠡᠰᠪᠦᠷᠢ ᠲᠡᠪᠴᠢᠶᠡᠷᠢ ᠬᠡᠷᠡᠭᠲᠡᠢ ᠪᠠᠶᠢᠳᠠᠭ ᠪᠣᠯ ᠭᠡᠵᠦ ᠪᠤᠳᠤᠬᠤ ᠳᠤ ᠡᠷᠬᠡ ᠦᠭᠡᠢ ᠪᠢᠰᠢᠷᠡᠨ | ᠬᠦᠨᠳᠦᠳᠬᠡᠬᠦ ᠰᠡᠳᠬᠢᠯᠭᠡ ᠲᠦᠷᠦᠭᠦ ᠶᠤᠮ᠃ ᠡᠷᠳᠡᠨᠢᠬᠦᠦ ᠨᠠᠰᠤᠲᠠᠨ ᠴᠢᠯᠠᠭᠤᠨ ᠭᠡᠷ ᠤᠨ ᠪᠠᠭᠤᠷᠢ ᠳᠡᠭᠡᠷ᠎ᠡ ᠰᠠᠩ | ᠲᠠᠯᠪᠢᠨ ᠠᠷᠢᠭᠤᠳᠬᠠᠵᠤ᠂ ᠬᠦᠨᠳᠦᠳᠬᠡᠯ ᠢᠶᠠᠨ ᠳᠡᠪᠰᠢᠭᠦᠯᠵᠦ ᠪᠢᠯᠡ᠃ | ᠲᠡᠨᠳᠡᠴᠡ ᠴᠢᠨᠠᠭᠰᠢ ᠪᠢᠳᠠ ᠨᠠᠷᠠᠰᠤᠨ ᠤᠢ ᠶᠢᠨ ᠳᠤᠮᠳᠠᠭᠤᠷ ᠠᠶᠠᠯᠠᠬᠤ ᠳᠤ ᠡᠯᠳᠡᠪ ᠵᠦᠢᠯ ᠤᠨ ᠮᠦᠭᠦ | ᠭᠠᠵᠠᠷ ᠰᠠᠢ ᠦᠭᠡᠢ ᠤᠷᠭᠤᠭᠰᠠᠨ ᠪᠠᠶᠢᠯ᠎ᠠ᠃ ᠲᠦᠷᠦᠭᠦᠬᠡᠨ ᠬᠡᠰᠡᠭ ᠤᠨ ᠬᠤᠷ᠎ᠠ ᠪᠣᠷᠣᠭᠠᠨ ᠢᠶᠠᠷ ᠮᠦᠭᠦ ᠶᠢᠨ | ᠤᠷᠭᠤᠯᠲᠠ ᠮᠠᠰᠢ ᠰᠦᠷᠡᠬᠡᠢ ᠪᠣᠯᠵᠤ᠂ ᠤᠯᠠᠨ ᠵᠢᠯ ᠦᠵᠡᠭᠳᠡᠭᠡ ᠦᠭᠡᠢ ᠮᠦᠭᠦ ᠴᠤ ᠭᠠᠷᠤᠭᠠᠳ ᠢᠷᠡᠭᠰᠡᠨ ᠪᠠᠶᠢᠨ᠎ᠠ | ᠭᠡᠵᠦ ᠠᠯᠠᠱᠠ ᠠᠭᠤᠯᠠᠨ ᠤ ᠤᠯᠤᠰ ᠤᠨ ᠳᠡᠰ ᠤᠨ ᠬᠠᠮᠠᠭᠠᠯᠠᠯᠲᠠ ᠶᠢᠨ ᠣᠷᠣᠨ ᠤ ᠬᠠᠮᠢᠶᠠᠷᠤᠯᠲᠠ ᠶᠢᠨ | ᠲᠣᠪᠴᠢᠶᠠᠨ ᠤ ᠠᠵᠢᠯᠲᠠᠨ ᠸᠠᠩ ᠰᠢᠶᠣᠣ ᠴᠢᠨ ᠮᠦᠭᠦ ᠶᠢᠨ ᠵᠠᠭᠪᠤᠷ ᠲᠡᠭᠦᠵᠦ ᠴᠤᠭᠯᠠᠭᠤᠯᠬᠤ ᠶᠢᠨ ᠳᠠᠭᠤ | ᠪᠢᠳᠠᠨ ᠳᠤ ᠲᠠᠨᠢᠯᠴᠠᠭᠤᠯᠵᠤ ᠪᠠᠶᠢᠯ᠎ᠠ᠃ ᠲᠡᠷᠡ ᠬᠡᠯᠡᠬᠦ ᠳᠡᠭᠡᠨ᠂ ᠠᠯᠠᠱᠠ ᠠᠭᠤᠯᠠ ᠶᠢᠨ ᠤᠢ ᠰᠢᠭᠤᠢ ᠶᠢᠨ | ᠮᠣᠳᠣᠨ ᠤ ᠲᠦᠷᠦᠯ ᠨᠢ ᠲᠠᠩᠭᠤᠳ ᠭᠠᠴᠤᠷ᠎ᠠ᠂ ᠲᠤᠰᠤᠨ ᠬᠠᠷᠭᠠᠢ᠂ ᠦᠷᠭᠡᠰᠦᠳᠤ ᠠᠷᠴᠠ ᠵᠢᠴᠢ ᠤᠯᠢᠶᠠᠰᠤ᠂ | ᠬᠠᠶᠢᠯᠠᠰᠤ ᠵᠡᠷᠭᠡ ᠬᠤᠯᠢᠯᠳᠤᠨ ᠤᠷᠭᠤᠭᠰᠠᠨ ᠠᠴᠠ ᠤᠨᠴᠠᠭᠠᠢ ᠭᠠᠵᠠᠷ ᠵᠦᠢ ᠶᠢᠨ ᠪᠠᠶᠢᠷᠢᠰᠢᠯ ᠪᠣᠯᠣᠨ ᠠᠮᠢ | ᠠᠬᠤᠢ ᠶᠢᠨ ᠣᠷᠴᠢᠨ ᠪᠠᠶᠢᠳᠠᠯ ᠨᠢ ᠤᠯᠠᠨ ᠲᠦᠷᠦᠯ ᠤᠨ ᠮᠦᠭᠦ ᠶᠢᠨ ᠤᠷᠭᠤᠯᠲᠠ ᠪᠤᠶᠢᠵᠢᠯᠳᠡ ᠳᠤ ᠮᠠᠰᠢ ᠠᠰᠢᠭᠲᠠᠢ | ᠨᠥᠬᠦᠴᠡᠯ ᠪᠦᠷᠢᠯᠳᠦᠭᠦᠯᠵᠦ ᠴᠢᠳᠠᠵᠠᠢ᠃ ᠪᠦᠷᠢᠳᠬᠡᠯ ᠢ ᠦᠨᠳᠦᠰᠦᠯᠡᠪᠡᠯ᠂ ᠠᠯᠠᠱᠠ ᠠᠭᠤᠯᠠᠨ ᠳᠤ ᠲᠣᠮᠣ | ᠭᠡᠯᠪᠡᠷᠢ ᠶᠢᠨ ᠵᠢᠩᠬᠢᠨᠢ ᠮᠦᠭᠦ 136 ᠵᠦᠢᠯ ᠪᠠᠶᠢᠵᠤ᠂ 2 ᠲᠣᠮᠣ ᠠᠩᠭᠢ ᠶᠢᠨ 6 ᠪᠠᠭ᠂ 20 ᠢᠵᠠᠭᠤᠷ᠂ 39 | ᠲᠦᠷᠦᠯ ᠳᠤ ᠬᠠᠷᠢᠶᠠᠯᠠᠭᠳᠠᠳᠠᠭ ᠠᠵᠢ᠃ ᠵᠠᠮ ᠤᠨ ᠬᠠᠵᠠᠭᠤ ᠪᠠᠷ᠂ ᠮᠣᠳᠣᠨ ᠳᠣᠣᠷ᠎ᠠ᠂ ᠬᠥᠪᠳᠥ ᠶᠢᠨ ᠳᠣᠲᠣᠷ᠎ᠠ | ᠴᠠᠭᠠᠨ᠂ ᠴᠠᠶᠢᠪᠤᠷ᠂ ᠰᠢᠷ᠎ᠠ᠂ ᠬᠦᠷᠡᠩ᠂ ᠪᠣᠷᠣ᠂ ᠤᠯᠠᠭᠠᠨ᠂ ᠬᠤᠨᠳᠠᠨ᠂ ᠬᠥᠬᠡᠪᠲᠦᠷ ᠡᠯᠳᠡᠪ ᠥᠩᠭᠡ ᠶᠢᠨ ᠮᠦᠭᠦ | ᠪᠠᠶᠢᠬᠤ ᠪᠥᠭᠡᠳ ᠵᠠᠷᠢᠮ ᠮᠦᠭᠦ ᠶᠢᠨ ᠰᠢᠬᠦᠷ ᠤᠨ ᠳ᠋ᠢᠶᠠᠮᠧᠲᠷ ᠨᠢ ᠲᠣᠬᠤᠢ ᠵᠠᠪᠳᠤᠭᠤ ᠬᠦᠷᠴᠦ ᠳᠠᠪᠠᠭ ᠰᠢᠭ᠋ | ᠳᠡᠯᠭᠡᠷᠡᠴᠢᠬᠡᠭᠰᠡᠨ ᠪᠠᠶᠢᠬᠤ ᠳᠤ ᠵᠠᠷᠢᠮ ᠨᠢ ᠬᠠᠷᠢᠨ ᠰᠢᠷ᠎ᠠ ᠪᠤᠷᠴᠠᠭ ᠤᠨ ᠴᠢᠨᠡᠭᠡᠨ ᠪᠤᠨᠲᠣᠶᠢᠵᠤ ᠬᠠᠷᠠᠭᠳᠠᠨ᠎ᠠ᠂ ᠵᠠᠷᠢᠮ | ᠨᠢ ᠳᠥᠩᠭᠡᠵᠢ ᠬᠥᠷᠥᠰᠥᠨ ᠳᠣᠣᠷ᠎ᠠ ᠠᠴᠠ ᠲᠣᠯᠣᠭᠠᠢ ᠪᠤᠯᠲᠠᠶᠢᠨ ᠭᠠᠷᠴᠤ ᠪᠠᠶᠢᠬᠤ ᠳᠤ᠂ ᠵᠠᠷᠢᠮ ᠨᠢ ᠨᠢᠭᠡᠨᠲᠡ ᠭᠦᠭ | ᠨᠢ ᠥᠩᠭᠡᠷᠡᠭᠡᠳ ᠢᠯᠵᠢᠷᠡᠵᠦ ᠬᠤᠷᠣᠬᠠᠶᠢᠲᠤᠴᠢᠬᠠᠭᠰᠠᠨ ᠪᠤᠶᠤ ᠬᠠᠳᠠᠵᠤ ᠥᠭᠢᠷᠡᠭᠰᠡᠨ ᠪᠠᠶᠢᠵᠤ᠂ ᠬᠠᠪᠲᠠᠭᠠᠢ᠂ | ᠪᠥᠮᠪᠥᠭᠡᠷ᠂ ᠱᠣᠪᠣᠭᠤᠷ ᠤᠷᠲᠤᠯᠵᠢᠨ᠂ ᠳᠡᠯᠳᠡᠦ ᠭᠡᠯᠪᠷᠢ ᠠᠴᠠ ᠭᠠᠳᠠᠨ᠎ᠠ ᠪᠠᠰᠠ ᠠᠷᠴᠠᠨ ᠮᠣᠳᠣᠨ ᠤ ᠥᠷᠭᠡᠰᠦᠨ | ᠨᠠᠪᠴᠢ ᠶᠢᠨ ᠭᠡᠯᠪᠡᠷᠢ ᠲᠠᠢ ᠮᠦᠭᠦ ᠴᠤ ᠪᠠᠶᠢᠯ᠎ᠠ᠃ ᠡᠳᠡᠭᠡᠷ ᠤᠨ ᠳᠣᠲᠣᠷ᠎ᠠ ᠴᠥᠭᠡᠩᠬᠢ ᠬᠡᠰᠡᠭ ᠨᠢ ᠬᠤᠣᠷ ᠲᠠᠢ ᠶᠢ | ᠭᠠᠷᠭᠠᠪᠠᠯ ᠣᠯᠠᠩᠬᠢ ᠨᠢ ᠪᠦᠷ ᠬᠤᠭᠤᠯᠠ ᠢᠳᠡᠰᠢᠨ ᠳᠤ ᠠᠰᠢᠭᠯᠠᠵᠤ ᠪᠤᠯᠬᠤ ᠪᠥᠭᠡᠳ ᠬᠠᠮᠤᠭ ᠠᠯᠳᠠᠷᠲᠠᠢ ᠨᠢ | ᠳᠠᠷᠤᠢ ᠠᠯᠠᠱᠠ ᠠᠭᠤᠯᠠᠨ ᠤ ︽ᠬᠦᠷᠡᠩ ᠮᠦᠭᠦ︾ ᠪᠣᠯᠣᠨ᠎ᠠ᠃ ᠦᠨᠡᠨᠳᠡᠭᠡᠨ ᠪᠢᠳᠠᠨ ᠤ ᠦᠷᠭᠦᠯᠵᠢ ᠬᠡᠯᠡᠳᠡᠭ | ᠠᠯᠠᠱᠠ ᠠᠭᠤᠯᠠᠨ ᠤ ︽ᠬᠦᠷᠡᠩ ᠮᠦᠭᠦ︾ ᠨᠢ ᠨᠢᠭᠡᠯᠡ ᠵᠦᠢᠯ ᠤᠨ ᠮᠦᠭᠦ ᠪᠢᠰᠢ᠂ ᠲᠡᠭᠦᠨ ᠢ ᠨᠠᠷᠢᠨ ᠬᠤᠪᠢᠶᠠᠪᠠᠯ | ᠠᠷᠪᠠᠭᠠᠳ ᠲᠦᠷᠦᠯ ᠳᠤ ᠬᠠᠷᠢᠶᠠᠯᠠᠭᠳᠠᠨ᠎ᠠ ᠭᠡᠵᠦ ᠸᠠᠩ ᠰᠢᠶᠣᠣ ᠴᠢᠨ ᠬᠡᠯᠡᠵᠦ ᠪᠢᠯᠡ᠃ | ᠪᠢᠳᠠ ᠠᠭᠤᠯᠠᠨ ᠵᠢᠯᠠᠭ᠎ᠠ ᠳᠠᠭᠠᠭᠠᠳ ᠶᠠᠪᠤᠭᠰᠠᠨ ᠪᠣᠯᠬᠤᠷ ᠵᠠᠮ ᠳᠤᠵᠢ ᠤᠰᠤ ᠭᠤᠷᠤᠬ᠎ᠠ ᠳᠠᠰᠤᠷᠠᠬᠰᠠᠨ | ᠦᠭᠡᠢ᠃ ᠭᠠᠵᠠᠷ ᠤᠨ ᠪᠠᠶᠢᠴᠠ ᠲᠠᠭᠠᠨ ᠭᠤᠷᠴᠢᠭᠢᠨᠠᠨ ᠤᠷᠤᠰᠬᠤ ᠭᠤᠷᠤᠬ᠎ᠠ ᠨᠢ ᠬᠠᠶᠠ ᠭᠠᠵᠠᠷ ᠳᠣᠣᠭᠤᠷ ᠳᠠᠯᠳᠠ | ᠤᠷᠤᠰᠬᠠᠯ ᠪᠣᠯᠴᠢᠬᠠᠭᠰᠠᠨ ᠬᠥᠯ ᠳᠣᠣᠷ᠎ᠠ ᠳᠤᠤᠭᠠᠷᠤᠨ᠎ᠠ᠂ ᠬᠠᠶᠠ ᠲᠣᠮᠣ ᠬᠠᠳᠠᠨ ᠵᠠᠪᠰᠠᠷ ᠪᠤᠶᠤ ᠬᠠᠳᠠᠨ ᠳᠡᠭᠡᠭᠦᠷ | ᠬᠠᠯᠢᠮᠯᠠᠨ ᠪᠠᠭᠤᠵᠤ ᠬᠦᠷᠬᠢᠷ᠎ᠡ ᠪᠣᠯᠣᠨ ᠱᠤᠤᠭᠢᠨ᠎ᠠ᠃ ᠡᠪᠡᠰᠦ ᠮᠣᠳᠣ᠂ ᠮᠦᠭᠦ ᠳᠡᠯᠳᠡᠦ ᠭᠠᠶᠢᠬᠠᠨ᠂ ᠳᠠᠩᠰᠤᠭ | ᠰᠠᠶᠢᠬᠠᠨ ᠨᠠᠮᠤᠷ ᠤᠨ ᠦᠵᠡᠮᠵᠢ ᠳᠤ ᠰᠣᠭᠲᠣᠭᠤᠷᠠᠨ ᠬᠤᠷᠭᠤᠳᠠᠭᠰᠠᠭᠠᠷ ᠪᠠᠶᠢᠵᠤ ᠪᠢᠳᠠᠨ ᠤ ᠠᠯᠬᠤᠭ᠎ᠠ ᠮᠡᠳᠡᠭᠳᠡᠮ᠎ᠡ | ᠤᠳᠠᠭᠠᠰᠢᠷᠠᠵᠤ᠂ ᠭᠤᠣᠯ ᠦᠳᠡ ᠥᠩᠭᠡᠷᠡᠵᠦ ᠪᠠᠶᠢᠬᠤ ᠳᠤ ᠰᠠᠶ᠋ᠢ ᠳᠥᠩᠭᠡᠵᠢ ᠡᠨᠡ ᠡᠳᠦᠷ ᠤᠨ ᠠᠶᠠᠨ ᠤ ᠬᠠᠭᠠᠰ | ᠴᠢᠭ ᠪᠤᠯᠬᠤ ᠯᠦᠡᠭ ᠺᠧᠩ ᠭᠡᠬᠦ ᠤᠢ ᠶᠢᠨ ᠳᠤᠮᠳᠠᠬᠢ ᠨᠣᠭᠤᠭᠠᠨ ᠵᠦᠯᠭᠡ ᠲᠠᠢ ᠵᠠᠳᠠᠭᠠᠢ ᠭᠠᠵᠠᠷ ᠬᠦᠷᠴᠦ ᠦᠳᠡᠯᠡᠬᠦ | ᠪᠠᠷ ᠪᠣᠯᠣᠯ᠎ᠠ᠃ ᠬᠡᠳᠦᠭᠦᠯᠡ ᠪᠠᠨ ᠪᠡᠯᠡᠳᠬᠡᠵᠦ ᠠᠪᠴᠢᠷᠠᠭᠰᠠᠨ ᠴᠠᠢ ᠪᠣᠣᠪᠤ᠂ ᠨᠣᠭᠤᠭ᠎ᠠ ᠵᠠᠭᠤᠰᠢ᠂ ᠪᠤᠯᠭᠤᠬᠰᠠᠨ | ᠮᠢᠬ᠎ᠠ ᠲᠡᠷᠢᠭᠦᠲᠡᠨ ᠢᠶᠠᠨ ᠳᠡᠯᠭᠡᠨ ᠲᠠᠪᠠᠲᠠᠢ ᠰᠠᠶᠢᠨ ᠬᠤᠭᠤᠯᠠᠯᠠᠭᠠᠳ ᠠᠪᠤᠶ᠎ᠠ ᠭᠡᠬᠦ ᠳᠤ ᠪᠠᠲᠠᠭᠠᠨ᠎ᠠ ᠬᠤᠷᠣᠬᠠᠢ | ᠨᠢᠰᠴᠦ ᠡᠷᠭᠢᠯᠳᠦᠭᠡᠳ ᠠᠮᠠᠷ ᠵᠠᠶᠠᠭ᠎ᠠ ᠦᠵᠡᠭᠦᠯᠭᠦ ᠪᠢᠰᠢ᠂ ᠨᠠᠮᠤᠷ ᠤᠨ ᠬᠠᠷ᠎ᠠ ᠪᠠᠲᠠᠭᠠᠨ᠎ᠠ ᠢᠳᠡᠰᠢ ᠤᠭᠤᠰᠢ | ᠳᠡᠭᠡᠷ᠎ᠡ ᠦᠳᠤ ᠰᠠᠴᠤᠴᠢᠬᠠᠬᠤ ᠪᠤᠢ ᠬᠡᠮᠡᠨ ᠳᠠᠰᠤᠷᠠᠯᠳᠠ ᠦᠭᠡᠢ ᠭᠠᠷ ᠢᠶᠠᠷ ᠢᠶᠠᠨ ᠳᠡᠪᠢᠵᠤ ᠦᠷᠭᠦᠭᠡᠬᠦ ᠴᠢᠬᠤᠯᠠᠲᠠᠢ᠃ | ᠡᠨᠡ ᠦᠶᠡᠰ ᠡᠷᠳᠡᠨᠢᠬᠦᠦ ᠭᠤᠸᠠᠢ ᠪᠣᠰᠴᠤ ᠣᠶᠢᠷ᠎ᠠ ᠬᠠᠪᠢ ᠪᠠᠷ ᠶᠠᠭᠤ ᠨᠢᠭᠡ ᠶᠢ ᠡᠷᠢᠵᠦ ᠪᠠᠶᠢᠬᠤ ᠰᠢᠭ᠋ ᠬᠡᠰᠡᠭ | ᠲᠣᠭᠤᠷᠢᠵᠤ ᠪᠠᠶᠢᠭᠠᠳ ᠬᠡᠳᠦᠨ ᠰᠢᠷᠬᠡᠭ ᠰᠥᠭᠦᠮ ᠬᠢᠷᠢᠲᠡᠢ ᠡᠪᠡᠰᠦ ᠵᠤᠯᠭᠠᠭᠠᠨ ᠠᠪᠴᠢᠷᠠᠭᠠᠳ ᠬᠤᠭᠤᠯᠠ ᠵᠠᠭᠤᠰᠢᠨ | ᠳᠡᠭᠡᠷ᠎ᠡ ᠰᠢᠳᠡᠴᠢᠬᠡᠭᠡᠳ ︽ᠤᠳᠤ ᠪᠠᠲᠠᠭᠠᠨ᠎ᠠ ᠬᠤᠷᠣᠬᠠᠢ ᠢᠷᠡᠵᠤ ᠰᠠᠭᠤᠬᠤ ᠦᠭᠡᠢ ᠰᠢᠤ︾ ᠭᠡᠬᠦ ᠶᠤᠮ᠃ | ᠳᠡᠭᠡᠭᠰᠡᠨ ᠴᠢᠨᠢ ᠰᠠᠶ᠋ᠢᠬᠠᠨ ᠡᠷᠭᠢᠯᠳᠦᠵᠦ ᠦᠢᠮᠡᠭᠦᠯᠵᠦ ᠪᠠᠶᠢᠭᠰᠠᠨ ᠪᠠᠲᠠᠭᠠᠨ᠎ᠠ ᠤᠳ ᠬᠠᠷᠢᠨ ᠳᠠᠭ ᠣᠶᠢᠷᠠᠲᠤᠬᠤ ᠪᠠᠨ | ᠪᠠᠶᠢᠴᠢᠬᠠᠯ᠎ᠠ᠃ ᠬᠡᠳᠦᠭᠦᠯᠡ ᠬᠠᠴᠢᠷᠬᠠᠨ ᠠᠰᠠᠭᠤᠪᠠᠯ᠂ ᠡᠭᠦᠨ ᠢ ᠭᠠᠩᠭ᠎ᠠ ᠡᠪᠡᠰᠦ ᠭᠡᠳᠡᠭ᠂ ᠮᠠᠰᠢ ᠬᠤᠷᠴᠠ | ᠰᠣᠷᠭᠤᠭ ᠦᠨᠦᠷ ᠲᠠᠢ᠂ ᠥᠩᠭᠡᠷᠡᠭᠰᠡᠨ ᠳᠤ ᠨᠤᠲᠤᠭ ᠤᠨ ᠤᠯᠤᠰ ᠤᠳ ᠡᠨᠡ ᠡᠪᠡᠰᠦ ᠪᠠᠷ ᠬᠤᠭᠤᠯᠠ ᠵᠠᠭᠤᠰᠢᠨ ᠤ | ᠠᠮᠲᠠ ᠣᠷᠣᠭᠤᠯᠤᠭᠴᠢ ᠪᠠᠷ ᠠᠰᠢᠭᠯᠠᠵᠤ᠂ ᠮᠢᠬ᠎ᠠ ᠴᠢᠨᠠᠬᠤ ᠳᠠᠭᠠᠨ ᠵᠢᠭᠠᠬᠠᠨ ᠲᠠᠯᠪᠢᠪᠠᠯ ᠮᠠᠰᠢ ᠰᠠᠶᠢᠬᠠᠨ ᠠᠮᠲᠠ | ᠰᠢᠮᠳᠡ ᠲᠠᠢ ᠪᠤᠯᠳᠠᠭ᠃ ᠳᠡᠷᠡ ᠦᠶ᠎ᠡ ᠳᠤ ᠬᠥᠯᠳᠡᠭᠡᠭᠦᠷ ᠪᠠᠶᠢᠬᠤ ᠦᠭᠡᠢ ᠶᠤᠮ ᠴᠢᠨᠢ ᠬᠥᠮᠥᠰ ᠵᠤᠨ ᠨᠠᠮᠤᠷ ᠲᠠᠭᠠᠨ | ᠮᠠᠯ ᠭᠠᠷᠭᠠᠪᠠᠯ ᠮᠢᠬᠠᠨ ᠳᠡᠭᠡᠷ᠎ᠡ ᠨᠢ ᠭᠠᠩᠭ᠎ᠠ ᠡᠪᠡᠰᠦ ᠲᠠᠯᠪᠢᠴᠢᠬᠠᠪᠠᠯ ᠪᠠᠲᠠᠭᠠᠨ᠎ᠠ ᠰᠢᠮᠠᠭᠤᠯ ᠬᠤᠷᠠᠬᠤ ᠦᠭᠡᠢ᠂ | ᠦᠮᠡᠬᠡᠶᠢᠷᠡᠵᠦ ᠦᠳᠦᠭᠦ ᠤᠴᠢᠷ ᠴᠸ ᠭᠠᠷᠳᠠᠭ ᠦᠭᠡᠢ᠃ ᠲᠡᠷᠡ ᠮᠥᠷᠲᠡᠭᠡᠨ ᠡᠨᠡ ᠴᠢᠨᠢ ᠪᠠᠰᠠ ᠡᠮ ᠳᠤ ᠣᠷᠣᠵᠤ᠂ | ᠰᠢᠳᠤ ᠲᠣᠯᠣᠭᠠᠢ ᠡᠪᠡᠳᠬᠦ᠂ ᠰᠢᠩᠭᠡᠭᠡᠯᠲᠡ ᠰᠠᠶᠢᠵᠢᠷᠠᠭᠤᠯᠬᠤ ᠳᠤ ᠪᠦᠷ ᠰᠠᠶᠢᠨ ᠦᠢᠯᠡᠳᠦᠯ ᠲᠠᠢ ᠭᠡᠵᠦ | ᠲᠠᠶᠢᠯᠪᠤᠷᠢᠯᠠᠵᠤ ᠦᠭᠭᠦᠯ᠎ᠡ᠃ ᠭᠠᠩᠭ᠎ᠠ ᠡᠪᠡᠰᠦ ᠶᠢ ᠨᠢ ᠠᠪᠤᠭᠠᠳ ᠦᠨᠦᠷᠯᠡᠵᠦ ᠦᠵᠡᠬᠦ ᠳᠤ ᠴᠣᠬᠤᠮ ᠴᠤ ᠴᠠᠭᠠᠨ᠎ᠠ | ᠪᠠᠨ ᠰᠠᠶᠢᠬᠠᠨ ᠦᠨᠦᠷ ᠲᠠᠢ ᠪᠠᠶᠢᠯ᠎ᠠ᠃ ᠬᠤᠭᠤᠯᠠᠯᠠᠵᠤ ᠪᠠᠷᠠᠭᠠᠳ ᠪᠢᠳᠡ ᠡᠨᠡ ᠬᠦ ᠯᠦᠡᠭ ᠺᠧᠩ ᠭᠡᠬᠦ ᠭᠠᠵᠠᠷ ᠢ | ᠠᠵᠢᠭᠯᠠᠨ ᠲᠣᠭᠤᠷᠢᠯ᠎ᠠ᠃ ᠪᠠᠷᠠᠭᠤᠨ ᠲᠠᠯ᠎ᠠ᠂ ᠬᠤᠶᠢᠲᠤ ᠲᠠᠯ᠎ᠠ ᠪᠠᠷ ᠢᠶᠠᠨ ᠠᠰᠬ᠎ᠠ ᠬᠠᠳᠠ ᠪᠠᠷ ᠨᠥᠮᠥᠷᠢ ᠬᠢᠵᠦ᠂ | ᠡᠮᠦᠨ᠎ᠡ ᠳᠣᠣᠭᠤᠷ ᠢᠶᠠᠨ ᠭᠤᠣᠯ ᠤᠷᠤᠰᠤᠭᠰᠠᠨ ᠡᠨᠡ ᠰᠠᠶᠢᠬᠠᠨ ᠭᠠᠵᠠᠷ ᠨᠢ ᠤᠤᠯ ᠳᠠᠭᠠᠨ ᠶᠠᠮᠠᠷ ᠨᠢᠭᠡ ᠠᠶᠢᠯ ᠤᠨ | ᠵᠤᠰᠠᠯᠠᠩ ᠪᠠᠶᠢᠭᠰᠠᠨ ᠭᠡᠯᠲᠡᠢ ᠮᠣᠳᠣ ᠴᠢᠯᠠᠭᠤ ᠪᠠᠷ ᠡᠪᠯᠡᠭᠦᠯᠦᠨ ᠳᠠᠷᠤᠵᠤ ᠪᠠᠷᠢᠭᠰᠠᠨ ᠬᠠᠭᠤᠴᠢᠨ ᠬᠠᠰᠢᠶᠠᠨ ᠳᠤᠨᠢ | ᠳᠠᠷᠤᠬᠰᠢᠬᠰᠠᠨ ᠰᠢᠭᠡᠭ ᠪᠠᠶᠢᠬᠤ ᠪᠥᠭᠡᠳ ᠲᠡᠭᠦᠨ ᠠᠴᠠ ᠨᠢ ᠵᠢᠵᠢᠭ ᠵᠢᠵᠢᠭ ᠪᠥᠮᠪᠥᠭᠡᠷ ᠴᠠᠭᠠᠨ ᠮᠦᠭᠦ ᠤᠷᠭᠤᠭᠰᠠᠨ | ᠪᠠᠶᠢᠯ᠎ᠠ᠃ ᠲᠡᠭᠦᠨ ᠠᠴᠠ ᠳᠡᠭᠡᠷᠡᠭᠡᠨ ᠪᠠᠷᠠᠭᠤᠨ ᠬᠤᠶᠢᠭᠤᠷ ᠨᠢ ᠭᠡᠷ ᠤᠨ ᠴᠢᠯᠠᠭᠤᠨ ᠰᠠᠭᠤᠷᠢ ᠶᠢᠨ ᠤᠷᠤᠮ | ᠮᠠᠭᠤᠬᠠᠨ ᠮᠡᠳᠡᠭᠳᠡᠨ᠎ᠡ᠃ ᠴᠣᠬᠤᠮ ᠠᠯᠢ ᠦᠶ᠎ᠡ ᠳᠤᠨᠢ ᠪᠠᠷᠢᠵᠤ ᠠᠯᠢ ᠦᠶ᠎ᠡ ᠳᠤᠨᠢ ᠨᠤᠷᠠᠭᠠᠭᠰᠠᠨ ᠢ ᠪᠤᠤ ᠮᠡᠳᠡ᠂ | ᠬᠥᠮᠥᠨ ᠲᠥᠷᠥᠯᠬᠢᠲᠡᠨ ᠪᠠᠶᠢᠭᠠᠯᠢ ᠳᠡᠯᠡᠬᠡᠢ ᠶᠢ ᠤᠭᠡᠷᠡᠴᠢᠯᠡᠨ ᠬᠤᠪᠢᠷᠠᠭᠤᠯᠵᠤ ᠪᠠᠶᠢᠬᠤ ᠳᠤ ᠪᠠᠶᠢᠭᠠᠯᠢ ᠳᠡᠯᠡᠬᠡᠢ ᠮᠥᠨ | ᠴᠸ ᠥᠪᠡᠷ ᠢ ᠪᠠᠨ ᠡᠳᠡᠭᠡᠷᠡᠭᠦᠯᠦᠨ ᠰᠡᠷᠭᠦᠭᠡᠬᠦ ᠷᠢᠳᠢ ᠬᠦᠴᠦᠨ ᠲᠠᠢ ᠪᠠᠶᠢᠵᠤ᠂ ᠵᠠᠷᠢᠮ ᠦᠶ᠎ᠡ ᠶᠠᠭᠤ ᠪᠦᠭᠦᠨ ᠢ | ᠴᠢᠨᠢ ᠣᠷᠣ ᠮᠥᠷ ᠦᠭᠡᠢ ᠪᠠᠯᠠᠯᠠᠴᠢᠬᠠᠬᠤ ᠨᠢ ᠵᠦᠪᠭᠡᠨ ᠴᠠᠭ ᠬᠤᠭᠤᠴᠠᠭᠠᠨ ᠤ ᠠᠰᠠᠭᠤᠳᠠᠯ ᠠᠵᠢ᠃ ᠳᠡᠭᠡᠭᠡᠳ | ᠪᠤᠳᠤᠭᠠᠳ ᠦᠵᠡᠬᠦ ᠳᠤ ᠬᠥᠮᠥᠨ ᠲᠥᠷᠥᠯᠬᠢᠲᠡᠨ ᠨᠢ ᠪᠠᠶᠢᠭᠠᠯᠢ ᠶᠢᠷᠲᠢᠨᠴᠦ ᠳᠤ ᠠᠪᠴᠤ ᠬᠡᠯᠡᠪᠡᠯ ᠶᠠᠭᠤ ᠴᠸ ᠪᠢᠰᠢ … | | | ᠲᠡᠭᠦᠨ ᠠᠴᠠ ᠴᠢᠨᠠᠭᠰᠢ ᠨᠢ ᠮᠥᠨ ᠪᠢᠲᠡᠭᠦᠦ ᠤᠢ ᠳᠤᠮᠳᠠᠭᠤᠷ ᠡᠯᠳᠡᠪ ᠤᠨ ᠮᠦᠭᠦ ᠪᠠᠷ ᠨᠥᠬᠦᠳ ᠪᠠᠷ᠎ᠠ | ᠬᠢᠵᠦ ᠶᠠᠪᠤᠭᠰᠠᠭᠠᠷ ᠠᠭᠤᠯᠠᠨ ᠤ ᠣᠷᠣᠢ ᠳᠥᠬᠦᠬᠦ ᠳᠤ ᠮᠣᠳᠣ ᠰᠢᠩᠭᠡᠷᠡᠨ᠂ ᠬᠠᠳᠠ ᠴᠢᠯᠠᠭᠤ ᠠᠷᠪᠢᠳᠴᠤ᠂ ᠲᠡᠮᠡᠭᠡᠨ | ᠰᠡᠭᠦᠯ ᠭᠡᠳᠡᠭ ᠡᠪᠡᠳᠦᠭ ᠳᠠᠪᠠᠮ᠎ᠠ ᠥᠨᠳᠥᠷ ᠤᠷᠭᠤᠭᠰᠠᠨ ᠮᠠᠰᠢ ᠥᠷᠭᠡᠰᠦ ᠲᠠᠢ ᠤᠷᠭᠤᠮᠠᠯ ᠭᠠᠵᠠᠷ ᠰᠠᠢ ᠦᠭᠡᠢ | ᠤᠷᠭᠤᠵᠤ᠂ ᠶᠠᠪᠤᠬᠤ ᠳᠤ ᠲᠤᠶᠢᠯ ᠤᠨ ᠪᠡᠷᠬᠡ ᠲᠠᠢ ᠪᠣᠯᠵᠤ᠂ ᠪᠢᠳᠡ ᠢᠰᠢᠭᠡ ᠰᠢᠭ ᠬᠠᠳᠠ ᠴᠢᠯᠠᠭᠤᠨ ᠳᠡᠭᠡᠭᠦᠷ | ᠦᠰᠦᠷᠬᠢᠯᠡᠨ ᠳᠡᠭᠳᠡᠭᠰᠡᠭᠡᠷ ᠠᠭᠤᠯᠠ ᠥᠭᠡᠳᠡ ᠠᠪᠠᠷᠢᠯᠠ᠃ ᠪᠢᠳᠠᠨ ᠤ ᠥᠨᠥᠳᠥᠷ ᠤᠨ ᠵᠣᠷᠢᠯᠭ᠎ᠠ ᠶᠢᠨ ᠭᠠᠵᠠᠷ ᠪᠣᠯ | ᠳᠠᠷᠤᠢ ᠤᠭᠤᠴᠠ ᠶᠢᠨ ᠰᠢᠯᠢ ᠬᠡᠮᠡᠬᠦ ᠡᠨᠡ ᠠᠭᠤᠯᠠᠨ ᠣᠷᠣᠢ ᠪᠣᠯᠣᠨ᠎ᠠ᠃ ᠲᠠᠷᠠ ᠣᠷᠣᠢ ᠳᠡᠭᠡᠷ᠎ᠡ ᠠᠴᠠ ᠬᠠᠭᠠᠰ | ᠲᠤᠨᠢ ᠭᠦᠷᠳᠡᠯ᠎ᠡ ᠬᠤᠷᠮᠣᠶᠢᠯᠠᠵᠤ ᠠᠪᠴᠢᠷᠠᠭᠠᠳ ᠠᠰᠬᠠᠴᠢᠬᠠᠭᠰᠠᠨ ᠮᠡᠲᠦ ᠬᠠᠳᠠ ᠴᠢᠯᠠᠭᠤᠳ ᠪᠦᠷᠬᠦᠵᠦ ᠭᠠᠯᠠᠪ | ᠶᠡᠭᠦᠷᠡᠭᠰᠡᠨ ᠴᠸ ᠶᠤᠮ ᠦᠦ ᠭᠡᠬᠦ ᠪᠤᠳᠤᠯ ᠲᠥᠷᠥᠭᠳᠡᠭᠦᠯᠦᠨ᠎ᠡ᠃ ᠤᠭᠤᠴᠠ ᠶᠢᠨ ᠰᠢᠯᠢ ᠶᠢᠨ ᠣᠷᠣᠢ ᠣᠶᠢᠷᠠᠲᠤᠬᠤ | ᠲᠤᠰᠤᠮ ᠬᠦᠢᠲᠡᠨ ᠵᠢᠪᠠᠷ ᠰᠡᠩᠭᠢᠨᠡᠵᠦ᠂ ᠰᠠᠶ᠋ᠢᠬᠠᠨ ᠬᠠᠯᠠᠭᠤᠴᠠᠵᠤ ᠬᠥᠯᠥᠷᠡᠵᠦ ᠪᠠᠶᠢᠭᠰᠠᠨ ᠨᠢᠷᠤᠭᠤᠨ ᠭᠤᠣᠯ ᠢᠶᠠᠷ | ᠰᠢᠷᠢᠭᠦᠦ ᠲᠠᠲᠠᠵᠤ ᠵᠢᠩᠭᠢᠨᠡᠭᠦᠯᠬᠦ ᠰᠢᠭ ᠪᠣᠯᠵᠤ᠂ ᠭᠠᠳᠠᠷ ᠭᠦᠷᠮ᠎ᠡ ᠪᠠᠨ ᠠᠮᠵᠢᠭᠤᠯᠵᠤ ᠳᠠᠪᠬᠤᠷᠯᠠᠯᠠ᠃ ᠭᠠᠵᠠᠷ ᠤᠨ | ᠪᠠᠶᠢᠴᠠ ᠶᠢ ᠨᠢ ᠠᠵᠢᠬᠤ ᠳᠤ ᠠᠭᠤᠯᠠᠨ ᠣᠷᠣᠢ ᠨᠢ ᠶᠠᠭ ᠬᠤᠨᠢᠨ ᠤᠭᠤᠴᠠ ᠶᠢᠨ ᠬᠡᠯᠪᠡᠷᠢᠲᠡᠢ ᠪᠥᠭᠡᠳ ᠡᠮᠦᠨ᠎ᠡ | ᠲᠠᠯ᠎ᠠ ᠨᠢ ᠡᠭᠴᠡ ᠠᠰᠬ᠎ᠠ ᠬᠠᠯᠢᠯ ᠬᠠᠳᠠ ᠪᠣᠯᠵᠤ᠂ ᠬᠥᠯ ᠳᠣᠣᠷ᠎ᠠ ᠭᠤᠤ ᠵᠢᠯᠠᠭ᠎ᠠ᠂ ᠤᠢ ᠰᠢᠭᠤᠢ ᠳᠡᠷᠡ ᠬᠤᠯᠠ | ᠵᠢᠵᠢᠭᠷᠡᠨ ᠬᠠᠷᠠᠭᠳᠠᠨ᠎ᠠ᠃ | ︽ᠥᠩᠭᠡᠷᠡᠭᠰᠡᠨ ᠳᠤ ᠠᠯᠠᠱᠠ ᠨᠣᠶᠠᠨ ᠵᠢᠯ ᠪᠦᠷᠢ ᠡ᠊ᠨᠳᠡ ᠢᠷᠡᠵᠤ ᠤᠭᠤᠴᠠ ᠶᠢᠨ ᠰᠢᠯᠢ ᠶᠢ | ᠳᠠᠭᠢᠳᠠᠬ ᠭᠡᠨ᠎ᠡ᠃ ᠳᠠᠭᠢᠯᠭ᠎ᠠ ᠨᠢ ᠪᠠᠷᠤᠭ ᠵᠢᠯ ᠪᠦᠷᠢ ᠶᠢᠨ ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠡ | ᠶᠢᠨ ᠵᠢᠷᠭᠤᠭᠠᠨ ᠤ ᠡᠳᠦᠷ ᠶᠠᠪᠤᠭᠳᠠᠳᠠᠭ᠃ ᠮᠣᠷᠢ ᠪᠠᠷ ᠤᠨᠤᠭ᠎ᠠ ᠬᠢᠳᠡᠭ ᠪᠣᠯᠬᠤᠷ ᠠᠯᠠᠱᠠ ᠨᠣᠶᠠᠨ ᠲᠦᠰᠢᠮᠡᠳ | ᠳᠠᠭᠠᠭᠤᠯᠢ ᠨᠠᠷ ᠲᠠᠢ ᠪᠠᠨ ᠶᠠᠮᠤᠨ ᠬᠤᠳᠠ ︵ᠳ᠋ᠢᠩ ᠶᠤᠸᠠᠨ ᠶᠢᠩ︶ ᠠᠴᠠ ᠭᠠᠷᠴᠤ ᠵᠡᠭᠦᠨ ᠬᠡᠶᠢᠳ ᠲᠤ ᠢᠷᠡᠵᠤ | ᠨᠢᠭᠡ ᠬᠤᠨᠣᠭᠠᠳ᠂ ᠳᠠᠷᠠᠭ᠎ᠠ ᠥᠷᠯᠥᠭᠡ ᠨᠢ ᠲᠦᠭᠦᠮ ᠤᠨ ᠭᠤᠣᠯ ᠤᠨ ᠡᠬᠢᠨ ᠢᠶᠠᠷ ᠨᠠᠭᠠᠰᠢ ᠨᠢ ᠣᠷᠣᠵᠤ᠂ ᠯᠦᠡᠭ | ᠺᠧᠩ ᠢᠶᠠᠷ ᠲᠠᠮᠵᠢᠨ ᠰᠢᠯᠢ ᠶᠢᠨ ᠣᠷᠣᠢ ᠳᠡᠭᠡᠷ᠎ᠡ ᠭᠠᠷᠴᠤ ᠳᠠᠭᠢᠯᠭ᠎ᠠ ᠪᠠᠨ ᠬᠢᠭᠡᠳ ᠪᠠᠰᠠ ᠨᠢᠭᠡ ᠬᠤᠨᠣᠳᠠᠭ ᠪᠠᠶᠢᠵᠠᠢ | ᠃ ᠤᠳᠤ ᠰᠢᠭ᠋ ᠪᠠᠶᠢᠭᠰᠠᠨ ᠪᠣᠯ ᠲᠡᠷᠭᠡ ᠮᠠᠰᠢᠨ ᠢᠶᠠᠷ ᠡᠳᠦᠷ ᠲᠡᠭᠡᠨ ᠢᠷᠡᠭᠡᠳ ᠡᠳᠦᠷ ᠲᠡᠭᠡᠨ ᠪᠤᠴᠠᠴᠢᠬᠠᠵᠤ ᠪᠤᠯᠬᠤ | ᠶᠤᠮ︾ ᠭᠡᠵᠦ ᠡᠷᠳᠡᠨᠢᠬᠦᠦ ᠭᠤᠸᠠᠢ ᠤᠭᠤᠴᠠ ᠶᠢᠨ ᠰᠢᠯᠢ ᠶᠢᠨ ᠤᠴᠢᠷ ᠦᠯᠢᠭᠡᠷ ᠢ ᠶᠠᠷᠢᠵᠤ ᠦᠭᠭᠦᠯ᠎ᠡ᠃ | ᠥᠩ ᠥᠷᠭᠡᠨ ᠠᠯᠠᠱᠠ ᠨᠤᠲᠤᠭ ᠤᠨ ᠠᠭᠤᠯᠠ ᠬᠠᠶᠢᠷᠬᠠᠨ᠂ ᠡᠯᠡᠰᠦ ᠮᠠᠩᠬ᠎ᠠ᠂ ᠭᠤᠪᠢ ᠴᠦᠯ ᠠᠴᠠ | ᠠᠪᠤᠭᠠᠳ ᠮᠣᠳᠣ ᠴᠢᠯᠠᠭᠤᠳ ᠨᠢ ᠪᠦᠷ ᠲᠡᠦᠬᠡ ᠬᠦᠦᠷᠨᠢᠵᠦ ᠦᠯᠢᠭᠡᠷ ᠰᠢᠪᠡᠨᠡᠵᠦ ᠪᠠᠶᠢᠳᠠᠭ ᠠᠵᠢ᠃ ᠤᠭᠤᠴᠠ ᠶᠢᠨ | ᠰᠢᠯᠢ ᠠᠴᠠ ᠪᠠᠭᠤᠭᠰᠠᠨ ᠬᠡᠳᠦᠨ ᠡᠳᠦᠷ ᠤᠨ ᠳᠠᠷᠠᠭ᠎ᠠ ᠠᠭᠤᠷ ᠠᠮᠢᠰᠬᠤᠯ ᠭᠡᠨᠡᠳᠲᠡ ᠬᠤᠪᠢᠷᠠᠵᠤ᠂ ᠠᠯᠠᠱᠠ | ᠠᠭᠤᠯᠠᠨ ᠳᠠᠬᠢ ᠳᠤᠯᠠᠭᠠᠨ ᠤ ᠬᠡᠮᠵᠢᠶ᠎ᠡ ᠪᠠᠭᠤᠷᠠᠨ ᠮᠥᠰᠥ ᠴᠠᠰᠤ ᠬᠥᠯᠳᠡᠭᠰᠡᠨ ᠠᠴᠠ ᠪᠢᠳᠠᠨ ᠤ ᠡᠨᠡ ᠵᠢᠯ ᠤᠨ | ᠠᠶᠠᠯᠠᠯ ᠤᠨ ᠬᠥᠯ ᠬᠠᠰᠢᠭᠳᠠᠯᠠ᠃ ᠭᠡᠪᠡᠴᠦ ᠡᠷᠳᠡᠨᠢᠬᠦᠦ ᠨᠠᠰᠤᠲᠠᠨ ᠤ ᠬᠡᠯᠡᠵᠦ ᠪᠠᠶᠢᠭᠰᠠᠨ ᠵᠡᠭᠦᠨ ᠪᠡᠯ ᠤᠨ ᠲᠠᠰᠢᠬᠤ | ᠶᠢᠨ ᠠᠭᠤᠯᠠᠨ ᠤ ᠠᠭᠤᠢ᠂ ᠲᠡᠮᠦᠷ ᠱᠠᠲᠤ ᠵᠡᠷᠭᠡ ᠦᠯᠢᠭᠡᠷ ᠲᠤᠮᠤᠭ ᠨᠢ ᠶᠡᠷᠦ ᠰᠠᠨᠠᠭᠠᠨ ᠠᠴᠠ ᠭᠠᠷᠬᠤ ᠦᠭᠡᠢ | ᠲᠤᠯᠠ ᠳᠠᠷᠠᠭ᠎ᠠ ᠵᠢᠯ ᠵᠠᠯᠭᠠᠭᠠᠳ ᠬᠠᠮᠲᠤ ᠪᠠᠷ ᠠᠯᠠᠱᠠ ᠠᠭᠤᠯᠠᠨ᠎ᠠ ᠠᠶᠠᠯᠠᠬᠤ ᠪᠠᠷ ᠪᠣᠯᠵᠤᠭ᠎ᠠ ᠲᠠᠯᠪᠢᠵᠤ ᠪᠢᠯᠡ᠃ | | |