ᠨᠠᠭᠤᠷ ᠵᠢᠷᠠᠨ
ᠨᠡᠶᠢᠲᠡᠯᠡᠭᠰᠡᠨ ᠴᠠᠭ᠄
2024/12/31
                       ᠪᠠᠳᠠᠢ ᠶᠢᠨ ᠵᠢᠷᠠᠨ ᠡᠯᠡᠰᠦ ᠮᠠᠩᠬᠠᠨ ᠳᠤ ᠦᠵᠡᠰᠬᠦᠯᠡᠩᠲᠦ ᠰᠠᠶᠢᠬᠠᠨ144 ᠨᠠᠭᠤᠷ ᠵᠢᠷᠠᠨ ᠲᠠᠢ ᠪᠣᠯᠬᠤᠷ ︽ᠮᠢᠩᠭᠠᠨ ᠨᠠᠭᠤᠷᠲᠤ ᠡᠯᠡᠰᠦ ᠮᠠᠩᠬ᠎ᠠ︾ ᠬᠡᠮᠡᠭᠳᠡᠳᠡᠭ᠃ ᠡᠳᠡᠭᠡᠷ ᠨᠠᠭᠤᠷ ᠵᠢᠷᠠᠨ ᠨᠢ ᠶᠠᠭᠠᠨ ᠥᠩᠭᠡ᠂ ᠬᠥᠬᠡ ᠥᠩᠭᠡ᠂ ᠰᠢᠷ᠎ᠠ ᠥᠩᠭᠡ᠂ ᠨᠣᠭᠤᠭᠠᠨ ᠥᠩᠭᠡ ᠵᠡᠷᠭᠡ ᠶᠢᠰᠦᠨ ᠵᠦᠢᠯ ᠤᠨ ᠥᠩᠭᠡ ᠪᠤᠳᠤᠭ ᠢᠶᠠᠷ ᠮᠡᠯᠲᠡᠯᠵᠡᠨ᠂ ᠪᠠᠳᠠᠢ ᠶᠢᠨ ᠵᠢᠷᠠᠨ ᠡᠯᠡᠰᠦ ᠶᠢ ᠨᠡᠩ ᠡᠴᠢᠨ᠎ᠡ ᠭᠠᠶᠢᠬᠠᠮᠰᠢᠳᠠᠢ ᠪᠥᠭᠡᠳ ᠬᠠᠴᠢᠨ ᠨᠢᠭᠤᠴᠠᠭᠠᠢ ᠪᠣᠯᠭᠠᠵᠠᠢ ᠃ ᠠᠯᠠᠱᠠᠴᠤᠳ ᠡᠯᠡᠰᠦᠨ ᠤ ᠨᠠᠭᠤᠷ ᠢᠶᠠᠨ ︽ᠵᠢᠷᠠᠨ︾ ᠭᠡᠵᠦ ᠳᠠᠭᠤᠳᠠᠳᠠᠭ ᠵᠠᠩᠰᠢᠯ ᠲᠠᠢ᠃ ᠡᠨᠡ ᠵᠠᠩᠰᠢᠯ ᠠᠴᠠ ᠪᠠᠨ ᠪᠣᠯᠵᠤ ᠨᠠᠭᠤᠷ ᠪᠦᠷᠢᠳᠦ ᠲᠠᠢ ᠭᠠᠵᠠᠷ ᠢ ᠰᠢᠭᠤᠳ ︽ᠵᠢᠷᠠᠨ︾ ᠭᠡᠵᠦ᠂ ᠨᠠᠭᠤᠷ ᠪᠦᠷᠢᠳᠦ ᠦᠭᠡᠢ ᠭᠠᠵᠠᠷ ᠢ ︽ᠬᠠᠭᠤᠷᠠᠢ ᠵᠢᠷᠠᠨ︾ ᠭᠡᠵᠦ ᠬᠡᠯᠡᠳᠡᠭ᠃              ᠡᠮᠦᠨ᠎ᠡ ᠨᠠᠭᠤᠷᠲᠤ ᠵᠢᠷᠠᠨ ᠪᠣᠯ ᠪᠠᠳᠠᠢ ᠶᠢᠨ ᠵᠢᠷᠠᠨ ᠤ ᠨᠠᠭᠤᠷ ᠪᠦᠷᠢᠳᠦ ᠶᠢᠨ ᠳᠣᠲᠣᠷ᠎ᠠ ᠳᠠᠯᠠᠪᠠᠢ ᠪᠠᠷ ᠬᠠᠮᠤᠭ ᠶᠡᠭᠡ ᠨᠢ ᠪᠣᠯᠣᠨ᠎ᠠ᠃ ᠡᠨᠡ ᠨᠠᠭᠤᠷᠲᠤ ᠨᠢ ᠪᠠᠳᠠᠢ ᠶᠢᠨ ᠵᠢᠷᠠᠨ ᠭᠠᠴᠠᠭ᠎ᠠ ᠶᠢᠨ ᠰᠠᠭᠤᠭ᠎ᠠ ᠭᠠᠵᠠᠷ ᠠᠴᠠ ᠵᠡᠭᠦᠨ ᠡᠮᠦᠨᠡᠰᠢ 6 ᠺᠢᠯᠣᠮᠧᠲᠷ ᠵᠠᠶᠢᠲᠠᠢ᠃ ᠨᠠᠭᠤᠷ ᠤᠨ ᠤᠰᠤᠨ ᠤ ᠳᠠᠯᠠᠪᠠᠢ ᠨᠢ2205 ᠮᠦ ᠪᠤᠢ᠃ ᠨᠠᠭᠤᠷ ᠤᠨ ᠤᠰᠤᠨ ᠤ ᠭᠦᠨ ᠤ ᠬᠡᠮᠵᠢᠶ᠎ᠡ ᠨᠢ28 ᠮᠧᠲᠷ ᠭᠦᠷᠳᠡᠭ᠃              ᠡᠷᠲᠡ ᠦᠶ᠎ᠡ ᠳᠤ ᠡᠨᠡ ᠨᠠᠭᠤᠷ ᠤᠨ ᠭᠤᠣᠯ ᠳᠤᠮᠳᠠ ᠲᠣᠮᠣᠬᠠᠨ ᠰᠢᠭ᠋ ᠠᠷᠠᠯ ᠪᠠᠶᠢᠵᠤ᠂ ᠨᠠᠭᠤᠷ ᠤᠨ ᠡᠮᠦᠨ᠎ᠡ ᠭᠦᠪᠡᠭᠡ ᠠᠴᠠ ᠡᠨᠡ ᠠᠷᠠᠯ ᠳᠤ ᠵᠠᠯᠭᠠᠯᠳᠤᠭᠰᠠᠨ ᠨᠣᠭᠤᠭᠠᠨ ᠵᠦᠯᠭᠡ ᠰᠢᠷᠭᠢᠳᠤ ᠨᠠᠷᠢᠬᠠᠨ ᠬᠤᠶᠢᠭ ᠲᠠᠢ᠂ ᠠᠷᠠᠯ ᠳᠡᠭᠡᠷ᠎ᠡ ᠨᠢ ᠶᠠᠩᠵᠤ ᠪᠦᠷᠢ ᠶᠢᠨ ᠡᠪᠡᠰᠦ ᠤᠷᠭᠤᠮᠠᠯ ᠲᠠᠢ᠂ ᠭᠠᠯᠠᠭᠤ ᠰᠢᠪᠠᠭᠤ ᠡᠭᠦᠷᠯᠡᠵᠦ᠂ ᠠᠷᠠᠯ ᠤᠨ ᠭᠦᠪᠡᠭᠡ ᠪᠠᠷ ᠳᠡᠭᠡᠭᠰᠢ ᠴᠣᠷᠭᠢᠭᠰᠠᠨ ᠤᠯᠠᠠ ᠪᠤᠯᠠᠭ ᠲᠠᠢ ᠭᠤᠶᠤ ᠰᠠᠶᠢᠬᠠᠨ ᠦᠵᠡᠮᠵᠢ ᠲᠠᠢ ᠪᠠᠶᠢᠵᠠᠢ᠃              1927 ᠣᠨ ᠳᠤ ᠭᠠᠵᠠᠷ ᠬᠥᠳᠡᠯᠦᠭᠰᠡᠨ ᠠᠴᠠ ᠨᠠᠭᠤᠷ ᠤᠨ ᠤᠰᠤ ᠳᠠᠯᠠᠵᠤ᠂ ᠡᠨᠡ ᠠᠷᠠᠯ ᠬᠤᠶᠢᠭ  ᠨᠢ ᠨᠠᠭᠤᠷ ᠤᠨ ᠤᠰᠤᠨ ᠳᠤ ᠳᠠᠯᠳᠠᠷᠠᠨ ᠣᠷᠣᠭᠰᠠᠨ ᠶᠤᠮ ᠭᠡᠨ᠎ᠡ᠃ ᠥᠩᠭᠡ ᠦᠵᠡᠮᠵᠢ ᠨᠢ ᠰᠠᠶᠢᠬᠠᠨ ᠢᠶᠠᠷ ᠢᠶᠠᠨ ︽ᠡᠯᠡᠰᠦᠨ ᠳᠤᠮᠳᠠᠬᠢ ᠵᠢᠶᠠᠩᠨᠠᠨ︾ ᠭᠡᠳᠡᠭ ᠨᠡᠷ᠎ᠡ ᠲᠠᠢ᠂ ᠤᠳᠤ ᠲᠤᠰ ᠨᠠᠭᠤᠷ ᠨᠢ ᠪᠠᠳᠠᠢ ᠶᠢᠨ ᠵᠢᠷᠠᠨ ᠤ ᠥᠩᠭᠡ ᠦᠵᠡᠮᠵᠢ ᠶᠢ ᠰᠣᠨᠢᠷᠬᠠᠬᠤ ᠵᠢᠭᠤᠯᠴᠢᠯᠠᠯ ᠤᠨ ᠭᠤᠣᠯ ᠣᠷᠣᠨ ᠤ ᠨᠢᠭᠡ ᠪᠣᠯᠵᠠᠢ᠃              ᠭᠤᠪᠢ ᠡᠯᠡᠰᠦᠨ ᠳᠤ ᠠᠰᠬᠠᠭᠰᠠᠨ ᠤᠯᠠᠭᠠᠨ ᠪᠤᠳᠤᠭ ᠭᠡᠮᠡᠷ ᠤᠯᠠᠭᠠᠨ ᠵᠢᠷᠠᠨ ᠨᠢ ᠭᠠᠯ ᠤᠯᠠᠭᠠᠨ ᠥᠩᠭᠡ ᠲᠠᠢ ᠳᠠᠪᠤᠰᠤ ᠲᠠᠢ᠂ ᠳᠠᠪᠤᠰᠤᠨ ᠤ ᠵᠠᠷᠢᠮ ᠨᠢ ᠱᠠᠭ᠎ᠠ ᠶᠢᠨ ᠴᠢᠨᠡᠭᠡᠨ ᠪᠦᠳᠦᠭᠦᠨ ᠪᠠᠶᠢᠳᠠᠭ ᠭᠡᠨ᠎ᠡ᠃ ᠨᠠᠭᠤᠷ ᠤᠨ ᠤᠰᠤᠨ ᠳᠤ ᠵᠣᠬᠢᠴᠠᠵᠤ ᠠᠮᠢᠳᠤᠷᠠᠳᠠᠭ ᠤᠯᠠᠭᠠᠨ ᠥᠩᠭᠡ ᠲᠠᠢ ᠪᠠᠳᠠᠷᠠᠪᠠ ᠬᠤᠷᠣᠬᠠᠢ ᠤᠯᠠᠭᠠᠨ ᠰᠣᠯᠣᠩᠭ᠎ᠠ ᠲᠠᠲᠠᠵᠤ᠂ ᠡᠨᠡ ᠤᠯᠠᠭᠠᠨ ᠬᠤᠷᠣᠬᠠᠢ ᠶᠢᠨ ᠥᠨᠳᠡᠭᠡ ᠶᠢ ᠢᠳᠡᠳᠡᠭ ᠤᠯᠠᠭᠠᠨ ᠰᠢᠷᠭᠠᠯ ᠠᠩᠭᠢᠷ ᠰᠢᠪᠠᠭᠤᠳ ᠨᠠᠭᠤᠷ ᠤᠨ ᠭᠦᠪᠡᠭᠡ ᠪᠠᠷ ᠡᠩᠨᠡᠷᠡᠨ᠂ ᠡᠷᠭᠢᠨ ᠲᠣᠭᠤᠷᠢᠨ ᠤ ᠡᠯᠡᠰᠦ ᠮᠠᠩᠬ᠎ᠠ ᠨᠢ ᠴᠤ ᠤᠯᠠᠭᠠᠨ ᠰᠢᠷᠭᠠᠯ ᠥᠩᠭᠡ ᠲᠠᠢ᠃              ᠨᠠᠭᠤᠷ ᠤᠨ ᠤᠯᠠᠭᠠᠨ ᠳᠠᠪᠤᠰᠤ ᠨᠢ ᠴᠢᠨᠠᠷ ᠢᠶᠠᠷ ᠬᠠᠮᠤᠭ ᠰᠠᠶᠢᠨ ᠳᠠᠪᠤᠰᠤᠨ ᠤ ᠲᠥᠷᠦᠯ ᠵᠦᠢᠯ᠂ ᠬᠥᠮᠥᠨ ᠤ ᠪᠡᠶ᠎ᠡ ᠳᠤ ᠺᠠᠯᠼ ᠨᠥᠬᠦᠪᠦᠷᠢᠯᠡᠬᠦ ᠳᠤ ᠴᠤ ᠰᠠᠶᠢᠨ᠂ ᠨᠣᠭᠤᠭ᠎ᠠ ᠳᠠᠪᠤᠰᠤᠯᠠᠬᠤ ᠪᠤᠶᠤ ᠮᠢᠬ᠎ᠠ ᠴᠢᠨᠠᠬᠤ ᠳᠤ ᠠᠮᠲᠠ ᠰᠢᠮᠳᠡ ᠨᠢ ᠲᠤᠩ ᠰᠠᠶᠢᠬᠠᠨ ᠪᠤᠯᠳᠠᠭ ᠭᠡᠵᠦ ᠬᠡᠯᠡᠳᠡᠭ᠃              ᠤᠯᠠᠮᠵᠢᠯᠠᠯ ᠶᠠᠷᠢᠶ᠎ᠠ ᠪᠠᠷ ᠪᠠᠳᠠᠢ ᠶᠢᠨ ᠵᠢᠷᠠᠨ ᠤ ᠵᠢᠷᠠᠨ ᠪᠣᠯᠭᠠᠨ ᠳᠤ ᠨᠢᠭᠡ ᠭᠠᠵᠠᠷ ᠨᠤᠲᠤᠭ ᠤᠨ ᠡᠵᠡᠨ ᠰᠠᠬᠢᠭᠤᠯᠰᠤᠨ ᠲᠠᠢ᠃ ᠭᠡᠬᠦ ᠳᠡᠭᠡᠨ ᠥᠭᠡᠷ᠎ᠡ ᠪᠤᠰᠤᠳ ᠭᠠᠵᠠᠷ ᠤᠨ ᠬᠢ ᠲᠠᠢ ᠠᠳᠠᠯᠢ ᠨᠢᠳᠦᠨ ᠳᠤ ᠦᠵᠡᠭᠳᠡᠬᠦ ᠦᠭᠡᠢ ᠪᠢᠰᠢ᠂ ᠬᠠᠷᠢᠨ ᠲᠡᠷᠡ ᠪᠡᠶ᠎ᠡ ᠪᠠᠷ ᠢᠶᠠᠨ ᠲᠣᠳᠣᠷᠬᠠᠢ ᠦᠵᠡᠭᠳᠡᠳᠡᠭ ᠭᠡᠨ᠎ᠡ᠃ ᠲᠤᠯᠤᠭᠠᠠ ᠵᠢᠷᠠᠨ ᠤ ᠰᠠᠬᠢᠭᠤᠯᠰᠤᠨ ᠰᠠᠭᠠᠲᠠᠳᠠᠭ ᠪᠢᠯᠡᠭᠦᠲᠦ ᠭᠡᠵᠦ ᠬᠠᠮᠤᠭ ᠥᠨᠳᠥᠷ ᠪᠢᠯᠡᠭᠦᠲᠦ ᠶᠢᠨ ᠴᠣᠬᠢᠶ᠎ᠠ ᠶᠢᠨ ᠡᠮᠦᠨ᠎ᠡ ᠲᠠᠯ᠎ᠠ ᠳᠤ ᠪᠠᠶᠢᠳᠠᠭ᠃              ᠨᠤᠲᠤᠭ ᠤᠨ ᠤᠯᠠᠮᠵᠢᠯᠠᠯ ᠶᠠᠷᠢᠶ᠎ᠠ ᠪᠠᠷ ᠰᠦᠮ᠎ᠡ ᠶᠢᠨ ᠵᠡᠭᠦᠨ ᠪᠠᠷᠠᠭᠤᠨ ᠬᠤᠶᠠᠷ ᠵᠢᠷᠠᠨ᠂ ᠪᠠᠭ᠎ᠠ ᠵᠢᠷᠠᠨ ᠂ ᠶᠡᠨᠳᠡᠷᠳᠤ᠂ ᠬᠥᠬᠡ ᠵᠢᠷᠠᠨ᠂ ᠵᠠᠯᠠᠭᠠᠲᠤ᠂ ᠪᠢᠯᠡᠭᠦᠲᠦ ᠵᠡᠷᠭᠡ ᠲᠤᠯᠤᠭᠠᠠ ᠵᠢᠷᠠᠨ ᠤ ᠭᠠᠵᠠᠷ ᠤᠨ ᠰᠠᠬᠢᠭᠤᠯᠰᠤᠨ ᠨᠢ ᠨᠢᠭᠡ ᠳᠠᠭ᠎ᠠ ᠣᠨᠣᠭᠰᠠᠨ ᠭᠤᠶᠤ ᠰᠠᠶᠢᠬᠠᠨ ᠬᠡᠦᠬᠡᠨ ᠪᠠᠶᠢᠳᠠᠭ ᠭᠡᠨ᠎ᠡ᠃ ᠡᠨᠡ ᠳᠠᠭ᠎ᠠ ᠣᠨᠣᠭᠰᠠᠨ ᠭᠤᠶᠤ ᠰᠠᠶᠢᠬᠠᠨ ᠬᠡᠦᠬᠡᠨ ᠬᠠᠶᠠ ᠨᠢᠭᠡ ᠤᠳᠠᠭ᠎ᠠ ᠣᠷᠣᠢ ᠶᠢᠨ ᠤᠯᠠᠪᠤᠷ ᠨᠠᠷᠠᠨ ᠤ ᠦᠶ᠎ᠡ ᠪᠠᠷ ᠪᠢᠯᠡᠭᠦᠲᠦ ᠶᠢᠨ ᠥᠨᠳᠥᠷ ᠴᠣᠬᠢᠶ᠎ᠠ ᠶᠢᠨ ᠣᠷᠣᠢ ᠳᠡᠭᠡᠷ᠎ᠡ ᠨᠢ ᠭᠠᠷᠴᠤ ᠡᠷᠭᠢᠨ ᠲᠣᠭᠤᠷᠢᠨ ᠤ ᠲᠤᠯᠤᠭᠠᠠ ᠵᠢᠷᠠᠨ ᠨᠠᠭᠤᠷ ᠤᠨ ᠢᠶᠠᠨ ᠪᠡᠷ᠎ᠠ ᠶᠢ ᠬᠠᠷᠠᠵᠤ ᠵᠣᠭᠰᠣᠵᠤ ᠪᠠᠶᠢᠬᠤ ᠨᠢ ᠦᠵᠡᠭᠳᠡᠳᠡᠭ ᠶᠤᠮ ᠭᠡᠨ᠎ᠡ᠃              ᠬᠥᠬᠡ ᠪᠦᠷᠢᠳᠦ ᠵᠢᠷᠠᠨ ᠨᠢ ᠪᠠᠳᠠᠢ ᠶᠢᠨ ᠵᠢᠷᠠᠨ ᠤ ᠬᠠᠮᠤᠭ ᠤᠨ ᠵᠡᠭᠦᠨ ᠬᠤᠶᠢᠲᠤ ᠲᠠᠯ᠎ᠠ ᠶᠢᠨ ᠬᠥᠪᠡᠭᠡᠨ ᠳᠤ ᠪᠠᠶᠢᠷᠢᠰᠢᠵᠤ ᠪᠠᠶᠢᠳᠠᠭ᠃ ᠤᠰᠤᠨ ᠤ ᠬᠡᠪᠴᠢᠶ᠎ᠡ ᠨᠢ ᠶᠡᠭᠡ ᠪᠥᠭᠡᠳ ᠭᠦᠨ᠂ ᠭᠡᠬᠦ ᠳᠡᠭᠡᠨ ᠨᠠᠭᠤᠷ ᠤᠨ ᠡᠷᠭᠢᠨ ᠲᠣᠭᠤᠷᠢᠨ ᠳᠤ ᠮᠡᠳᠡᠭᠳᠡᠮ᠎ᠡ ᠪᠤᠯᠠᠭ ᠤᠨ ᠤᠨᠳᠤᠷᠤᠯ ᠦᠭᠡᠢ᠃ ᠡᠪᠦᠯ ᠤᠨ ᠴᠠᠭ ᠲᠤ ᠨᠠᠭᠤᠷ ᠤᠨ ᠤᠰᠤ ᠨᠢ ᠪᠠᠷᠤᠭ ᠲᠠᠭᠠᠨ ᠲᠣᠬᠤᠢ ᠰᠢᠬᠠᠮ ᠮᠥᠰᠥ ᠬᠥᠯᠳᠡᠳᠡᠭ᠃              ᠢᠩᠭᠢᠭᠡᠳ ᠭᠤᠷᠪᠠ᠂ ᠳᠥᠷᠪᠡ ᠶᠢᠰᠦ ᠶᠢᠨ ᠬᠦᠢᠲᠡᠨ ᠤ ᠰᠥᠨᠢ ᠳᠤᠮᠳᠠ ᠶᠢᠨ ᠦᠶ᠎ᠡ ᠪᠠᠷ ᠮᠥᠰᠥ  ᠨᠢ ᠳᠡᠯᠪᠡᠷᠡᠬᠦ ᠪᠥᠮᠪᠦᠭᠡ ᠮᠡᠲᠦ ᠲᠣᠮᠣ ᠳᠠᠭᠤ ᠭᠠᠷᠤᠨ ᠳᠡᠯᠪᠡᠷᠡᠵᠦ᠂ ᠲᠣᠮᠣ ᠲᠣᠮᠣ ᠮᠥᠰᠥ ᠠᠯᠤᠰ ᠬᠤᠯᠠ ᠰᠤᠮᠤᠳᠠᠨ ᠶᠠᠪᠤᠳᠠᠭ ᠪᠠᠰᠠ ᠴᠤ ᠶᠠᠩᠵᠤ ᠶᠢᠨ ᠰᠣᠨᠢᠨ ᠨᠠᠭᠤᠷ ᠪᠠᠶᠢᠭ᠎ᠠ ᠶᠤᠮ᠃ ᠳᠡᠭᠡᠭᠦᠯᠡᠷ ᠡᠪᠦᠯ ᠤᠨ ᠴᠠᠭ ᠲᠤ ᠡᠨᠡ ᠨᠠᠭᠤᠷ ᠤᠨ ᠣᠶᠢᠷ᠎ᠠ ᠣᠷᠴᠢᠮ ᠠᠶᠢᠯ ᠣᠷᠣᠨ ᠰᠠᠭᠤᠳᠠᠭ ᠦᠭᠡᠢ ᠭᠡᠨ᠎ᠡ᠃              ᠪᠠᠳᠠᠢ ᠶᠢᠨ ᠵᠢᠷᠠᠨ ᠡᠯᠡᠰᠦᠨ ᠳᠤ ᠪᠠᠰᠠ ᠨᠢᠭᠡᠨ ᠨᠢᠭᠤᠴᠠ ᠶᠢᠨ ᠣᠷᠣᠨ ᠪᠣᠯᠤᠭᠰᠠᠨ ᠭᠤᠳᠤᠮᠵᠢ ᠶᠢᠨ ᠭᠤᠷᠪᠠᠨ ᠵᠢᠷᠠᠨ ᠭᠡᠳᠡᠭ ᠭᠠᠵᠠᠷ ᠤᠨ ᠲᠤᠬᠠᠢ ᠨᠤᠲᠤᠭ ᠤᠨ ᠠᠷᠠᠳ ᠤᠨ ᠳᠤᠮᠳᠠ ᠤᠯᠠᠠ ᠥᠯᠢᠭᠡᠷ ᠵᠣᠭᠤᠭ ᠤᠯᠠᠮᠵᠢᠯᠠᠭᠳᠠᠨ ᠪᠠᠶᠢᠳᠠᠭ᠃              ᠡᠨᠡ ᠭᠠᠵᠠᠷ ᠨᠢ ᠨᠢᠭᠡᠨ ᠠᠭᠤᠳᠠᠮ ᠲᠣᠮᠣ ᠬᠤᠳᠤᠭᠤᠷ ᠭᠠᠵᠠᠷ ᠪᠠᠶᠢᠵᠤ᠂ ᠡᠷᠭᠢᠨ ᠲᠣᠭᠤᠷᠢᠨ ᠲᠡᠭᠰᠢ ᠰᠠᠷᠠᠭᠤᠯᠬᠠᠨ᠂ ᠭᠤᠣᠯ ᠳᠤᠮᠳᠠ ᠪᠠᠨ ᠨᠢᠭᠡ ᠥᠨᠳᠥᠷ ᠴᠠᠭᠠᠨ ᠴᠣᠬᠢᠶ᠎ᠠ ᠲᠠᠢ᠂ ᠴᠣᠬᠢᠶ᠎ᠠ ᠶᠢᠨ ᠭᠤᠷᠪᠠᠨ ᠲᠠᠯ᠎ᠠ ᠳᠤ ᠪᠦᠷ ᠨᠠᠭᠤᠷ ᠲᠠᠢ᠂ ᠶᠠᠩᠵᠤ ᠪᠦᠷᠢ ᠶᠢᠨ ᠡᠪᠡᠰᠦ ᠮᠣᠳᠣ ᠰᠠᠬᠤᠯᠢᠭ ᠤᠷᠭᠤᠵᠤ᠂ ᠳᠣᠲᠣᠷ᠎ᠠ ᠨᠢ ᠨᠣᠣᠰᠣ ᠨᠢ ᠳᠠᠭᠠᠬᠢᠷᠠᠵᠤ ᠴᠢᠷᠦᠭᠳᠡᠭᠰᠡᠨ ᠲᠠᠪᠤᠨ ᠬᠤᠰᠢᠭᠤ ᠮᠠᠯ ᠲᠠᠢ ᠪᠥᠭᠡᠳ ᠤᠯᠠᠠ ᠬᠡᠭᠡᠷ᠎ᠡ ᠶᠢᠨ ᠠᠮᠢᠳᠠᠨ ᠲᠠᠢ ᠨᠢᠭᠤᠴᠠ ᠰᠠᠬᠢᠭᠤᠯᠰᠤᠨ ᠤ ᠣᠷᠣᠨ ᠰᠢᠭ᠋ ᠰᠠᠶᠢᠬᠠᠨ ᠭᠠᠵᠠᠷ ᠶᠤᠮ ᠭᠡᠨ᠎ᠡ᠃              ᠡᠨᠡ ᠭᠠᠵᠠᠷ ᠢ 1959 ᠣᠨ ᠳᠤ ᠥᠪᠥᠷ ᠮᠣᠩᠭᠤᠯ᠂ ᠭᠠᠨᠰᠤ ᠶᠢᠨ ᠭᠠᠵᠠᠷ ᠰᠢᠨᠵᠢᠯᠡᠭᠡ ᠶᠢᠨ ᠠᠩᠭᠢ ᠶᠢᠨ ᠬᠢᠨ ᠨᠢᠰᠬᠡᠯ ᠳᠡᠭᠡᠷ᠎ᠡ ᠠᠴᠠ ᠣᠯᠵᠤ ᠦᠵᠡᠵᠦ ᠪᠠᠶᠢᠯ᠎ᠠ ᠭᠡᠳᠡᠭ᠃ ᠭᠡᠪᠡᠴᠦ ᠡᠨᠡ ᠬᠦ ᠭᠠᠵᠠᠷ ᠢ ᠤᠳᠤ ᠪᠤᠯᠳᠠᠯ᠎ᠠ ᠡᠷᠢᠵᠦ ᠣᠯᠤᠭ᠎ᠠ ᠦᠭᠡᠢ ᠬᠠᠴᠢᠨ ᠨᠢᠭᠤᠴᠠᠭᠠᠢ ᠪᠠᠶᠢᠭᠰᠠᠭᠠᠷ᠃              ᠡᠭᠦᠨ ᠠᠴᠠ ᠭᠠᠳᠠᠨ᠎ᠠ ᠪᠠᠳᠠᠢ ᠶᠢᠨ ᠵᠢᠷᠠᠨ ᠡᠯᠡᠰᠦᠨ ᠤ ᠰᠣᠶᠣᠯ ᠵᠢᠭᠤᠯᠴᠢᠯᠠᠯ ᠤᠨ ᠡᠮᠦᠨ᠎ᠡ ᠡᠭᠦᠳᠡ ᠪᠣᠯᠤᠭᠰᠠᠨ ᠪᠠᠳᠠᠢ ᠭᠡᠬᠦ ᠵᠢᠷᠠᠨ᠂ ᠲᠡᠦᠬᠡ ᠰᠣᠶᠣᠯ ᠤᠨ ᠥᠯᠡᠳᠡᠭᠳᠡᠯᠳᠤ ᠲᠠᠪᠤᠨ ᠵᠢᠷᠠᠨ᠂ ᠬᠠᠭᠠᠨ ᠤ ᠭᠦᠩᠵᠦ ᠶᠢᠨ ᠳᠣᠮᠣᠭᠲᠤ ᠲᠣᠯᠢ ᠨᠠᠭᠤᠷ᠂ ᠪᠠᠶᠠᠨ ᠤ ᠪᠠᠷᠠᠭᠤᠨ ᠢᠬᠡᠷ᠎ᠡ᠂ ᠵᠢᠭᠠᠰᠤ ᠦᠷᠡᠵᠢᠭᠰᠡᠨ ᠪᠣᠷᠣ ᠲᠣᠯᠣᠭᠠᠢ᠂ ᠲᠠᠪᠤᠨ ᠰᠠᠶᠢᠨ ᠡᠷ᠎ᠡ ᠶᠢᠨ ᠥᠳᠦᠩᠳᠤ ᠵᠢᠷᠠᠨ᠂ ᠠᠳᠤᠭᠤᠨ ᠤ ᠦᠷ᠎ᠡ ᠲᠠᠰᠤᠷᠠᠳᠠᠭ ᠦᠭᠡᠢ ᠴᠣᠬᠤᠷ ᠮᠣᠷᠢᠲᠤ ᠶᠢᠨ ᠵᠢᠷᠠᠨ᠂ ᠰᠦᠮ᠎ᠡ ᠶᠢᠨ ᠲᠠᠬᠢᠯᠭᠠᠲᠤ ᠬᠤᠶᠠᠷ ᠵᠢᠷᠠᠨ᠂ ᠠᠩᠭᠢᠷ ᠥᠨᠳᠡᠭᠡᠯᠡᠳᠡᠭ ᠵᠠᠯᠠᠭᠠᠲᠤ ᠵᠢᠷᠠᠨ᠂ ᠪᠠᠷᠰ ᠣᠴᠢᠬᠤ ᠳᠤᠷ᠎ᠠ ᠲᠠᠢ ᠪᠠᠭ᠎ᠠ ᠵᠢᠷᠠᠨ᠂ ᠷᠠᠰᠢᠶᠠᠨ ᠪᠤᠯᠠᠬᠳᠤ ᠶᠠᠨᠳᠡᠷᠳᠤ᠂ ᠴᠡᠩᠬᠡᠷᠯᠡᠨ ᠬᠠᠷᠠᠭᠳᠠᠳᠠᠭ ᠬᠥᠬᠡ ᠵᠢᠷᠠᠨ᠂ ᠨᠡᠷ᠎ᠡ ᠳᠡᠭᠡᠨ ᠵᠣᠬᠢᠷᠠᠭᠰᠠᠨ ᠬᠤᠳᠳᠤᠭ ᠵᠢᠷᠠᠨ᠂ ᠬᠡᠰᠢᠭ ᠪᠤᠶᠠᠨ ᠲᠠᠢ ᠠᠯᠳᠠᠷᠲᠤ ᠵᠢᠷᠠᠨ᠂ ᠬᠡᠪᠴᠢᠶ᠎ᠡ ᠨᠢ ᠠᠭᠤᠳᠠᠮ ᠶᠡᠭᠡ ᠵᠢᠭᠳᠡ ᠵᠢᠷᠠᠨ᠂ ᠣᠪᠣᠭ᠎ᠠ ᠲᠠᠬᠢᠯᠭᠠᠲᠤ ᠴᠡᠯᠡᠭᠡᠷ ᠵᠢᠷᠠᠨ᠂ ᠳᠠᠪᠤᠰᠤᠨ ᠤ ᠭᠠᠷᠤᠯᠲᠠ ᠲᠠᠢ ᠳᠠᠪᠤᠰᠤᠲᠤ ᠵᠢᠷᠠᠨ᠂ ᠲᠠᠪᠤᠨ ᠬᠠᠭᠠᠨ ᠤ ᠲᠠᠬᠢᠯᠭᠠᠲᠤ ᠲᠠᠪᠤᠨ ᠵᠢᠷᠠᠨ᠂ ᠯᠤᠤᠰᠳᠤ ᠶᠢᠨ ᠣᠷᠣᠨ ᠵᠡᠭᠦᠨ ᠪᠠᠶᠠᠨᠨᠠᠭᠤᠷ᠂ ᠬᠠᠪᠲᠠᠭᠠᠢ ᠶᠢᠨ ᠪᠤᠤᠷ᠎ᠠ ᠴᠤᠭᠯᠠᠷᠠᠳᠠᠭ ᠪᠤᠤᠷᠠᠳᠤ ᠵᠢᠷᠠᠨ᠂ ᠳᠡᠪᠦᠷ᠎ᠡ ᠶᠢᠨ ᠴᠣᠷᠭᠤ ᠰᠢᠭ᠋ ᠪᠤᠯᠠᠭ ᠲᠠᠢ ᠵᠤᠷᠭᠤᠳᠤ᠂ ᠠᠭᠤᠷᠬᠠᠢ ᠪᠠᠷ ᠪᠠᠶᠠᠠ ᠵᠢᠷᠤᠭ᠎ᠠ ᠭᠡᠭᠦᠦᠳᠤ ᠵᠢᠷᠠᠨ᠂ ᠵᠠᠭ ᠤᠨ ᠤᠢ ᠲᠠᠢ ᠳᠤᠮᠳᠠ ᠨᠠᠭᠤᠷᠲᠤ ᠵᠢᠷᠠᠨ᠂ ᠨᠠᠭᠤᠷ ᠤᠨ ᠡᠬᠢ ᠪᠣᠯᠤᠭᠰᠠᠨ ᠡᠬᠢᠨ ᠵᠢᠷᠠᠨ᠂ ᠬᠤᠳᠣᠭᠤᠳᠤᠨ ᠡᠪᠡᠳᠴᠢᠨ ᠢ ᠵᠠᠰᠠᠳᠠᠭ ᠤᠷᠳᠤ ᠪᠤᠯᠠᠭ ᠵᠢᠷᠠᠨ᠂ ᠲᠣᠯᠢ ᠰᠢᠭ᠋ ᠭᠢᠯᠠᠯᠵᠠᠳᠠᠭ ᠬᠡᠷᠡᠯᠳᠦ ᠵᠢᠷᠠᠨ ᠂ ᠮᠤᠷᠢᠯ ᠳᠠᠪᠤᠰᠤ ᠪᠠᠷ ᠪᠠᠶᠠᠯᠢᠭ ᠮᠤᠷᠢᠯᠳᠤ ᠵᠢᠷᠠᠨ᠂ ᠤᠰᠤᠨ ᠦᠬᠡᠷ ᠲᠠᠢ ᠶᠡᠭᠡ ᠨᠣᠭᠤᠭᠠᠨ ᠨᠠᠭᠤᠷ᠂ ᠶᠠᠭᠤᠮ᠎ᠠ ᠪᠣᠯᠭᠠᠨ ᠢᠶᠠᠷ ᠡᠯᠪᠡᠭ ᠪᠠᠷᠠᠭᠤᠨ ᠪᠠᠶᠠᠨᠨᠠᠭᠤᠷ᠂ ᠬᠠᠪᠲᠠᠭᠠᠢ ᠶᠢᠨ ᠨᠤᠲᠤᠭ ᠬᠠᠪᠲᠠᠭᠠᠢ ᠨᠠᠭᠤᠷ᠂ ᠲᠣᠣᠷᠠᠢ ᠶᠢᠨ ᠤᠢ ᠲᠠᠢ ᠵᠡᠭᠦᠨ ᠲᠤᠤᠷᠠᠶᠢᠳᠤ ᠵᠡᠷᠭᠡ ᠥᠯᠢᠭᠡᠷ ᠲᠤᠮᠤᠭ ᠲᠠᠢ᠂ ᠣᠨᠴᠠ ᠭᠠᠷᠤᠯᠲᠠ ᠲᠠᠢ᠂ ᠣᠪᠣᠭᠠᠨ ᠲᠠᠭᠢᠯᠭ᠎ᠠ ᠲᠠᠢ ᠂ ᠤᠨᠳᠤᠷᠬᠤ ᠪᠤᠯᠠᠭ ᠲᠠᠢ ᠤᠯᠠᠠ ᠨᠠᠭᠤᠷ ᠵᠢᠷᠠᠨ ᠡᠯᠡᠰᠦᠨ ᠨᠤᠲᠤᠭ ᠤᠨ ᠭᠠᠶᠢᠬᠠᠮᠰᠢᠭ ᠢ ᠪᠦᠲᠦᠭᠡᠵᠦ ᠪᠠᠶᠢᠳᠠᠭ᠃ ᠡᠯᠡᠰᠦᠨ ᠤ ᠨᠡᠭᠦᠳᠡᠯ᠂ ᠣᠷᠴᠢᠨ ᠲᠣᠭᠤᠷᠢᠨ ᠤ ᠬᠤᠪᠢᠷᠠᠯᠲᠠ ᠠᠴᠠ ᠪᠣᠯᠵᠤ ᠪᠠᠳᠠᠢ ᠶᠢᠨ ᠵᠢᠷᠠᠨ ᠳᠤ ᠰᠢᠨ᠎ᠡ ᠪᠠᠷ ᠪᠤᠢ ᠪᠣᠯᠵᠤ ᠪᠠᠶᠢᠭ᠎ᠠ ᠨᠠᠭᠤᠷ ᠪᠠᠰᠠ ᠪᠠᠶᠢᠳᠠᠭ᠃              ᠪᠠᠳᠠᠢ ᠶᠢᠨ ᠵᠢᠷᠠᠨ ᠤ ᠵᠢᠯ ᠤᠨ ᠬᠤᠷ᠎ᠠ ᠲᠤᠨᠳᠠᠰᠤᠨ ᠤ ᠬᠡᠮᠵᠢᠶ᠎ᠡ ᠨᠢ40 -- 80 ᠮᠢᠯᠢᠮᠧᠲᠷ ᠪᠠᠶᠢᠳᠠᠭ ᠴᠤ ᠵᠢᠯ ᠤᠨ ᠠᠭᠤᠷᠰᠢᠯᠲᠠ ᠶᠢᠨ ᠬᠡᠮᠵᠢᠶ᠎ᠡ ᠨᠢ 3000ᠮᠢᠯᠢᠮᠧᠲᠷ ᠬᠦᠷᠴᠦ ᠪᠠᠶᠢᠳᠠᠭ᠃ ᠡᠶᠢᠮᠦ ᠶᠡᠭᠡ ᠬᠡᠮᠵᠢᠶᠡᠨ ᠤ ᠠᠭᠤᠷᠰᠢᠯᠲᠠ ᠳᠤ ᠡᠯᠡᠰᠦ ᠮᠠᠩᠬᠠᠨ ᠪ᠊ ᠨᠠᠭᠤᠷ ᠵᠢᠷᠠᠨ ᠨᠢ ᠬᠡᠵᠢᠶᠡᠳᠡ ᠬᠠᠳᠠᠵᠤ ᠰᠢᠷᠭᠢᠬᠦ ᠦᠭᠡᠢ ᠪᠠᠶᠢᠳᠠᠭ ᠨᠢ ᠪᠠᠳᠠᠢ ᠶᠢᠨ ᠵᠢᠷᠠᠨ ᠤ ᠪᠠᠰᠠ ᠨᠢᠭᠡᠨ ᠲᠠᠶᠢᠯᠤᠭᠳᠠᠰᠢ ᠦᠭᠡᠢ ᠣᠨᠢᠰᠤᠭ᠎ᠠ ᠪᠣᠯᠣᠨ᠎ᠠ᠃                            
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ ᠤ ᠮᠣᠩᠭᠤᠯ ᠪᠦᠷᠢᠨ ᠵᠠᠭᠤᠴᠢᠯᠠᠭᠤᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号