ᠡᠯᠵᠢᠭᠡᠨ ᠴᠢᠬᠢ
ᠨᠡᠶᠢᠲᠡᠯᠡᠭᠰᠡᠨ ᠴᠠᠭ᠄
2024/12/31
                                   ᠬᠡᠷᠬᠢᠨ ᠰᠢᠨ᠎ᠡ ᠰᠣᠷᠭᠤᠭ᠂ ᠠᠮᠲᠠ ᠨᠢ ᠰᠠᠶᠢᠬᠠᠨ ᠡᠯᠵᠢᠭᠡᠨ ᠴᠢᠬᠢ ᠶᠢ ᠰᠣᠩᠭᠤᠬᠤ ᠪᠤᠢ︖ ᠥᠩᠭᠡ ᠶᠢ  ᠨᠢ ᠦᠵᠡᠬᠦ᠄ ᠪᠣᠯᠪᠠᠰᠤᠷᠠᠭᠰᠠᠨ ᠡᠯᠵᠢᠭᠡᠨ ᠴᠢᠬᠢᠨ ᠤ ᠭᠠᠳᠠᠷᠭᠤ ᠨᠢ ᠠᠯᠲᠠᠨ ᠰᠢᠷᠭᠠᠯ ᠥᠩᠭᠡ ᠲᠠᠢ᠂ ᠬᠡᠷᠪᠡ ᠭᠦᠢᠬᠡᠨ ᠰᠢᠷ᠎ᠠ ᠪᠤᠶᠤ ᠬᠥᠬᠡ ᠰᠢᠷ᠎ᠠ ᠥᠩᠭᠡ ᠲᠠᠢ ᠪᠣᠯ ᠭᠦᠢᠴᠡᠳ ᠪᠣᠯᠪᠠᠰᠤᠷᠠᠭᠰᠠᠨ ᠦᠭᠡᠢ ᠶᠢ ᠬᠠᠷᠠᠭᠤᠯᠵᠤ ᠪᠠᠶᠢᠨ᠎ᠠ᠃ ᠲᠡᠮᠲᠡᠷᠢᠬᠦ ᠄ ᠰᠢᠨ᠎ᠡ ᠰᠣᠷᠭᠤᠭ ᠡᠯᠵᠢᠭᠡᠨ ᠴᠢᠬᠢᠨ ᠤ ᠭᠠᠳᠠᠷ ᠬᠠᠯᠢᠰᠤᠨ ᠳᠤ ᠨᠢᠭᠡ ᠳᠠᠪᠬᠤᠷᠭ᠎ᠠ ᠨᠠᠷᠢᠨ ᠨᠣᠣᠯᠣᠭᠤᠷ ᠲᠠᠢ᠂ ᠲᠡᠮᠲᠡᠷᠢᠬᠦ ᠳᠤ ᠶᠠᠭ ᠯᠠ ᠡᠯᠡᠰᠦ ᠱᠦᠷᠭᠦᠬᠦ ᠲᠠᠢ ᠠᠳᠠᠯᠢᠪᠲᠤᠷ ᠪᠠᠶᠢᠳᠠᠭ᠃ ᠲᠡᠮᠲᠡᠷᠢᠬᠦ ᠳᠤ ᠭᠥᠯᠢᠭᠡᠷ᠂ ᠦᠵᠡᠬᠦ ᠳᠤ ᠬᠢᠯᠠᠭᠠᠷ ᠪᠣᠯ ᠬᠡᠰᠡᠭ ᠬᠤᠭᠤᠴᠠᠭ᠎ᠠ ᠬᠠᠳᠠᠭᠠᠯᠠᠭᠰᠠᠨ ᠪᠠᠶᠢᠬᠤ ᠪᠣᠯᠣᠮᠵᠢ ᠲᠠᠢ᠂ ᠰᠢᠨ᠎ᠡ ᠰᠣᠷᠭᠤᠭ ᠪᠢᠰᠢ᠃ ᠰᠠᠭᠤᠷᠢ ᠶᠢ ᠨᠢ ᠦᠵᠡᠬᠦ᠄ ᠡᠯᠵᠢᠭᠡᠨ ᠴᠢᠬᠢᠨ ᠤ ᠰᠠᠭᠤᠷᠢ ᠨᠢ ᠲᠠᠪᠤᠨ ᠥᠨᠴᠥᠭᠲᠦ ᠣᠳᠣᠨ ᠬᠡᠯᠪᠡᠷᠢᠲᠡᠢ᠂ ᠣᠶᠢᠷᠠᠳᠬᠤ ᠲᠤᠲᠤᠮ ᠠᠮᠲᠠ ᠨᠢ ᠳᠠᠷᠤᠢ ᠤᠯᠠᠮ ᠰᠠᠶᠢᠨ᠂ ᠰᠠᠭᠤᠷᠢ ᠨᠢ ᠤᠯᠠᠮ ᠲᠥᠪᠯᠡᠷᠡᠭᠰᠡᠨ ᠪᠠᠶᠢᠪᠠᠯ ᠰᠢᠭᠦᠰᠦ ᠨᠢ ᠪᠠᠭ᠎ᠠ ᠠᠮᠲᠠ ᠨᠢ ᠶᠡᠷᠦᠮᠳᠡᠭ ᠪᠠᠶᠢᠳᠠᠭ᠃ ᠰᠠᠨᠠᠭᠤᠯᠬᠤ ᠵᠦᠢᠯ ᠭᠡᠪᠡᠯ᠂ ᠡᠯᠵᠢᠭᠡᠨ ᠴᠢᠬᠢᠨ ᠤ ᠴᠥᠮ᠎ᠡ ᠶᠢ ᠶᠠᠭᠠᠬᠢᠭᠰᠠᠨ ᠴᠤ ᠢᠳᠡᠵᠦ ᠪᠤᠯᠬᠤ ᠦᠭᠡᠢ᠂ ᠲᠡᠭᠦᠨ ᠤ ᠳᠣᠲᠣᠷ᠎ᠠ ᠨᠡᠯᠢᠶᠡᠳ ᠠᠷᠪᠢᠨ ᠼᠢᠶᠠᠨᠲᠤ ᠭᠯᠢᠺᠤᠰᠢᠳ᠋ ︵ 氰苷︶  ᠤᠨ ᠲᠦᠷᠦᠯ ᠤᠨ ᠪᠣᠳᠠᠰ ᠠᠭᠤᠯᠵᠤ᠂ ᠬᠤᠣᠷᠳᠠᠭᠳᠠᠬᠤ ᠪᠣᠯᠣᠯᠴᠠᠭ᠎ᠠ ᠲᠠᠢ᠃        
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号