ᠬᠡᠦᠬᠡᠳ ᠢᠶᠠᠨ ᠬᠠᠶᠢᠷᠠᠯᠠᠶ᠎ᠠ
ᠨᠡᠶᠢᠲᠡᠯᠡᠭᠰᠡᠨ ᠴᠠᠭ᠄
2024/12/31
             ᠡᠨᠡᠳᠬᠡᠭ ᠤᠨ ᠲᠠᠪᠤᠨ ᠨᠠᠰᠤᠲᠠᠢ ᠵᠢᠭᠠᠯ - ᠪᠦᠲ᠋ᠢᠶᠠ ᠰᠢᠩᠭᠧᠷ ᠪᠣᠯ ᠳᠡᠯᠡᠬᠡᠢ ᠶᠢᠨ ᠮᠠᠷᠠᠽᠤᠨ ᠤᠷᠤᠯᠳᠤᠭᠠᠨ ᠤ ᠬᠠᠮᠤᠭ ᠤᠨ ᠨᠠᠰᠤ ᠪᠠᠭ᠎ᠠ ᠲᠠᠮᠢᠷᠴᠢᠨ ᠶᠤᠮ᠃ ᠲᠡᠷᠡ ᠳᠥᠷᠪᠡᠲᠡᠢ ᠳᠡᠭᠡᠨ 42.195 ᠺᠢᠯᠣᠮᠧᠲᠷ ᠤᠨ ᠮᠠᠷᠠᠽᠤᠨ ᠤᠷᠤᠯᠳᠤᠭᠠᠨ ᠳᠤ ᠤᠷᠤᠯᠴᠠᠵᠤ ᠡᠨᠡᠳᠬᠡᠭ ᠳᠠᠶᠠᠭᠠᠷ ᠲᠤ ᠠᠯᠳᠠᠷᠰᠢᠭᠰᠠᠨ ᠪᠠᠶᠢᠨ᠎ᠠ᠃ ᠡᠶᠢᠨ ᠬᠦ ᠬᠥᠮᠥᠰ ᠲᠡᠭᠦᠨ ᠢ ︽ᠲᠥᠷᠥᠯᠬᠢ ᠠᠪᠢᠶᠠᠰᠲᠠᠨ︾᠂ ︽ᠭᠠᠶᠢᠬᠠᠮᠰᠢᠭᠲᠤ ᠬᠡᠦᠬᠡᠳ︾ ᠭᠡᠵᠦ ᠦᠨᠡᠯᠡᠳᠡᠭ ᠠᠵᠢ᠃ 2007 ᠣᠨ ᠤ 6 ᠰᠠᠷ᠎ᠠ ᠶᠢᠨ 6 ᠳᠤ᠂ ᠲᠠᠪᠤᠨ ᠨᠠᠰᠤᠲᠠᠢ ᠰᠢᠩᠭᠧᠷ ᠬᠤᠯᠠ ᠭᠦᠶᠦᠯᠲᠡ ᠶᠢᠨ ᠰᠢᠨ᠎ᠡ ᠲᠡᠮᠳᠡᠭᠯᠡᠯ ᠡᠭᠦᠳᠬᠦ ᠶᠢᠨ ᠲᠤᠯᠠᠳᠠ 10 ᠡᠳᠦᠷ ᠤᠨ ᠬᠤᠭᠤᠴᠠᠭᠠᠨ ᠳᠤ ᠲᠠᠪᠤᠨ ᠵᠠᠭᠤᠨ ᠺᠢᠯᠣᠮᠧᠲᠷ ᠭᠦᠶᠦᠬᠦ ᠰᠢᠨ᠎ᠡ ᠲᠥᠯᠥᠪᠯᠡᠭᠡ ᠭᠠᠷᠭᠠᠭᠰᠠᠨ ᠪᠠᠶᠢᠨ᠎ᠠ᠃ ᠰᠢᠩᠭᠧᠷ ᠢ ᠪᠢᠰᠢᠷᠡᠵᠦ ᠳᠡᠮᠵᠢᠭᠴᠢ ᠮᠠᠰᠢ ᠤᠯᠠᠨ ᠬᠥᠮᠥᠨ ᠡᠭᠢᠯᠡᠯᠳᠡ ᠶᠢᠨ ᠭᠠᠵᠠᠷ ᠴᠤᠭᠯᠠᠷᠠᠵᠤ᠂ ᠤᠷᠢᠶ᠎ᠠ ᠯᠣᠽᠦ᠋ᠩ᠂ ᠪᠢᠴᠢᠭᠡᠰᠦ ᠵᠣᠷᠢᠭᠵᠢᠭᠤᠯᠤᠯ ᠡᠷᠭᠦᠵᠦ ᠡᠨᠡ ᠬᠦ ᠭᠠᠶᠢᠬᠠᠮᠰᠢᠭᠲᠤ ᠠᠪᠢᠶᠠᠰ ᠲᠠᠢ ᠬᠡᠦᠬᠡᠳ ᠤᠨ ᠠᠮᠵᠢᠯᠲᠠ ᠣᠯᠬᠤ ᠶᠢ ᠬᠦᠰᠡᠵᠦ ᠪᠠᠶᠢᠯ᠎ᠠ᠃ ᠮᠡᠳᠡᠭᠡᠵᠢ ᠬᠡᠪᠯᠡᠯ ᠮᠡᠳᠡᠭᠡᠯᠡᠯ ᠤᠨ ᠬᠢᠨ ᠴᠦ ᠡᠨᠡ ᠤᠴᠢᠷ ᠲᠤ ᠠᠩᠬᠠᠷᠤᠯ ᠲᠠᠯᠪᠢᠵᠤ᠂ ᠤᠯᠠᠨ ᠰᠤᠷᠪᠤᠯᠵᠢᠯᠠᠬᠴᠢ ᠪᠠᠭᠰᠢᠷᠠᠭᠰᠠᠨ ᠪᠠᠶᠢᠯ᠎ᠠ᠃ ᠭᠡᠪᠡᠴᠦ ᠶᠠᠭ ᠡᠨᠡ ᠦᠶ᠎ᠡ ᠳᠤ ᠭᠡᠨᠡᠳᠲᠡ ᠮᠠᠰᠢ ᠤᠯᠠᠨ ᠴᠡᠷᠢᠭ ᠴᠠᠭᠳᠠᠭ᠎ᠠ ᠢᠷᠡᠵᠦ ᠰᠢᠩᠭᠧᠷ ᠤᠨ ᠭᠦᠶᠦᠯᠲᠡ ᠶᠢᠨ ᠵᠠᠮ ᠱᠤᠭᠤᠮ ᠢ ᠪᠢᠲᠡᠭᠦᠮᠵᠢᠯᠡᠭᠰᠡᠨ ᠪᠠᠶᠢᠨ᠎ᠠ᠃ ᠣᠶᠢᠯᠠᠭᠠᠵᠤ ᠶᠠᠳᠠᠭᠰᠠᠨ ᠲᠤᠬᠠᠢ  ᠶᠢᠨ ᠲᠠᠯᠠᠪᠠᠢ ᠶᠢᠨ ᠬᠥᠮᠥᠰ ᠲᠤ ᠬᠠᠨᠳᠤᠵᠤ᠄ ︽ᠪᠢᠳᠡ ᠵᠠᠰᠠᠭ ᠤᠨ ᠣᠷᠳᠣᠨ ᠤ ᠵᠠᠷᠯᠢᠭ ᠢᠶᠠᠷ ᠢᠩᠭᠢᠵᠦ ᠪᠠᠶᠢᠨ᠎ᠠ᠂ ᠰᠢᠩᠭᠧᠷ ᠤᠨ ᠡᠨᠡ ᠤᠳᠠᠭᠠᠨ ᠤ ᠭᠦᠶᠦᠯᠲᠡ ᠶᠢ ᠬᠤᠷᠢᠭᠯᠠᠬᠤ ᠡᠭᠦᠷᠭᠡ ᠲᠠᠢ︕︾ ᠭᠡᠵᠦ ᠴᠠᠭᠳᠠᠭᠠᠨ ᠲᠣᠪᠴᠢᠶᠠᠨ ᠤ  ᠬᠢᠨ ᠲᠠᠶᠢᠯᠪᠤᠷᠢᠯᠠᠭᠰᠠᠨ ᠪᠤᠯᠪᠠᠴᠦ ᠰᠢᠩᠭᠧᠷ ᠤᠨ ᠭᠡᠷ ᠤᠨ ᠠᠬᠠᠮᠠᠳ᠂ ᠰᠢᠩᠭᠧᠷ ᠢ ᠳᠡᠮᠵᠢᠭᠴᠢᠳ ᠪᠣᠯᠣᠨ ᠡᠨᠡ ᠤᠳᠠᠭᠠᠨ ᠤ ᠬᠤᠯᠠ ᠭᠦᠶᠦᠯᠲᠡ ᠶᠢᠨ ᠠᠵᠢᠯᠯᠠᠭ᠎ᠠ ᠶᠢ ᠢᠪᠡᠭᠡᠨ ᠲᠡᠳᠬᠦᠭᠴᠢ ᠨᠢᠭᠡᠴᠢ ᠶᠢᠨ ᠬᠢᠨ ᠴᠢᠩᠭ᠎ᠠ ᠡᠰᠡᠷᠭᠦᠴᠡᠯ ᠢᠯᠡᠷᠬᠡᠶᠢᠯᠡᠵᠦ᠄ ︽ᠵᠠᠰᠠᠭ ᠤᠨ ᠣᠷᠳᠣᠨ ᠢᠴᠢᠭᠦᠷᠢᠲᠡᠢ ᠠᠷᠭ᠎ᠠ ᠪᠠᠷ ᠡᠨᠡᠳᠬᠡᠭ ᠤᠨ ᠬᠤᠯᠠ ᠭᠦᠶᠦᠯᠲᠡ ᠶᠢᠨ ᠭᠠᠶᠢᠬᠠᠮᠰᠢᠭᠲᠤ ᠬᠡᠦᠬᠡᠳ ᠢ ᠳᠠᠷᠤᠮᠲᠠᠯᠠᠵᠤ ᠪᠠᠶᠢᠨ᠎ᠠ᠃ ᠵᠠᠰᠠᠭ ᠤᠨ ᠣᠷᠳᠣᠨ ᠤ ᠡᠨᠡ ᠪᠦᠳᠦᠭᠦᠯᠢᠭ ᠠᠵᠢᠯᠯᠠᠭ᠎ᠠ ᠶᠢ ᠬᠠᠤᠯᠢ  ᠶᠢᠨ ᠪᠠᠶᠢᠭᠤᠯᠭ᠎ᠠ ᠳᠤ ᠵᠠᠭᠠᠯᠳᠤᠬᠤ ᠶᠣᠰᠣᠲᠠᠢ︕︾ ᠭᠡᠵᠡᠭᠡᠵᠦ ᠪᠠᠶᠢᠯ᠎ᠠ᠃ ᠬᠡᠳᠦᠢ ᠲᠡᠶᠢᠮᠦ ᠪᠤᠯᠪᠠᠴᠦ ᠡᠨᠡ ᠤᠳᠠᠭᠠᠨ ᠤ ᠲᠡᠮᠳᠡᠭᠯᠡᠯ ᠡᠭᠦᠳᠬᠦ ᠠᠵᠢᠯᠯᠠᠭ᠎ᠠ ᠶᠢ ᠡᠨᠡᠳᠬᠡᠭ ᠤᠨ ᠵᠠᠰᠠᠭ ᠤᠨ ᠣᠷᠳᠣᠨ ᠬᠠᠰᠢ ᠯᠡ ᠠᠯᠪᠠᠳᠠᠯᠭ᠎ᠠ ᠪᠠᠷ ᠬᠤᠷᠢᠭᠯᠠᠭᠰᠠᠨ ᠪᠠᠶᠢᠨ᠎ᠠ᠃ ᠬᠠᠷᠢᠨ ᠡᠨᠡᠳᠬᠡᠭ ᠤᠨ ᠵᠠᠰᠠᠭ ᠤᠨ ᠣᠷᠳᠣᠨ ᠤ ᠡᠨᠡ ᠬᠦ ᠰᠢᠢᠳᠪᠦᠷᠢ ᠶᠢ ᠰᠡᠭᠦᠯ ᠳᠤᠨᠢ ᠳᠡᠯᠡᠬᠡᠢ ᠨᠡᠶᠢᠳᠡ ᠶᠢᠨ  ᠬᠢᠨ ᠮᠠᠰᠢ ᠲᠠᠮᠵᠢᠨ ᠰᠠᠶᠢᠰᠢᠶᠠᠭᠰᠠᠨ ᠠᠵᠢ᠃              ᠡᠨᠡᠳᠬᠡᠭ ᠤᠨ ᠵᠠᠰᠠᠭ ᠤᠨ ᠣᠷᠳᠣᠨ ᠤ ᠰᠢᠢᠳᠪᠦᠷᠢ᠄ ᠬᠡᠴᠢᠨᠡᠨ ᠠᠪᠢᠶᠠᠰ ᠲᠠᠢ᠂ ᠶᠠᠮᠠᠷ ᠭᠠᠶᠢᠬᠠᠮᠰᠢᠭᠲᠠᠢ ᠴᠦ ᠭᠡᠰᠡᠨ ᠰᠢᠩᠭᠧᠷ ᠪᠣᠯ ᠲᠠᠪᠤᠬᠠᠨ ᠨᠠᠰᠤᠲᠠᠢ ᠬᠡᠦᠬᠡᠳ᠂ 500 ᠺᠢᠯᠣᠮᠧᠲᠷ ᠭᠦᠶᠦᠬᠦ ᠨᠢ ᠲᠡᠭᠦᠨ ᠤ ᠪᠡᠶ᠎ᠡ ᠰᠡᠳᠬᠢᠯ ᠳᠤ ᠲᠤᠶᠢᠯ ᠤᠨ ᠶᠡᠭᠡ ᠳᠠᠷᠤᠮᠲᠠ ᠥᠭᠭᠦᠨ᠎ᠡ᠃ ᠲᠡᠷᠡ ᠭᠦᠶᠦᠵᠦ ᠲᠡᠶᠢᠯᠦᠯ᠎ᠡ ᠴᠦ ᠭᠡᠰᠡᠨ ᠳᠡᠩᠳᠡᠭᠦᠦ ᠶᠡᠭᠡ ᠲᠠᠮᠢᠷᠳᠠᠭᠰᠠᠨ ᠠᠴᠠ ᠪᠣᠯᠵᠤ ᠰᠢᠮ᠎ᠡ ᠲᠡᠵᠢᠭᠡᠯ ᠳᠤᠲᠠᠬᠤ᠂ ᠴᠢᠰᠤ ᠳᠤᠲᠠᠬᠤ᠂ ᠵᠢᠷᠦᠬᠡᠨ ᠡᠪᠡᠳᠴᠢᠨ ᠣᠯᠬᠤ ᠪᠣᠯᠣᠮᠵᠢ ᠨᠢ ᠲᠤᠩ ᠶᠡᠭᠡ᠃ ᠬᠡᠦᠬᠡᠳ ᠤᠨ ᠪᠡᠶ᠎ᠡ ᠰᠡᠳᠬᠢᠯ ᠳᠤ ᠠᠬᠠᠳᠠᠭᠰᠠᠨ ᠵᠦᠢᠯ ᠢ ᠠᠯᠪᠠ ᠪᠠᠷ ᠬᠢᠯᠭᠡᠬᠦ ᠪᠣᠯ ᠬᠡᠷᠴᠡᠭᠡᠢ ᠠᠵᠢᠯᠯᠠᠭ᠎ᠠ ᠶᠤᠮ᠃ ᠤᠯᠤᠰ ᠭᠡᠷ ᠲᠤ ᠭᠠᠶᠢᠬᠠᠮᠰᠢᠭᠲᠤ ᠠᠪᠢᠶᠠᠰᠲᠠᠨ ᠪᠠᠶᠢᠬᠤ ᠦᠭᠡᠢ ᠪᠠᠶᠢᠵᠤ ᠪᠣᠯᠣᠨ᠎ᠠ᠂ ᠭᠡᠪᠡᠴᠦ ᠤᠯᠤᠰ ᠭᠡᠷ ᠵᠠᠪᠠᠯ ᠬᠡᠦᠬᠡᠳ ᠤᠳ ᠤᠨ ᠠᠮᠢ ᠨᠠᠰᠤ᠂ ᠡᠷᠡᠭᠦᠯ ᠮᠡᠨᠳᠦ ᠳᠤ ᠬᠠᠷᠢᠭᠤᠴᠠᠬᠤ ᠶᠣᠰᠣᠲᠠᠢ ᠭᠡᠵᠦ ᠢᠯᠡᠷᠬᠡᠶᠢᠯᠡᠵᠡᠢ᠃              ᠬᠡᠦᠬᠡᠳ ᠢᠶᠠᠨ ᠬᠠᠶᠢᠷᠠᠯᠠᠶ᠎ᠠ︕ ᠪᠤᠰᠤᠳ ᠠᠴᠠ ᠴᠣᠯᠭᠤᠷᠠᠭᠰᠠᠨ ᠠᠪᠢᠶᠠᠰᠲᠠᠨ ᠪᠣᠯᠭᠠᠨ᠎ᠠ ᠭᠡᠵᠦ ᠬᠡᠦᠬᠡᠳ ᠨᠠᠰᠤᠨ ᠳᠤᠨᠢ ᠳᠡᠩᠳᠡᠭᠦᠦ ᠬᠦᠨᠳᠦ ᠡᠭᠦᠷᠭᠡᠯᠡᠯ ᠢ ᠪᠢᠲᠡᠭᠡᠢ ᠨᠢᠯᠬ᠎ᠠ ᠮᠥᠷᠥᠨ ᠳᠤᠨᠢ ᠲᠠᠯᠪᠢᠭᠠᠷᠠᠢ ᠭᠡᠵᠦ ᠵᠥᠪᠯᠡᠶ᠎ᠡ︕ ᠭᠠᠳᠠᠭᠠᠳᠤ ᠭᠡᠯᠡ᠂ ᠳᠠᠭᠤᠤ ᠪᠥᠵᠢᠭ᠂ ᠵᠢᠷᠤᠭ ᠬᠥᠭᠵᠢᠮ ᠰᠤᠷᠭᠠᠨ᠎ᠠ ᠭᠡᠵᠦ ᠠᠮᠠᠷᠠᠯᠲᠠ ᠶᠢᠨ ᠠᠯᠢᠪᠠ ᠴᠠᠭ ᠢ ᠨᠢ ᠲᠣᠮᠣᠴᠤᠤᠯ ︽ᠬᠡᠷᠴᠡᠭᠡᠢ︾ ᠪᠠᠷ ᠪᠤᠯᠢᠶᠠᠳᠠᠭ ᠨᠢ ᠶᠠᠭ ᠯᠡ ᠠᠷᠪᠠᠭ᠋ᠠᠨ ᠡᠳᠦᠷ ᠲᠤ ᠲᠠᠪᠤᠨ ᠵᠠᠭᠤᠨ ᠺᠢᠯᠣᠮᠧᠲᠷ ᠭᠦᠶᠦᠬᠦ ᠬᠦᠨᠳᠦ ᠡᠭᠦᠷᠭᠡᠯᠡᠯ ᠬᠦᠯᠢᠶᠡᠭᠰᠡᠨ ᠰᠢᠩᠭᠧᠷ ᠲᠠᠢ ᠥᠭᠡᠷ᠎ᠡ ᠦᠭᠡᠢ ᠶᠠᠳᠠᠷᠠᠭ᠎ᠠ ᠲᠠᠢ᠃ ︽ᠬᠡᠦᠬᠡᠳ ᠲᠠᠢ ᠪᠠᠨ ᠬᠠᠮᠲᠤ ᠲᠣᠭᠯᠠᠵᠤ ᠨᠠᠭᠠᠳ︾ ᠭᠡᠵᠦ ᠳᠡᠭᠡᠳᠦᠰ ᠶᠡᠬᠡᠰ ᠤᠨ ᠰᠤᠷᠭᠠᠯ ᠳᠤ ᠪᠤᠢ ᠶᠢ ᠠᠩᠬᠠᠷᠤᠨ ᠪᠣᠯᠭᠤᠭᠠᠨ᠎ᠠ ᠤᠤ︕   
 
ᠢᠷᠡᠯᠲᠡ᠄ ᠭᠠ᠊ · ᠴᠢᠩᠪᠠᠭᠠᠲᠤᠷ ᠤᠨ ︽ᠮᠥᠷᠥᠭᠡᠳᠦᠯ ᠤᠨ ᠬᠦᠴᠦᠨ︾
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号