| ᠵᠠᠷᠢᠮ ᠨᠢᠭᠡ ᠬᠥᠮᠥᠨ᠄ ᠬᠥᠮᠥᠨ ᠶᠠᠭᠠᠬᠢᠭᠠᠳ ᠥᠰᠴᠦ ᠲᠣᠮᠣ ᠪᠤᠯᠬᠤ ᠲᠤᠲᠤᠮ ᠤᠯᠠᠮ ᠴᠦ ᠪᠠᠶᠠᠷ ᠵᠢᠷᠭᠠᠯ | ᠦᠭᠡᠢ ᠮᠡᠲᠦ ᠰᠠᠨᠠᠭᠳᠠᠳᠠᠭ ᠪᠤᠢ︖ ᠭᠡᠵᠦ ᠠᠰᠠᠭᠤᠵᠠᠢ᠃ ᠡᠭᠦᠨ ᠳᠤ ᠨᠢᠭᠡ ᠰᠦᠯᠵᠢᠶᠡᠨ ᠠᠨᠳᠠ᠄ ︽ᠤᠴᠢᠷ ᠨᠢ | ᠪᠢᠳᠡᠨ ᠤ ᠥᠰᠴᠦ ᠲᠣᠮᠣ ᠪᠤᠯᠬᠤ ᠶᠢ ᠳᠠᠭᠠᠯᠳᠤᠨ ᠰᠢᠨᠤᠯ ᠬᠦᠰᠡᠯ ᠤᠯᠠᠮ ᠢᠶᠠᠷ ᠶᠡᠬᠡᠳᠡᠨ᠂ ᠰᠡᠳᠬᠢᠯ ᠰᠠᠨᠠᠭ᠎ᠠ ᠴᠦ | ᠤᠯᠠᠮ ᠢᠶᠠᠷ ᠲᠣᠭᠲᠠᠪᠤᠷᠢ ᠦᠭᠡᠢ ᠪᠤᠯᠳᠠᠭ︾ ᠭᠡᠵᠦ ᠬᠠᠷᠢᠭᠤᠯᠵᠠᠢ᠃ ᠶᠠᠪᠤᠳᠠᠯ ᠤᠴᠢᠷ ᠪᠣᠯᠭᠠᠨ ᠳᠤ ᠭᠡᠲᠦ ᠵᠣᠵᠢᠭ | ᠬᠠᠨᠳᠤᠬᠤ ᠨᠢ ᠪᠡᠶ᠎ᠡ ᠰᠡᠳᠬᠢᠯ ᠢ ᠶᠠᠳᠠᠷᠠᠭᠠᠨ ᠴᠢᠯᠡᠭᠡᠵᠦ᠂ ᠶᠠᠭᠤᠮ᠎ᠠ ᠶᠢ ᠭᠡᠳᠦ ᠰᠢᠨᠤᠵᠤ ᠬᠥᠭᠡᠭᠡᠴᠡᠯᠳᠦᠪᠡᠯ ᠳᠠᠷᠤᠭᠠᠰᠤ | ᠡᠳᠦᠷ ᠢᠷᠡᠬᠦᠶ᠎ᠡ ᠬᠦᠨᠳᠦᠷᠡᠳᠡᠭ᠃ ᠡᠶᠢᠮᠦ ᠠᠴᠠ ᠠᠯᠢᠪᠠ ᠵᠦᠢᠯ ᠢ ᠭᠢᠯᠪᠠᠷ ᠲᠤ ᠪᠤᠴᠠᠭᠠᠵᠤ᠂ ᠬᠠᠮᠤᠭ ᠤᠨ ᠲᠦᠭᠦᠮ | ᠠᠪᠰᠠᠷᠬᠠᠨ ᠪᠠᠶᠠᠷ ᠴᠡᠩᠭᠡᠯ ᠢ ᠮᠡᠳᠡᠷᠡᠵᠦ ᠰᠤᠷᠬᠤ ᠬᠡᠷᠡᠭᠲᠡᠢ᠃ ᠬᠢᠵᠠᠭᠠᠷ ᠲᠠᠢ ᠠᠮᠢ ᠨᠠᠰᠤ ᠪᠠᠨ ᠵᠢᠪᠬᠤᠭ᠎ᠠ ᠲᠡᠭᠦᠯᠳᠡᠷ | ᠥᠩᠭᠡᠷᠡᠭᠡᠵᠦ᠂ ᠰᠡᠳᠬᠢᠯ ᠰᠠᠨᠠᠭ᠎ᠠ ᠪᠠᠨ ᠲᠠᠶᠢᠪᠤᠩ ᠠᠮᠤᠭᠤᠯᠠᠩ ᠪᠣᠯᠭᠠᠶ᠎ᠠ ᠭᠡᠪᠡᠯ᠂ ᠪᠤᠳᠤᠯᠢᠶᠠᠨᠲᠠᠢ ᠪᠠᠶᠢᠳᠠᠯ ᠠᠴᠠ ᠪᠠᠨ | ᠰᠠᠯᠵᠤ᠂ ᠥᠪᠡᠷ ᠤᠨ ᠶᠢᠷᠲᠢᠨᠴᠦ ᠪᠠᠨ ᠲᠥᠭᠦᠮ ᠠᠪᠰᠠᠷᠬᠠᠨ ᠪᠤᠯᠭᠠᠬᠤ ᠶᠢ ᠰᠠᠨᠠᠭᠠᠷᠠᠢ᠃ | ᠰᠢᠨᠤᠯ ᠢ ᠲᠡᠪᠴᠢᠪᠡᠯ ᠰᠠᠶ᠋ᠢ ᠰᠡᠳᠬᠢᠯ ᠠᠮᠤᠷ ᠪᠤᠯᠳᠠᠭ | ᠮᠣᠣ ᠳ᠋ᠦᠨ ᠤᠷᠠᠨ ᠵᠣᠬᠢᠶᠠᠯ ᠤᠨ ᠱᠠᠩᠨᠠᠯ ᠤᠨ ᠡᠵᠡᠨ ᡂᠢ ᠽᠢ ᠵᠢᠶᠠᠨ ᠤ ︽ᠡᠷᠭᠦᠨ᠎ᠡ ᠭᠤᠣᠯ ᠤᠨ | ᠪᠠᠷᠠᠭᠤᠨ ᠡᠷᠭᠢ︾ ᠨᠣᠮ ᠳᠤ᠄ ︽ᠬᠥᠮᠥᠨ ᠬᠡᠷᠪᠡ ᠰᠢᠨᠤᠯ ᠦᠭᠡᠢ ᠪᠣᠯ ᠠᠶᠤᠯ ᠭᠠᠢ ᠦᠭᠡᠢ︾ ᠭᠡᠵᠦ ᠪᠢᠴᠢᠭᠰᠡᠨ ᠪᠠᠶᠢᠳᠠᠭ | ᠃ ︽ᠨᠢᠭᠡ ᠬᠥᠮᠥᠨ ᠤ ᠰᠢᠨᠤᠯ ᠲᠣᠩ ᠪᠠᠭ᠎ᠠ ᠪᠠᠶᠢᠬᠤ ᠦᠶ᠎ᠡ ᠳᠤ᠂ ᠶᠠᠯᠢᠮ ᠦᠭᠡᠢ ᠥᠴᠥᠬᠡᠨ ᠵᠦᠢᠯ ᠠᠴᠠ ᠶᠡᠭᠡ ᠵᠣᠯ | ᠵᠢᠷᠭᠠᠯ ᠢ ᠮᠡᠳᠡᠷᠡᠳᠡᠭ᠂ ᠬᠦᠰᠡᠯ ᠰᠢᠨᠤᠯ ᠨᠢ ᠶᠡᠬᠡᠳᠡᠭᠡᠳ ᠵᠣᠬᠢᠬᠤ ᠬᠡᠮᠵᠢᠶᠡᠨ ᠳᠤ ᠭᠦᠷᠪᠡᠯ᠂ ᠵᠢᠷᠭᠠᠯᠲᠤ ᠲᠥᠷᠥᠭᠳᠡᠯ ᠨᠢ | ᠲᠠᠭᠠᠭᠠᠳ ᠨᠡᠮᠡᠭᠳᠡᠬᠦ ᠦᠭᠡᠢ ᠪᠥᠭᠡᠳ ᠬᠠᠷᠢᠨ ᠡᠰᠡᠷᠭᠦ ᠪᠠᠷ ᠤᠷᠤᠭᠤᠳᠠᠨ ᠳᠣᠷᠣᠶᠢᠲᠠᠵᠤ ᠡᠬᠢᠯᠡᠳᠡᠭ︾ ᠭᠡᠵᠦ ᠬᠡᠨ ᠨᠢᠭᠡᠨ ᠤ | ᠬᠡᠯᠡᠭᠰᠡᠨ ᠦᠭᠡ ᠴᠦ ᠪᠤᠢ᠃ | ᠰᠢᠨᠤᠯ ᠪᠣᠯ ᠬᠥᠮᠥᠨᠴᠢ ᠰᠢᠨᠵᠢ᠂ ᠰᠢᠨᠤᠯ ᠢᠶᠠᠨ ᠲᠡᠪᠴᠢᠬᠦ ᠨᠢ ᠬᠠᠷᠢᠨ ᠨᠢᠭᠡ ᠵᠦᠢᠯ ᠤᠨ ᠴᠢᠳᠠᠪᠤᠷᠢ ᠮᠥᠨ᠃ | ᠬᠥᠮᠥᠨ ᠤ ᠬᠦᠰᠡᠯ ᠰᠢᠨᠤᠯ ᠨᠢ ᠶᠠᠭ ᠮᠣᠳᠣᠨ ᠤ ᠰᠠᠯᠠᠭ᠎ᠠ ᠮᠥᠴᠢᠷ ᠮᠡᠲᠦ ᠪᠠᠶᠢᠵᠤ᠂ ᠪᠦᠷᠢᠮᠦᠰᠦᠨ ᠣᠭᠲᠣᠯᠵᠤ | ᠬᠢᠷᠦᠭᠡᠳᠡᠵᠦ ᠪᠤᠯᠬᠤ ᠦᠭᠡᠢ᠂ ᠬᠠᠷᠢᠨ ᠲᠣᠭᠲᠠᠭᠰᠠᠨ ᠬᠤᠭᠤᠴᠠᠭ᠎ᠠ ᠲᠠᠢ ᠪᠠᠷ ᠬᠠᠶᠢᠴᠢᠯᠠᠨ ᠵᠠᠰᠠᠬᠤ ᠬᠡᠷᠡᠭᠲᠡᠢ ᠶᠤᠮ᠃ | ᠪᠣᠳᠠᠲᠤ ᠪᠠᠶᠢᠳᠠᠯ ᠠᠴᠠ ᠠᠬᠠᠳᠠᠭᠰᠠᠨ ᠰᠢᠨᠤᠯ ᠢ ᠲᠡᠪᠴᠢᠵᠦ᠂ ᠬᠡᠮᠵᠢᠶ᠎ᠡ ᠠᠴᠠ ᠪᠠᠨ ᠳᠠᠪᠠᠲᠠᠯ᠎ᠠ ᠣᠯᠬᠤ ᠶᠢ ᠭᠤᠷᠢᠳᠠᠬᠤ | ᠦᠭᠡᠢ᠂ ᠰᠣᠬᠤᠷ ᠪᠠᠯᠠᠢ ᠪᠠᠷ ᠬᠥᠭᠡᠭᠡᠴᠡᠯᠳᠦᠬᠦ ᠦᠭᠡᠢ ᠪᠠᠶᠢᠪᠠᠯ ᠰᠠᠶ᠋ᠢ ᠥᠪᠡᠷ ᠤᠨ ᠠᠮᠢᠳᠤᠷᠠᠯ ᠢᠶᠠᠨ ᠡᠵᠡᠮᠳᠡᠵᠦ ᠴᠢᠳᠠᠨ᠎ᠠ᠃ | | ᠰᠠᠨᠠᠭ᠎ᠠ ᠪᠤᠳᠤᠯ ᠭᠢᠯᠪᠠᠷ ᠪᠣᠯᠪᠠᠯ ᠲᠠᠶᠢᠪᠤᠩ ᠠᠮᠤᠭᠤᠯᠠᠩ ᠢ ᠣᠯᠳᠠᠭ | ᠠᠮᠢ ᠨᠠᠰᠤ᠂ ᠴᠠᠭ ᠬᠤᠭᠤᠴᠠᠭ᠎ᠠ ᠴᠥᠮ ᠬᠤᠪᠢᠷᠠᠯᠲᠠ ᠶᠢᠨ ᠳᠤᠮᠳᠠ ᠣᠷᠣᠰᠢᠨ᠎ᠠ᠃ ᠬᠤᠪᠢᠷᠠᠯᠲᠠ ᠳᠤ | ᠨᠡᠶᠢᠴᠡᠭᠦᠯᠬᠦ ᠬᠠᠮᠤᠭ ᠤᠨ ᠰᠠᠶᠢᠨ ᠠᠷᠭ᠎ᠠ ᠪᠣᠯ ᠳᠠᠷᠤᠢ ︽ᠠᠯᠢᠪᠠ ᠬᠤᠪᠢᠷᠠᠯᠲᠠ ᠲᠣᠬᠢᠶᠠᠯᠳᠤᠯ ᠳᠤ ᠰᠠᠨᠠᠭ᠎ᠠ ᠲᠠᠶᠢᠪᠤᠩ | ᠬᠠᠨᠳᠤᠬᠤ︾ ᠳᠤ ᠪᠤᠢ᠃ ᠰᠠᠨᠠᠭ᠎ᠠ ᠲᠠᠶᠢᠪᠤᠩ ᠭᠡᠳᠡᠭ ᠨᠢ ᠤᠷᠤᠭᠰᠢᠯᠠᠨ ᠲᠠᠪᠰᠢᠬᠤ ᠶᠢ ᠪᠤᠳᠤᠬᠤ ᠦᠭᠡᠢ ᠭᠡᠰᠡᠨ ᠦᠭᠡ | ᠪᠢᠰᠢ᠂ ᠬᠠᠷᠢᠨ ᠠᠯᠢᠪᠠ ᠬᠤᠪᠢᠷᠠᠯᠲᠠ ᠳᠤ ᠰᠡᠳᠬᠢᠯ ᠰᠠᠨᠠᠭ᠎ᠠ ᠲᠠᠶᠢᠪᠤᠩ ᠬᠠᠨᠳᠤᠵᠤ᠂ ᠭᠤᠮᠣᠷᠬᠠᠬᠤ ᠦᠭᠡᠢ᠂ ᠭᠤᠮᠣᠳᠠᠬᠤ | ᠦᠭᠡᠢ ᠳᠣᠲᠣᠭᠠᠳᠤ ᠰᠡᠳᠬᠢᠯ ᠤᠨ ᠠᠮᠤᠷ ᠠᠮᠤᠭᠤᠯᠠᠩ ᠢ ᠣᠯᠬᠤ ᠶᠢ ᠬᠡᠯᠡᠵᠦ ᠪᠠᠶᠢᠭ᠎ᠠ ᠶᠤᠮ᠃ | ᠬᠥᠮᠥᠨ ᠤ ᠠᠮᠢᠳᠤᠷᠠᠯ ᠬᠡᠵᠢᠶᠡᠳᠡ ᠢᠯᠭᠤᠮ ᠤᠷᠤᠭᠰᠢᠲᠠᠢ ᠪᠠᠶᠢᠳᠠᠭ ᠦᠭᠡᠢ᠂ ᠬᠥᠮᠥᠨ ᠤ ᠠᠮᠢᠳᠤᠷᠠᠯ | ᠤᠷᠪᠠᠭᠠᠨ ᠬᠥᠷᠪᠡᠭᠡᠨ ᠲᠠᠢ᠂ ᠡᠭᠡᠳᠡᠷᠡᠭᠡᠨ ᠪᠤᠳᠤᠯᠢᠶᠠᠨᠲᠠᠢ ᠪᠤᠯᠬᠤ ᠦᠶ᠎ᠡ ᠳᠤ ᠪᠢᠳᠡ ᠠᠯᠢᠪᠠ ᠠᠮᠵᠢᠯᠲᠠ ᠪᠦᠳᠦᠮᠵᠢ ᠪᠠ | ᠢᠯᠠᠭᠳᠠᠯ ᠳᠣᠷᠣᠶᠢᠲᠠᠯ ᠢ ᠨᠢᠭᠡᠯᠡ ᠬᠡᠪ ᠢᠶᠠᠷ ᠬᠦᠯᠢᠶᠡᠵᠦ ᠠᠪᠴᠤ ᠴᠢᠳᠠᠬᠤ ᠰᠡᠳᠬᠢᠯ ᠤᠨ ᠶᠡᠭᠡ ᠲᠡᠩᠬᠡᠭᠡ ᠲᠠᠢ ᠪᠠᠶᠢᠬᠤ | ᠬᠡᠷᠡᠭᠲᠡᠢ᠃ ᠡᠳᠦᠷᠵᠢᠨ ᠡᠯᠳᠡᠪ ᠡᠰᠡᠨ ᠬᠡᠷᠡᠭ ᠬᠤᠪᠢᠷᠠᠯᠲᠠ ᠳᠤ ᠭᠤᠮᠣᠳᠠᠵᠤ ᠭᠤᠮᠣᠷᠬᠠᠬᠤ ᠠᠴᠠ ᠪᠠᠨ ᠥᠪᠡᠷ ᠢ ᠪᠠᠨ | ᠥᠭᠡᠷᠡᠴᠢᠯᠡᠬᠦ ᠨᠢ ᠢᠯᠡᠭᠦᠦ ᠪᠠᠶᠢᠵᠤ᠂ ᠰᠡᠳᠬᠢᠯ ᠬᠠᠨᠤᠬᠤ ᠦᠭᠡᠢ᠂ ᠠᠭᠤᠷᠯᠠᠵᠤ ᠪᠠᠴᠢᠮᠳᠠᠭᠰᠠᠨ ᠪᠠᠶᠢᠳᠠᠯ ᠢᠶᠠᠨ ᠤᠷᠭᠢᠵᠤ᠂ | ᠪᠠᠶᠢᠭ᠎ᠠ ᠠᠮᠢᠳᠤᠷᠠᠯ ᠢᠶᠠᠨ ᠵᠥᠪ ᠰᠠᠶᠢᠬᠠᠨ ᠥᠩᠭᠡᠷᠡᠭᠦᠯᠬᠦ ᠶᠢ ᠪᠤᠳᠤᠭᠠᠷᠠᠢ᠃ ᠲᠠᠨ ᠤ ᠪᠤᠬᠢᠨᠢᠳᠤᠯ ᠪᠠ ᠵᠣᠪᠠᠯᠠᠩ ᠪᠣᠯ ᠬᠡᠷᠡᠭ | ᠶᠠᠪᠤᠳᠠᠯ ᠤᠨ ᠲᠤᠰ ᠪᠡᠶ᠎ᠡ ᠠᠴᠠ ᠪᠣᠯᠤᠭᠰᠠᠨ ᠪᠢᠰᠢ᠂ ᠬᠠᠷᠢᠨ ᠲᠠᠨ ᠤ ᠬᠡᠷᠡᠭ ᠶᠠᠪᠤᠳᠠᠯ ᠤᠨ ᠲᠤᠬᠠᠢ ᠲᠠᠨᠢᠯᠲᠠ | ᠣᠶᠢᠯᠠᠭᠠᠯᠲᠠ ᠠᠴᠠ ᠪᠣᠯᠤᠭᠰᠠᠨ ᠭᠡᠳᠡᠭ ᠢ ᠢᠮᠠᠭᠲᠠ ᠰᠠᠨᠠᠵᠤ ᠶᠠᠪᠤᠭᠤᠰᠢᠲᠠᠢ᠃ | ᠠᠮᠢᠳᠤᠷᠠᠯ ᠠᠪᠰᠠᠷᠬᠠᠨ ᠪᠣᠯᠪᠠᠯ ᠠᠵᠠ ᠵᠢᠷᠭᠠᠯ ᠥᠨᠢᠳᠡ ᠶᠢᠨ ᠪᠤᠯᠳᠠᠭ | ᠬᠥᠮᠥᠨ ᠤ ᠶᠢᠷᠲᠢᠨᠴᠦ ᠶᠢᠨ ᠠᠯᠢᠪᠠ ᠶᠡᠷᠦ ᠪᠤᠰᠤ ᠶᠢᠨ ᠶᠠᠪᠤᠳᠠᠯ ᠨᠢ ᠡᠴᠦᠰ ᠲᠡᠭᠡᠨ ᠴᠥᠮ ᠡᠭᠡᠯ ᠶᠡᠷᠦᠮᠳᠡᠭ | ᠪᠠᠶᠢᠳᠠᠯ ᠳᠠᠭᠠᠨ ᠪᠤᠴᠠᠵᠤ᠂ ᠡᠭᠡᠯ ᠶᠡᠷᠦᠮᠳᠡᠭ ᠠᠮᠢᠳᠤᠷᠠᠯ ᠢᠶᠠᠷ ᠲᠡᠭᠦᠨ ᠤ ᠦᠨ᠎ᠡ ᠦᠷᠳᠡᠭ ᠢ ᠬᠡᠮᠵᠢᠬᠦ ᠬᠡᠷᠡᠭᠲᠡᠢ᠂ ᠠᠭᠤᠤ | ᠶᠡᠭᠡ᠂ ᠭᠤᠶᠢᠳᠠ ᠰᠠᠶᠢᠬᠠᠨ᠂ ᠠᠮᠵᠢᠯᠲᠠ ᠪᠦᠲᠦᠮᠵᠢ ᠶᠠᠭᠤ ᠴᠤ ᠪᠢᠰᠢ᠂ ᠭᠠᠭᠴᠠ ᠬᠦ ᠡᠭᠡᠯ ᠶᠡᠷᠦᠮᠳᠡᠭ ᠠᠮᠢᠳᠤᠷᠠᠯ ᠢ | ᠦᠨᠡᠨ ᠬᠦ ᠰᠠᠶᠢᠬᠠᠨ ᠥᠩᠭᠡᠷᠡᠭᠦᠯᠪᠡᠯ ᠰᠠᠶ᠋ᠢ ᠬᠥᠮᠥᠨ ᠤ ᠠᠮᠢᠳᠤᠷᠠᠯ ᠲᠡᠭᠦᠰ ᠠᠮᠵᠢᠯᠲᠠ ᠲᠠᠢ ᠪᠤᠯᠳᠠᠭ᠃ ᠠᠮᠢᠳᠤᠷᠠᠯ ᠤᠨ | ᠦᠨᠡᠨ ᠶᠣᠰᠣ ᠪᠣᠯ ᠡᠭᠡᠯ ᠶᠡᠷᠦᠮᠳᠡᠭ ᠢᠶᠠᠷ ᠡᠷᠬᠢᠮ ᠨᠠᠨᠳᠢᠨ ᠢ ᠢᠯᠡᠷᠡᠭᠦᠯᠵᠦ᠂ ᠲᠦᠭᠦᠮ ᠠᠪᠰᠠᠷ ᠢᠶᠠᠷ ᠵᠣᠯ ᠵᠢᠷᠭᠠᠯ ᠢ | ᠣᠯᠳᠠᠭ ᠲᠤ ᠪᠤᠢ᠃ | ᠠᠮᠢ ᠨᠠᠰᠤ ᠬᠢᠵᠠᠭᠠᠷ ᠲᠠᠢ᠂ ᠠᠮᠢᠳᠤᠷᠠᠯ ᠳᠤ ᠬᠠᠰᠤᠬᠤ ᠠᠷᠭ᠎ᠠ ᠶᠢ ᠵᠥᠪ ᠬᠡᠷᠡᠭᠯᠡᠵᠦ ᠴᠢᠳᠠᠪᠠᠯ ᠰᠠᠶ᠋ᠢ ᠶᠠᠭᠤ | ᠨᠢ ᠬᠠᠮᠤᠭ ᠤᠨ ᠴᠢᠬᠤᠯᠠ᠂ ᠶᠠᠭᠤ ᠨᠢ ᠬᠠᠮᠤᠭ ᠤᠨ ᠦᠨ᠎ᠡ ᠴᠡᠨ᠎ᠡ ᠲᠠᠢ ᠭᠡᠳᠡᠭ ᠢ ᠮᠡᠳᠡᠷᠡᠳᠡᠭ᠃ ᠠᠮᠢᠳᠤᠷᠠᠯ ᠳᠠᠭᠠᠨ ᠭᠡᠲᠦ | ᠣᠯᠠᠨ ᠲᠣᠳᠣᠷᠬᠠᠶᠢᠯᠠᠯᠲᠠ ᠥᠭᠴᠦ ᠪᠤᠯᠬᠤ ᠦᠭᠡᠢ᠂ ᠪᠠᠰᠠ ᠲᠡᠶᠢᠮᠦ ᠴᠦ ᠠᠯᠤᠰ ᠭᠡᠳᠦ ᠶᠢᠨ ᠬᠠᠷᠠᠯᠲᠠ ᠲᠣᠭᠲᠠᠭᠠᠬᠤ | ᠴᠢᠬᠤᠯᠠ ᠦᠭᠡᠢ᠂ ᠳᠥᠭᠦᠮ ᠠᠪᠰᠠᠷᠬᠠᠨ ᠠᠮᠢᠳᠤᠷᠠᠬᠤ ᠪᠣᠯ ᠵᠢᠩᠬᠢᠨᠢ ᠤᠳᠬ᠎ᠠ ᠠᠭᠤᠯᠭ᠎ᠠ ᠮᠥᠨ᠃ ᠬᠢᠵᠠᠭᠠᠷ ᠲᠠᠢ | ᠠᠮᠢᠳᠤᠷᠠᠯ ᠢᠶᠠᠨ ᠬᠢᠯᠪᠠᠷᠴᠢᠯᠠᠨ ᠰᠤᠷᠴᠤ᠂ ᠬᠤᠳᠠᠯ ᠬᠠᠭᠤᠷᠮᠠᠭ ᠢ ᠨᠢ ᠬᠠᠶᠠᠵᠤ ᠵᠢᠩᠬᠢᠨᠢ ᠦᠨᠡᠨ ᠢ ᠨᠢ ᠦᠯᠡᠳᠡᠭᠡᠵᠦ᠂ | ᠠᠮᠢᠳᠤᠷᠠᠯ ᠢ ᠪᠣᠷᠣᠭᠵᠢᠭᠤᠨ ᠠᠪᠰᠠᠷ ᠪᠣᠯᠭᠠᠪᠠᠯ ᠰᠠᠶ᠋ᠢ ᠠᠵᠠ ᠵᠢᠷᠭᠠᠯ ᠢ ᠥᠨᠢᠳᠡ ᠶᠢᠨ ᠪᠤᠯᠭᠠᠵᠤ ᠴᠢᠳᠠᠨ᠎ᠠ᠃ | | |