ᠰᠢᠨᠤᠯ ᠶᠡᠬᠡᠳᠡᠪᠡᠯ ᠱᠤᠯᠤᠮ ᠪᠣᠯᠣᠨ᠎ᠠ
ᠨᠡᠶᠢᠲᠡᠯᠡᠭᠰᠡᠨ ᠴᠠᠭ᠄
2024/12/31
                           ︽ᠠᠵᠢᠭᠯᠠᠭᠠᠳ ᠪᠠᠶᠢᠬᠤ ᠳᠤ ᠠᠪᠤ ᠶᠢᠨ ᠬᠠᠮᠠᠷ ᠮᠤᠷᠤᠢ︾ ᠭᠡᠵᠦ ᠪᠤᠰᠤᠳ ᠠᠴᠠ ᠦ ᠰᠡᠪ ᠡᠷᠢᠬᠦ ᠨᠢ ᠠᠬᠠᠳᠠᠭᠰᠠᠨ ᠪᠠᠶᠢᠳᠠᠯ ᠳᠤ ᠬᠡᠷᠡᠭᠯᠡᠳᠡᠭ ᠴᠦ ᠤᠲᠤ ᠶᠢᠨ ᠵᠠᠷᠢᠮ ᠬᠥᠮᠥᠰ ᠢ ᠠᠵᠢᠭᠯᠠᠭᠠᠳ ᠪᠠᠶᠢᠬᠤ ᠳᠤ ᠰᠢᠨᠤᠯ ᠨᠢ ᠠᠬᠠᠳᠠᠵᠤ ᠪᠠᠶᠢᠭ᠎ᠠ ᠶᠢ ᠦᠨᠡᠬᠡᠷ ᠦᠭᠡᠶᠢᠰᠭᠡᠭᠦ ᠶᠢᠨ ᠠᠷᠭ᠎ᠠ ᠦᠭᠡᠢ ᠪᠣᠯᠵᠠᠢ᠃              ᠰᠢᠨᠤᠯ ᠭᠡᠭᠴᠢ ᠪᠤᠵᠠᠷ ᠮᠠᠭᠤᠬᠠᠢ ᠪᠠᠷ ᠳᠦᠭᠦᠷᠦᠭᠰᠡᠨ ᠰᠡᠳᠬᠢᠯ ᠤᠶᠤᠨ ᠤ ᠨᠢᠭᠡ ᠵᠦᠢᠯ ᠤᠨ ᠭᠠᠵᠢᠭ ᠡᠪᠡᠳᠴᠢᠨ ᠪᠤᠯᠬᠤ ᠶᠤᠮ᠃ ᠲᠡᠷᠡ ᠨᠢ ᠨᠢᠭᠡ ᠬᠥᠮᠥᠨ ᠤ ᠲᠠᠷᠢᠬᠢ ᠤᠶᠤᠨ ᠢ ᠬᠤᠣᠷᠳᠠᠭᠤᠯᠵᠤ᠂ ᠮᠡᠳᠡᠷᠡᠯ ᠰᠡᠭᠡᠭᠡ ᠠᠯᠳᠠᠭᠤᠯᠤᠨ᠂ ᠠᠪᠤᠷᠠᠰᠢ ᠦᠭᠡᠢ ᠠᠶᠤᠯ ᠤᠨ ᠭᠦᠨ ᠭᠦᠪ ᠤᠷᠤᠭᠤ ᠲᠠᠲᠠᠨ ᠣᠷᠣᠭᠤᠯᠳᠠᠭ᠃ ᠥᠪᠡᠷ ᠢ ᠪᠠᠨ ᠪᠠᠶᠢᠩᠭᠤ ᠴᠢᠩᠭ᠎ᠠ ᠱᠠᠭᠠᠷᠳᠠᠨ ᠵᠠᠬᠢᠷᠬᠤ ᠤᠬᠠᠮᠰᠠᠷ ᠬᠠᠷᠢᠭᠤᠴᠠᠯᠭ᠎ᠠ ᠰᠤᠯᠠᠷᠠᠵᠤ ᠵᠠᠳᠠᠭᠠᠶᠢᠷᠠᠪᠠᠯ ᠡᠨᠡ ᠬᠦ ᠠᠶᠤᠯᠲᠤ ᠡᠪᠡᠳᠴᠢᠨ ᠳᠤ ᠨᠡᠷᠪᠡᠭᠳᠡᠨ᠂ ᠡᠳ᠋ ᠮᠥᠩᠭᠦ ᠡᠷᠬᠡ ᠠᠰᠢᠭ ᠵᠡᠷᠭᠡ ᠡᠯᠳᠡᠪ ᠤᠨ ᠮᠠᠭᠤᠬᠠᠢ ᠬᠤᠪᠲᠤᠭ ᠰᠢᠨᠤᠯ ᠢᠶᠠᠷ ᠥᠪᠡᠷ ᠢ ᠪᠠᠨ ᠪᠤᠯᠠᠰᠢᠯᠠᠭᠰᠠᠭᠠᠷ ᠪᠠᠶᠢᠵᠤ᠂ ᠡᠴᠦᠰ ᠲᠡᠭᠡᠨ ᠨᠢᠭᠡ ᠨᠠᠰᠤ ᠪᠠᠨ ᠦᠷᠡᠭᠳᠡᠭᠦᠯᠦᠨ᠂ ᠠᠶᠠᠭᠦᠶᠢᠳᠠᠪᠠᠯ ᠵᠠᠷᠢᠮ ᠨᠢᠭᠡ ᠨᠢ ᠬᠠᠷ᠎ᠠ ᠭᠡᠷ ᠤᠨ ᠬᠠᠳᠠᠭᠠᠰᠤ ᠪᠠᠷ ᠨᠠᠰᠤᠨ ᠤ ᠵᠣᠯᠢᠶ᠎ᠠ ᠪᠣᠯᠭᠠᠨ᠂ ᠠᠮᠢ ᠠᠮᠢᠳᠤᠷᠠᠯ ᠤᠨ ᠤᠳᠬ᠎ᠠ ᠴᠢᠨᠠᠷ ᠢᠶᠠᠨ ᠠᠯᠳᠠᠳᠠᠭ ᠵᠢᠮ᠎ᠡ ᠲᠠᠢ ᠃              ᠵᠢᠷᠠ ᠶᠢᠨ ᠳᠠᠪᠠᠭ᠎ᠠ ᠳᠠᠪᠠᠵᠤ ᠡᠪᠦᠭᠡᠳ ᠤᠨ ᠡ᠊ᠡᠭᠨᠡᠭᠡᠨ ᠳᠤ ᠣᠷᠣᠭᠰᠠᠨ ᠮᠢᠨᠤ ᠪᠡᠶ᠎ᠡ ᠴᠦ ᠤᠷᠪᠠᠭᠠᠨ ᠬᠥᠷᠪᠡᠭᠡᠨ ᠲᠠᠢ ᠨᠡᠶᠢᠭᠡᠮ ᠠᠮᠢᠳᠤᠷᠠᠯ ᠠᠴᠠ ᠶᠠᠭᠤ ᠨᠢᠭᠡ ᠶᠢ ᠪᠤᠲᠤᠵᠤ ᠰᠠᠭᠤᠬᠤ ᠳᠠᠭᠠᠨ ︽ᠨᠡᠷ᠎ᠡ ᠪᠠᠨ ᠬᠤᠭᠤᠯᠬᠤ ᠪᠠᠷ ᠶᠠᠰᠤ ᠪᠠᠨ ᠬᠤᠭᠤᠯ︾ ᠭᠡᠲᠡᠭ ᠠᠯᠲᠠᠢ ᠶᠢᠨ ᠪᠤᠭᠤᠷᠤᠯ ᠰᠠᠷᠢᠳᠠᠭ ᠤᠳ ᠰᠢᠭ᠋ ᠬᠥᠬᠡ ᠡᠪᠦᠭᠡᠳ ᠤᠨ ᠢᠶᠠᠨ ᠰᠤᠷᠭᠠᠯ ᠢ ᠰᠠᠨᠠᠬᠤ ᠲᠤᠰᠤᠮ ᠤᠬᠠᠭᠠᠷᠠᠯ ᠭᠡᠭᠡᠷᠡᠯ ᠤᠨ ᠶᠣᠰᠣᠨ ᠢᠶᠠᠷ ᠥᠪᠡᠷ ᠢ ᠪᠠᠨ ᠠᠷᠢᠭᠤᠯᠠᠵᠤ ᠶᠠᠪᠤᠬᠤ ᠨᠢ ᠵᠦᠢᠲᠡᠢ ᠬᠡᠮᠡᠨ ᠪᠤᠳᠤᠨ᠎ᠠ᠃ ᠶᠡᠷᠦ ᠨᠢ ᠶᠠᠮᠠᠷᠪᠠ ᠬᠥᠮᠥᠨ ᠥᠪᠡᠷ ᠢ ᠪᠠᠨ ᠪᠦᠷᠢᠨ ᠲᠠᠨᠢᠵᠤ ᠴᠢᠳᠠᠪᠠᠯ ᠰᠠᠶ᠋ᠢ ᠠᠯᠳᠠᠭ᠎ᠠ ᠳᠤᠲᠠᠭᠳᠠᠯ ᠢᠶᠠᠨ ᠬᠠᠯᠠᠵᠤ ᠥᠭᠡᠷᠡᠴᠢᠯᠡᠬᠦ ᠬᠥᠳᠡᠯᠦᠩᠭᠦᠢ ᠪᠠᠶᠢᠷᠢᠨ ᠳᠤ ᠳᠠᠪᠰᠢᠵᠤ ᠪᠤᠯᠬᠤ ᠮᠥᠷᠲᠡᠭᠡᠨ ᠤᠯᠠᠮ ᠢᠶᠠᠷ ᠳᠠᠪᠠᠭᠤᠯᠢᠭ ᠢᠶᠠᠨ ᠪᠠᠳᠠᠷᠠᠭᠤᠯᠵᠤ᠂ ᠬᠤᠵᠢᠮ ᠢᠷᠡᠭᠡᠳᠦᠢ ᠭᠡᠬᠦ ᠣᠳᠣᠬᠠᠨ ᠳᠤ ᠰᠠᠭᠤᠷᠢᠯᠠᠭᠰᠠᠨ ᠴᠠᠭ ᠦᠶ᠎ᠡ ᠶᠢᠨ ᠦᠵᠡᠯᠲᠡ ᠪᠠᠷ ᠥᠷᠥᠭᠡᠯ ᠪᠤᠰᠤᠳ ᠲᠠᠢ ᠮᠥᠷᠥ ᠵᠡᠷᠭᠡᠴᠡᠨ ᠤᠷᠤᠭᠰᠢᠯᠠᠵᠤ ᠴᠢᠳᠠᠬᠤ ᠪᠣᠯᠣᠨ᠎ᠠ᠃              ᠡᠳᠦᠭᠡ ᠰᠠᠨᠠᠬᠤ ᠳᠤ ᠤᠵᠠᠭᠤᠷ ᠭᠠᠯᠪᠠ ᠶᠢᠨ ᠦᠦᠭᠡ ᠲᠡᠦᠬᠡ ᠪᠠᠨ ᠬᠦᠦᠷᠨᠢᠵᠦ ᠪᠠᠶᠢᠬᠤ ᠰᠢᠭ᠋ ᠠᠮᠢᠳᠤᠷᠠᠬᠤᠢ ᠶᠢᠨ ᠤᠬᠠᠭᠠᠨ ᠤ ︽ᠵᠢᠮ᠎ᠡ ᠶᠣᠰᠣ︾ ᠪᠣᠯᠣᠨ ︽ᠮᠥᠨ ᠴᠢᠨᠠᠷ︾ ᠢ ᠪᠠᠷᠢᠵᠤ᠂ ᠬᠡᠯᠡᠨ ᠤ ᠤᠷᠠᠯᠢᠭ ᠪᠣᠯᠤᠭᠰᠠᠨ ᠵᠦᠢᠷ ᠰᠡᠴᠡᠨ ᠦᠭᠡ ᠪᠠᠷ ᠦᠷ᠎ᠡ ᠬᠤᠶᠢᠴᠢᠰ ᠲᠠᠭᠠᠨ ᠭᠡᠶᠢᠲᠡᠯ᠎ᠡ ᠬᠡᠯᠡᠵᠦ ᠰᠠᠨᠠᠭᠤᠯᠤᠭᠰᠠᠨ ᠬᠥᠬᠡ ᠡᠪᠦᠭᠡᠳ ᠤᠨ ᠮᠠᠨᠢ ᠰᠤᠷᠭᠠᠯ ᠭᠡᠭᠴᠢ ᠲᠡᠷᠡ ᠴᠢᠭ ᠢᠶᠠᠷ ᠢᠶᠠᠨ ᠨᠠᠷᠠᠨ ᠰᠡᠷᠡᠨ ᠤ ᠭᠡᠷᠡᠯ ᠭᠡᠭᠡ ᠠᠳᠠᠯᠢ ᠠᠮᠢ ᠠᠮᠢᠳᠤᠷᠠᠯ ᠢ ᠮᠠᠨᠢ ᠡᠭᠦᠷᠢᠳᠡ ᠭᠡᠷᠡᠯᠳᠦᠭᠦᠯᠵᠤ ᠢᠷᠡᠭᠰᠡᠨ ᠠᠵᠢ᠃ ᠲᠤᠬᠠᠶᠢᠯᠠᠪᠠᠯ ︽ᠪᠠᠶᠢᠭ᠎ᠠ ᠶᠠᠭᠤᠮᠠᠨ ᠳᠠᠭᠠᠨ ᠰᠡᠳᠬᠢᠯ ᠬᠠᠨᠤᠵᠤ ᠰᠤᠷ︾᠂ ︽ᠮᠥᠩᠭᠦ ᠴᠠᠭᠠᠨ ᠨᠢᠳᠦ ᠤᠯᠠᠭᠠᠨ︾᠂ ︽ᠰᠢᠨᠤᠯ ᠶᠡᠬᠡᠳᠡᠪᠡᠯ ᠱᠤᠯᠤᠮ ᠪᠣᠯᠣᠨ᠎ᠠ︾᠂ ︽ᠬᠤᠪᠲᠤᠭ ᠬᠥᠮᠥᠨ ᠳᠤ ᠬᠤᠨᠢᠨ ᠤ ᠪᠥᠭᠡᠷ᠎ᠡ ᠶᠡᠬᠡᠲᠡᠢ ᠪᠠᠭᠠᠲᠠᠢ ᠬᠠᠷᠠᠭᠳᠠᠨ᠎ᠠ︾᠂ ︽ᠬᠥᠮᠥᠨ ᠤ ᠶᠠᠭᠤᠮᠠᠨ ᠳᠤ ᠰᠢᠨᠤᠵᠤ ᠬᠥᠮᠥᠨ ᠴᠢᠨᠠᠷ ᠢᠶᠠᠨ ᠪᠤᠣ ᠠᠯᠲᠠ︾᠂ ︽ᠢᠳᠡᠭᠰᠡᠨ ᠡᠷᠡᠦ ᠬᠤᠪᠠᠭ᠋ᠠᠶᠢᠷᠠᠵᠤ ᠢᠳᠡᠭᠳᠡᠭᠰᠡᠨ ᠲᠤᠪᠤ ᠨᠣᠭᠤᠭᠠᠷᠠᠨ᠎ᠠ︾᠂ ︽ᠶᠡᠭᠡ ᠰᠠᠨᠠᠭ᠎ᠠ ᠪᠡᠶ᠎ᠡ ᠪᠠᠷᠠᠵᠤ ᠶᠡᠭᠡ ᠰᠠᠬᠠᠯ ᠪᠤᠳᠠᠭ᠎ᠠ ᠪᠠᠷᠠᠨ᠎ᠠ︾ ᠭᠡᠬᠦ ᠮᠡᠲᠦ ᠶᠢᠨ ᠵᠦᠢᠷ ᠰᠡᠴᠡᠨ ᠦᠭᠡ ᠪᠠᠷ ᠴᠡᠭᠡᠷ ᠶᠣᠰᠣ ᠶᠢ ᠠᠩᠬᠠᠷᠤᠭᠤᠯᠤᠭᠰᠠᠨ ᠳᠡᠭᠡᠳᠦᠰ ᠪᠤᠭᠤᠷᠤᠯ ᠤᠳ ᠤᠨ ᠮᠠᠨᠢ ︽ᠠᠮᠠᠨ ᠲᠠᠷᠨᠢ︾ ᠪᠣᠯᠤᠭᠰᠠᠨ ᠰᠤᠷᠭᠠᠯ ᠦᠭᠡᠨ ᠤ ᠴᠣᠬᠤᠮ ᠰᠠᠨᠠᠭ᠎ᠠ ᠭᠡᠭᠴᠢ ᠶᠠᠭᠠᠬᠢᠬᠤ ᠶᠢᠨ ᠠᠷᠭ᠎ᠠ ᠦᠭᠡᠢ ᠦᠨᠡᠨ ᠪᠥᠭᠡᠳ ᠭᠠᠶᠢᠬᠠᠯᠲᠠᠢ ᠰᠠᠨᠠᠭᠳᠠᠨ᠎ᠠ᠃              ᠬᠠᠷᠢᠨ ᠪᠢᠲᠡᠨ ᠤ ᠵᠠᠷᠢᠮᠠᠳ ᠨᠢ ᠡᠭᠦᠨ ᠤ ᠲᠤᠬᠠᠢ ᠳᠤ ᠡᠷᠲᠡ ᠤᠬᠠᠭᠠᠷᠠᠵᠤ ᠮᠡᠳᠡᠷᠡᠨ᠂ ᠠᠮᠢᠳᠤᠷᠠᠯ ᠳᠤᠮᠳᠠ ᠪᠠᠨ ᠦᠨᠡᠨ ᠮᠥᠨ ᠢᠶᠠᠷ ᠬᠢᠴᠢᠶᠡᠩᠭᠦᠶᠢᠯᠡᠵᠦ ᠴᠢᠳᠠᠭᠰᠠᠨ ᠦᠭᠡᠢ ᠶᠢᠨ ᠭᠠᠢ ᠪᠠᠷ ᠨᠡᠷ᠎ᠡ ᠨᠢᠭᠤᠷ ᠢᠶᠠᠨ ᠪᠠᠷᠠᠵᠤ ᠨᠢᠭᠦᠯ ᠬᠢᠯᠢᠨᠴᠡ ᠲᠠᠢ ᠠᠮᠢᠳᠤᠷᠠᠵᠤ ᠶᠠᠪᠤᠳᠠᠭ᠃ ᠬᠥᠮᠥᠨ ᠤ ᠰᠠᠨᠠᠭ᠎ᠠ ᠵᠤᠨ ᠤ ᠢᠯᠠᠭ᠎ᠠ᠂ ᠬᠥᠮᠥᠨ ᠤ ᠰᠠᠨᠠᠭ᠎ᠠ ᠦᠵᠦᠭᠦᠷ ᠦᠭᠡᠢ ᠰᠢᠦ ᠳ᠋ᠧ︕ ᠡᠳ᠋ ᠮᠥᠩᠭᠦ᠂ ᠡᠷᠬᠡ ᠵᠡᠷᠭᠡ ᠬᠡᠮᠡᠭᠴᠢ ᠭᠡᠮ ᠬᠡᠮᠵᠢᠶ᠎ᠡ ᠶᠢ ᠨᠢ ᠲᠣᠬᠢᠷᠠᠭᠤᠯᠵᠤ ᠴᠢᠳᠠᠪᠠᠯ ᠠᠮᠢᠳᠤᠷᠠᠯ ᠳᠤ ᠲᠠᠨᠢ ᠶᠡᠬᠡᠬᠡᠨ ᠲᠤᠰᠠ ᠪᠤᠯᠳᠠᠭ ᠴᠦ᠂ ᠬᠡᠲᠦᠷᠡᠭᠦᠯᠦᠨ ᠬᠥᠭᠡᠭᠡᠴᠡᠯᠳᠦᠪᠡᠰᠦ ᠬᠤᠣᠷ ᠢᠷᠸ᠎ᠠ ᠶᠢᠨ ᠦᠨᠳᠦᠰᠦ ᠮᠡᠲᠦ ᠪᠠᠷ ᠠᠯᠢᠪᠠ ᠵᠦᠢᠯ ᠢ ᠲᠠᠨᠢ ᠭᠦᠭᠡᠰᠦ ᠮᠡᠲᠦ ᠬᠤᠭᠤᠰᠤᠷᠠᠭᠤᠯᠤᠨ ᠵᠠᠮᠬᠠᠷᠠᠭᠤᠯᠳᠠᠭ᠃ ᠡᠶᠢᠮᠦ ᠠᠴᠠ ᠰᠢᠨᠤᠯ ᠢᠶᠠᠨ ᠲᠡᠪᠴᠢᠵᠦ ᠴᠢᠳᠠᠪᠠᠰᠤ ᠡᠯᠳᠡᠪ ᠨᠢᠭᠡᠨ ᠭᠠᠢ ᠨᠢᠭᠦᠯ ᠠᠴᠠ ᠵᠠᠶᠢᠯᠠᠰᠬᠢᠵᠦ ᠴᠢᠳᠠᠬᠤ ᠨᠢ ᠲᠣᠳᠣᠷᠬᠠᠢ ᠪᠢᠯᠡ᠃ ᠬᠦᠰᠡᠯ ᠬᠢᠵᠠᠭᠠᠷ ᠦᠭᠡᠢ ᠪᠠᠶᠢᠵᠤ ᠪᠣᠯᠣᠨ᠎ᠠ᠂ ᠰᠢᠨᠤᠯ ᠬᠢᠵᠠᠭᠠᠷ ᠲᠠᠢ ᠪᠠᠶᠢᠬᠤ ᠶᠣᠰᠣᠲᠠᠢ︕                                             
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号