︽ᠮᠠᠷᠭᠠᠰᠢ ᠪᠣᠯᠣᠶ᠎ᠠ︾ ᠭᠡᠬᠦ ᠠᠴᠠ
ᠨᠡᠶᠢᠲᠡᠯᠡᠭᠰᠡᠨ ᠴᠠᠭ᠄
2024/12/31
             ᠥᠴᠥᠭᠡᠳᠦᠷ᠂ ᠥᠨᠥᠳᠥᠷ᠂ ᠮᠠᠷᠭᠠᠰᠢ ᠭᠡᠳ ᠯᠡ ᠬᠥᠮᠥᠰ ᠪᠤᠵᠢᠭᠢᠨᠠᠳᠠᠭ᠃ ᠥᠨᠥᠳᠥᠷ ᠳᠠᠭᠤᠰᠬᠠᠭ᠎ᠠ ᠦᠭᠡᠢ ᠠᠵᠢᠯ ᠢᠶᠠᠨ ᠵᠠᠯᠭᠠᠨ ᠬᠢᠬᠦ ᠭᠡᠪᠡᠯ ᠮᠠᠷᠭᠠᠰᠢ ᠬᠡᠷᠡᠭᠲᠡᠢ᠃ ᠲᠡᠭᠡᠪᠡᠴᠦ ᠮᠠᠨᠠᠶᠢᠬᠢᠨ ᠳᠤ ᠮᠠᠷᠭᠠᠰᠢ ᠲᠤᠩ ᠤᠯᠠᠨ ᠶᠤᠮᠰᠠᠨᠵᠠᠢ ᠁ ᠣᠷᠣᠢ ᠬᠤᠨᠢ ᠲᠣᠭᠠᠯᠠᠭᠠᠳ ᠨᠢᠭᠡ ᠳᠤᠲᠠᠭᠰᠠᠨ ᠢᠶᠠᠨ ᠬᠤᠨᠢᠴᠢᠨ ᠮᠡᠳᠡᠯ᠎ᠡ᠃ ᠰᠤᠷᠠᠭ ᠭᠠᠷᠭᠠᠵᠤ᠂ ᠡᠷᠢᠯ ᠳᠤ ᠶᠠᠪᠤᠮᠠᠷ ᠪᠠᠶᠢᠭᠰᠠᠨ ᠴᠦ ᠳᠣᠲᠣᠷ ᠨᠢ ᠡᠪᠭᠦᠶᠢᠷᠡᠵᠦ ᠬᠠᠷᠠᠯᠠᠭᠠᠳ ᠥᠨᠥᠬᠢ ︽ᠮᠠᠭᠤ ᠤᠰᠤᠨ︾ ᠤ ᠢᠳᠡ ᠮᠥᠨ ᠰᠤᠯᠠᠳᠠᠭ᠎ᠠ ᠦᠭᠡᠢ ᠪᠤᠯᠤᠯᠲᠠᠢ᠃ ︽ᠴᠢ ᠶᠠᠩᠰᠢᠪᠠᠯ ᠶᠠᠩᠰᠢ᠂ ᠨᠣᠬᠠᠢ ᠲᠠ ᠬᠤᠶᠠᠷ ᠯᠡ ᠠᠮᠠ ᠬᠠᠮᠬᠢᠳᠠᠭ ᠦᠭᠡᠢ ᠶᠤᠮ︾ ᠭᠡᠵᠦ ᠡᠬᠡᠨᠡᠷ ᠢᠶᠠᠨ ᠭᠦᠯᠦᠶᠢᠭᠰᠡᠨ ᠬᠤᠨᠢᠴᠢᠨ᠄ ︽ᠮᠠᠷᠭᠠᠰᠢ ᠪᠣᠯᠣᠶ᠎ᠠ︾ ᠭᠡᠰᠡᠨ ᠦᠭᠡ ᠴᠢᠯᠠᠭᠤᠳᠠᠭᠰᠠᠨ ᠢᠶᠠᠨ ᠱᠣᠩ ᠦᠵᠡᠭᠰᠡᠨ ᠬᠤᠷᠭᠤᠳᠠᠭ᠎ᠠ ᠮᠣᠷᠢ ᠰᠢᠭ᠋ ᠭᠡᠷ ᠵᠦᠭ ᠢᠶᠠᠨ ᠱᠣᠭᠰᠢᠵᠠᠢ᠃ ᠁ ᠲᠤᠭ᠎ᠠ ᠰᠢᠯᠭᠠᠬᠤ ᠪᠠᠷ ᠲᠡᠭ ᠣᠯᠴᠢᠬᠠᠵᠤ ᠮᠠᠨ ᠤ ᠳᠡᠭᠦᠦ ᠶᠢᠨ ᠤᠷᠤᠭᠤᠯ ᠲᠥᠭᠡ ᠰᠤᠨᠤᠯ᠎ᠠ᠃ ᠶᠠᠭᠠᠬᠢᠵᠤ ᠪᠤᠷᠤᠭᠤᠳᠠᠪᠠ ᠭᠡᠵᠦ ᠰᠠᠨᠠᠭ᠎ᠠ ᠦᠭᠡᠢ᠂ ᠶᠠᠭᠠᠬᠢᠵᠤ ᠬᠥᠮᠥᠨ ᠳᠤ ᠬᠡᠯᠡᠬᠦ ᠶᠤᠮ ᠭᠡᠵᠦ ᠨᠡᠷᠡᠯᠬᠡᠨ ᠪᠤᠳᠤᠬᠰᠠᠨ ᠲᠡᠷᠡ ᠪᠠᠭᠰᠢ ᠶᠢᠨ ᠢᠶᠠᠨ ᠠᠵᠢᠯᠯᠠᠬᠤ ᠭᠡᠷ ᠤᠨ ᠡᠮᠦᠨᠡᠭᠦᠷ ᠰᠡᠮᠡᠭᠡᠷ ᠥᠩᠭᠡᠷᠡᠵᠦ᠂ ᠰᠠᠭᠰᠤᠨ ᠪᠥᠮᠪᠦᠭᠡ ᠪᠠᠨ ᠲᠡᠪᠡᠷᠢᠭᠡᠳ ᠴᠠᠭᠠᠰᠢ ᠭᠦᠶᠦᠴᠢᠬᠡᠯ᠎ᠡ᠃ ᠪᠠᠭᠰᠢ ᠨᠢ ᠭᠡᠮ ᠲᠠᠢ ᠰᠤᠷᠤᠬᠴᠢ ᠪᠠᠨ ᠣᠯᠵᠤ ᠦᠵᠡᠭᠰᠡᠨ ᠦᠭᠡᠢ ᠪᠢᠰᠢ᠂ ᠳᠠᠭᠤᠳᠠᠬᠤ ᠭᠡᠵᠦ ᠡᠭᠦᠳᠡ ᠥᠭᠡᠳᠡ ᠪᠠᠨ ᠬᠠᠭᠠᠰ ᠠᠯᠬᠤᠭᠠᠳ ᠵᠣᠭᠰᠣᠴᠢᠬᠠᠯ᠎ᠠ ᠁ ᠬᠠᠳᠠᠮ ᠡᠵᠢ ᠶᠢᠨ ᠴᠢᠷᠠᠢ ᠬᠡᠴᠡᠭᠦᠦ ᠪᠦᠷᠬᠦᠶᠢᠵᠦ ᠪᠠᠶᠢᠭᠰᠠᠨ᠂ ᠪᠢ ᠠᠮᠵᠢᠭᠤᠯᠵᠤ ᠪᠤᠳᠠᠭ᠎ᠠ ᠴᠢᠨᠠᠭᠠᠳ ᠨᠠᠷᠠ ᠭᠠᠷᠭᠠᠵᠤ ᠠᠪᠬᠤ ᠪᠤᠢ ᠭᠡᠴᠢᠬᠡᠭᠰᠡᠨ ᠰᠤᠷᠤᠬᠴᠢ ᠶᠢᠨ ᠬᠢᠷᠢ ᠪᠦᠲᠦᠮᠵᠢ ᠶᠢᠨ ᠬᠦᠰᠦᠨᠦᠭᠲᠦ ᠪᠠᠨ ᠰᠢᠷᠡᠭᠡᠨ ᠳᠡᠭᠡᠷ᠎ᠡ ᠪᠠᠨ ᠬᠥᠮᠥᠨ ᠤ  ᠬᠢ ᠭᠡᠰᠡᠨ ᠮᠠᠶ᠋ᠢᠭᠲᠠᠢ ᠤᠷᠭᠢᠭᠠᠳ ᠳᠤᠭᠤᠢ ᠪᠠᠨ ᠡᠷᠢᠬᠦ ᠪᠠᠷ ᠭᠠᠷᠤᠯ᠎ᠠ᠃ ᠵᠠ᠂ ᠢᠩᠭᠢᠭᠡᠳ ᠪᠠᠭᠰᠢ ᠰᠤᠷᠤᠬᠴᠢ ᠮᠠᠷᠭᠠᠰᠢ ᠤᠴᠢᠷ ᠢᠶᠠᠨ ᠣᠯᠣᠯᠴᠠᠬᠤ ᠪᠢᠵᠡ᠃              ᠪᠠᠶᠠᠨ ᠮᠣᠩᠭᠤᠯ ᠶᠤᠮ ᠭᠠᠵᠠᠷ᠂ ᠪᠠᠷᠠᠭᠳᠠᠬᠤ ᠦᠭᠡᠢ ᠮᠠᠷᠭᠠᠰᠢ ᠪᠠᠶᠢᠬᠤ ᠤᠴᠢᠷᠲᠠᠢ ᠲᠤᠯᠠ ᠠᠳᠡ ᠨᠢᠭᠡ ᠨᠢᠭᠡ ᠪᠠᠷ ᠵᠢᠱᠢᠶ᠎ᠡ ᠲᠠᠲᠠᠬᠤ ᠦᠭᠡᠢ᠃ ᠶᠠᠭᠤ ᠴᠦ ᠭᠡᠰᠡᠨ ᠴᠢᠨᠦ ᠬᠦᠰᠡᠭᠰᠡᠨ ᠢᠶᠠᠷ᠂ ᠮᠢᠨᠤ ᠠᠶᠤᠭᠰᠠᠨ ᠢᠶᠠᠷ ᠴᠠᠭ ᠮᠥᠴᠡ ᠨᠠᠭᠠᠰᠢ ᠪᠠᠨ ᠤᠷᠤᠰᠴᠤ᠂ ᠰᠢᠨ᠎ᠡ ᠣᠨ ᠤ ᠪᠣᠱᠣᠭᠠᠨ ᠳᠤ ᠶᠠᠭᠠᠬᠢᠬᠤ ᠶᠢᠨ ᠠᠷᠭ᠎ᠠ ᠦᠭᠡᠢ ᠭᠦᠷᠦᠭᠡᠳ ᠢᠷᠡᠯ᠎ᠡ᠂ ᠪᠢᠳᠡ ᠴᠢᠨᠢ᠃ ᠬᠠᠮᠢᠶ᠎ᠠ ᠦᠭᠡᠢ ᠭᠡᠰᠡᠨ ᠦᠭᠡ ᠪᠠᠷ ᠪᠡᠶ᠎ᠡ ᠪᠠᠨ ᠬᠠᠭᠤᠷᠴᠤ ᠰᠤᠷᠤᠭ᠎ᠠ ᠦᠭᠡᠢ ᠯᠡ ᠪᠣᠯ᠂ ᠬᠠᠭᠤᠴᠢᠨ ᠳᠠᠩᠰᠠ  ᠪᠠᠨ ᠴᠠᠶᠢᠷᠠᠭᠤᠯᠵᠤ᠂ ᠮᠠᠷᠭᠠᠰᠢ ᠶᠠᠭᠠᠬᠢᠬᠤ ᠪᠠᠨ ᠪᠤᠳᠤᠶ᠎ᠠ᠃              ᠪᠦᠭᠦᠶᠢᠯᠡ ᠨᠢᠭᠡ ᠨᠠᠰᠤᠨ ᠳᠤ ᠥᠴᠥᠭᠡᠳᠦᠷ᠂ ᠥᠨᠥᠳᠥᠷ᠂ ᠮᠠᠷᠭᠠᠰᠢ ᠭᠤᠷᠪᠠᠭ᠋ᠠᠨ ᠡᠳᠦᠷ ᠲᠠᠢ ᠭᠡᠵᠦ ᠬᠡᠯᠡᠬᠦ ᠳᠤ ᠲᠠ ᠨᠠᠷ ᠪᠢᠲᠡᠭᠡᠢ ᠰᠣᠴᠢᠭᠠᠷᠠᠢ᠃ ᠦᠨᠡᠨ ᠳᠡᠭᠡᠨ ᠲᠡᠶᠢᠮᠦ᠃ ᠥᠴᠥᠭᠡᠳᠦᠷ ᠶᠠᠭᠤ ᠣᠯᠣᠯ᠎ᠠ᠂ ᠥᠨᠥᠳᠥᠷ ᠶᠠᠭᠤ ᠠᠯᠳᠠᠯ᠎ᠠ ᠭᠡᠵᠦ ᠲᠠᠷᠢᠬᠢ ᠪᠠᠷᠠᠭᠰᠠᠨ ᠬᠥᠮᠥᠨ ᠥᠭᠡᠳᠡ ᠡᠰᠡᠷᠡᠭ ᠶᠠᠪᠤᠵᠤ ᠮᠡᠳᠡᠨ᠎ᠡ᠃ ᠭᠡᠶ᠎ᠡ ᠶᠡᠭᠡ ᠶᠢ ᠬᠢᠨ᠎ᠡ᠂ ᠲᠡᠪᠡᠷᠢ ᠪᠠᠭᠲᠠᠬᠤ ᠦᠭᠡᠢ ᠵᠣᠭᠤᠰ ᠲᠠᠢ ᠪᠣᠯᠣᠨ᠎ᠠ ᠭᠡᠵᠦ ᠵᠡᠭᠦᠳᠦ ᠪᠠᠷ ᠢᠶᠠᠨ ᠱᠠᠯᠪᠢᠩ ᠢᠳᠡᠳᠡᠭ ᠤᠯᠤᠰ ᠬᠡᠢ ᠬᠦᠰᠡᠯ ᠳᠡᠭᠡᠨ ᠪᠠᠴᠢᠯᠠᠭᠳᠠᠵᠤ᠂ ᠪᠣᠳᠠᠲᠤ ᠠᠬᠤᠢ ᠳᠤ ᠳᠤᠷ᠎ᠠ ᠦᠭᠡᠶᠢᠴᠡᠨ᠂ ᠮᠡᠳᠡᠭᠰᠡᠨ ᠥᠴᠥᠭᠡᠳᠦᠷ ᠢᠶᠠᠨ ᠮᠠᠷᠲᠠᠵᠤ᠂ ᠮᠡᠳᠡᠭᠡᠳᠦᠢ ᠥᠨᠥᠳᠥᠷ ᠢᠶᠠᠨ ᠭᠤᠯᠣᠵᠤ᠂ ᠬᠤᠷᠸ᠎ᠠ ᠶᠢᠨ ᠲᠣᠭᠤᠰᠣᠨ ᠳᠤ ᠡᠷᠬᠡ ᠦᠭᠡᠢ ᠪᠤᠯᠠᠬᠳᠠᠨ ᠡᠬᠢᠯᠡᠨ᠎ᠡ᠃ ᠲᠡᠭᠡᠭᠦᠯᠡᠷ ᠵᠠᠵᠢᠨ ᠳᠤ ᠴᠠᠭᠠᠨ ᠦᠰᠦ ᠨᠢᠭᠡ ᠨᠡᠮᠡᠭᠳᠡᠵᠦ᠂ ᠰᠤᠭᠤᠨ ᠳᠤ ᠲᠠᠶᠠᠭ ᠬᠡᠷᠡᠭᠲᠡᠢ ᠮᠥᠴᠡ ᠶᠠᠪᠤᠬᠤ ᠲᠤᠳᠤᠮ ᠢᠶᠠᠨ ᠣᠶᠢᠷᠠᠲᠤᠨ᠎ᠠ᠃ ᠨᠢᠭᠡ ᠪᠤᠳᠤᠪᠠᠯ ᠶᠡᠭᠡ ᠠᠶᠤᠮᠠᠷ ᠶᠤᠮ ᠭᠡᠵᠦ ᠳᠣᠲᠣᠷ᠎ᠠ ᠪᠠᠨ ᠲᠤᠩᠭᠠᠪᠠᠯ ᠵᠣᠬᠢᠨ᠎ᠠ᠃ ᠮᠠᠷᠭᠠᠰᠢ ᠣᠳᠣᠬᠠᠨ ᠢᠷᠡᠨ᠎ᠡ ᠰᠢᠦ ᠳ᠋ᠠ ᠨᠠᠶᠢᠵᠠ ᠨᠠᠷ ᠮᠢᠨᠢ᠂ ᠳᠡᠭᠦᠦ ᠨᠠᠷ ᠮᠢᠨᠢ᠃              ᠪᠢᠲᠡᠭᠡᠢ ᠡᠪᠰᠢᠶᠡᠨ ᠰᠠᠭᠤ᠂ ᠪᠢᠲᠡᠭᠡᠢ ᠭᠤᠨᠢᠨ ᠰᠠᠭᠤ᠃ ᠶᠠᠭᠤ ᠨᠢᠭᠡ ᠶᠢ ᠬᠢᠨ᠎ᠡ᠂ ᠠᠳᠠᠭ ᠨᠠᠭᠠᠲᠤ ᠵᠠᠬ᠎ᠠ ᠳᠠᠭᠠᠨ ᠰᠠᠭᠠᠷᠢᠲᠤᠭᠰᠠᠨ ᠬᠥᠯ ᠢᠶᠠᠨ ᠤᠬᠢᠶᠠᠨ᠎ᠠ᠂ ᠪᠠᠯᠪᠠᠷᠬᠠᠢ ᠳᠤᠭᠤᠢ ᠪᠠᠨ ᠵᠠᠰᠠᠨ᠎ᠠ ᠭᠡᠵᠦ ᠶᠡᠷᠦ ᠳᠡᠭᠡᠨ ᠵᠢᠵᠢᠭ ᠰᠠᠵᠢᠭ ᠭᠡᠵᠦ ᠤᠪᠠᠶᠢᠯᠠᠭ᠎ᠠ ᠦᠭᠡᠢ ᠤᠴᠢᠷ ᠢᠶᠠᠨ ᠬᠤᠷᠳᠤᠬᠠᠨ ᠬᠢ᠃ ᠡᠪᠦᠭᠡᠷᠡᠬᠦ ᠦᠭᠡᠢ ᠶᠢᠨ ᠲᠥᠯᠥᠭᠡ᠂ ᠡᠷᠲᠡ ᠬᠥᠮᠥᠨ ᠳᠤ ᠭᠤᠯᠣᠭᠳᠠᠬᠤ ᠦᠭᠡᠢ ᠶᠢᠨ ᠲᠥᠯᠥᠭᠡ ᠥᠴᠥᠭᠡᠳᠦᠷ ᠥᠨᠥᠳᠥᠷ ᠢᠶᠠᠨ ᠨᠠᠨᠳᠢᠩᠨᠠᠨ ᠰᠢᠷᠭᠠᠭ᠎ᠠ᠃
 
ᠢᠷᠡᠯᠲᠡ᠄ ︽ᠰᠦ ᠲᠠᠢ ᠺᠣᠹᠧ︾ ᠨᠣᠮ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号