ᠬᠠᠷᠠᠪᠲᠤᠷ ᠵᠢᠰᠦ ᠴᠢᠷᠠᠢ ᠶᠢ ᠬᠡᠷᠬᠢᠨ ᠵᠠᠰᠠᠵᠤ ᠴᠢᠮᠡᠬᠦ ᠲᠤᠬᠠᠢ
ᠨᠡᠶᠢᠲᠡᠯᠡᠭᠰᠡᠨ ᠴᠠᠭ᠄
2024/12/31
                           ᠰᠢᠷᠬᠡᠭ ᠨᠢ ᠪᠦᠳᠦᠭᠦᠯᠢᠭ ᠬᠠᠷᠠᠪᠲᠤᠷ ᠴᠢᠷᠠᠢ ᠬᠥᠮᠥᠰ ᠲᠤ ᠲᠣᠭᠤᠭᠳᠠᠬᠤ ᠳᠤ ᠬᠡᠴᠡᠭᠦᠦ ᠶᠤᠮ᠃ ᠡᠶᠢᠮᠦ ᠠᠴᠠ ᠠᠷᠠᠰᠤ ᠮᠢᠬ᠎ᠠ ᠪᠠᠨ ᠴᠡᠪᠡᠷ ᠨᠠᠷᠢᠯᠢᠭ ᠪᠤᠯᠭᠠᠬᠤ ᠠᠷᠭ᠎ᠠ ᠶᠢ ᠬᠡᠷᠡᠭᠯᠡᠪᠡᠯ ᠵᠣᠬᠢᠨ᠎ᠠ᠃ ᠵᠢᠱᠢᠶᠡᠯᠡᠪᠡᠯ ᠥᠨᠳᠡᠭᠡᠨ ᠴᠠᠭᠠᠨ ᠲᠦᠷᠭᠢᠭᠦ᠂ ᠨᠢᠮᠪᠡᠭᠡ ᠶᠢᠨ ᠤᠰᠤ ᠪᠠᠷ ᠱᠠᠪᠰᠢᠬᠤ ᠵᠡᠷᠭᠡ ᠠᠷᠭ᠎ᠠ ᠨᠢ ᠪᠦᠷ ᠠᠷᠠᠰᠤ ᠮᠢᠬ᠎ᠠ ᠶᠢ ᠴᠡᠪᠡᠷᠰᠢᠭᠦᠯᠬᠦ ᠪᠥᠭᠡᠳ ᠰᠢᠷ᠎ᠠ ᠦᠰᠦᠨ ᠤ ᠰᠦᠪᠡ ᠶᠢ ᠠᠪᠴᠢᠭᠤᠯᠵᠤ᠂ ᠨᠢᠭᠤᠷ ᠴᠢᠷᠠᠢ ᠳᠤ ᠴᠠᠪᠠᠤᠯᠢᠭ ᠡᠯᠧᠮᠧᠨ᠋ᠲ ᠪᠣᠯᠣᠨ ᠸᠢᠲ᠋ᠠᠮᠢᠨ ᠨᠥᠬᠦᠪᠦᠷᠢᠯᠡᠵᠦ ᠴᠢᠳᠠᠨ᠎ᠠ᠃              ᠠᠷᠠᠰᠤ ᠮᠢᠬ᠎ᠠ ᠪᠠᠨ ᠨᠢᠮᠪᠠᠢ ᠰᠠᠶᠢᠬᠠᠨ ᠬᠠᠮᠠᠭᠠᠯᠠᠭᠰᠠᠨ ᠰᠠᠭᠤᠷᠢᠨ ᠳᠡᠭᠡᠷ᠎ᠡ ᠵᠠᠰᠠᠵᠤ ᠴᠢᠮᠡᠨ᠎ᠡ᠃ ᠰᠠᠭᠤᠷᠢ ᠲᠡᠯᠪᠢᠬᠤ ᠨᠤᠨᠳᠠᠭ ᠢ ᠴᠠᠭᠠᠨ ᠪᠠᠶᠢᠯᠭᠠᠵᠤ ᠪᠤᠯᠬᠤ ᠦᠭᠡᠢ᠂ ᠠᠷᠠᠰᠤ ᠮᠢᠬᠠᠨ ᠤ ᠥᠩᠭᠡ ᠠᠴᠠ ᠵᠢᠭᠠᠬᠠᠨ ᠭᠦᠶᠦᠬᠡᠨ ᠥᠩᠭᠡ ᠶᠢ ᠬᠡᠷᠡᠭᠯᠡᠪᠡᠯ ᠵᠣᠬᠢᠨ᠎ᠠ᠃ ᠨᠢᠭᠤᠷ ᠪᠣᠯᠣᠨ ᠬᠦᠵᠦᠭᠦᠦ ᠶᠢᠨ ᠬᠡᠰᠡᠭ ᠲᠡᠭᠡᠨ ᠨᠢᠮᠪᠠᠢ ᠭᠡᠭᠴᠢ ᠲᠦᠷᠭᠢᠨ᠎ᠡ᠃ ᠡᠩᠭᠡᠰᠬᠡ ᠪᠣᠯᠣᠨ ᠤᠷᠤᠭᠤᠯ ᠤᠨ ᠪᠤᠳᠤᠭ ᠨᠢ ᠬᠦᠷᠡᠩ ᠤᠯᠠᠭᠠᠨ᠂ ᠶᠠᠭᠠᠪᠲᠤᠷ ᠵᠡᠷᠭᠡ ᠭᠦᠨ ᠰᠢᠭ ᠥᠩᠭᠡ ᠲᠠᠢ ᠪᠠᠶᠢᠪᠠᠯ ᠵᠣᠬᠢᠨ᠎ᠠ᠃ ᠨᠢᠳᠦᠨ ᠤ ᠪᠤᠳᠤᠭ ᠢᠶᠠᠨ ᠴᠦ ᠡᠭᠦᠨ ᠲᠠᠢ ᠵᠣᠬᠢᠴᠠᠭᠤᠯᠤᠨ ᠬᠦᠷᠡᠩ ᠪᠤᠶᠤ ᠴᠠᠢ ᠶᠢᠨ ᠥᠩᠭᠡ ᠶᠢ ᠰᠣᠩᠭᠤᠪᠠᠯ ᠵᠣᠬᠢᠨ᠎ᠠ᠃ ᠬᠠᠮᠤᠭ ᠤᠨ ᠠᠷᠪᠢᠨ ᠬᠡᠷᠡᠭᠯᠡᠳᠡᠭ ᠬᠥᠬᠡ ᠨᠣᠭᠤᠭᠠᠨ ᠥᠩᠭᠡ ᠲᠠᠢ ᠨᠢᠳᠦᠨ ᠤ ᠪᠤᠳᠤᠭ ᠬᠠᠷᠠᠪᠲᠤᠷ ᠴᠢᠷᠠᠢ ᠲᠠᠢ ᠬᠥᠮᠥᠨ ᠳᠤ ᠵᠣᠬᠢᠬᠤ ᠦᠭᠡᠢ ᠶᠤᠮ᠃              ᠬᠤᠪᠴᠠᠰᠤ ᠬᠤᠨᠠᠷ ᠤᠨ ᠥᠩᠭᠡ ᠶᠢ ᠵᠣᠬᠢᠴᠠᠭᠤᠯᠬᠤ ᠨᠢ ᠲᠤᠩ ᠴᠤ ᠴᠢᠬᠤᠯᠠ᠃ ᠤᠯᠠᠭᠠᠨ ᠬᠦᠷᠡᠩ ᠴᠢᠷᠠᠢ ᠲᠠᠢ ᠬᠡᠦᠬᠡᠨᠴᠦᠳ ᠶᠠᠭᠠᠨ ᠨᠣᠭᠤᠭᠠᠨ ᠥᠩᠭᠡ ᠶᠢᠨ ᠬᠤᠪᠴᠠᠰᠤ ᠡᠮᠦᠰᠬᠦ ᠳᠤᠷᠠᠲᠠᠢ ᠪᠠᠶᠢᠳᠠᠭ᠂ ᠡᠳᠡᠭᠡᠷ ᠥᠩᠭᠡ ᠠᠷᠠᠰᠤ ᠮᠢᠬ᠎ᠠ ᠶᠢ ᠪᠦᠳᠦᠭᠦᠯᠢᠭ ᠬᠠᠷᠠᠪᠲᠤᠷ ᠬᠠᠷᠠᠭᠳᠠᠭᠤᠯᠳᠠᠭ᠃ ᠡᠭᠦᠨ ᠲᠠᠢ ᠡᠰᠡᠷᠭᠦ ᠪᠠᠷ ᠴᠠᠶᠢᠪᠤᠷ ᠪᠤᠶᠤ ᠭᠦᠶᠦᠬᠡᠨ ᠤᠯᠠᠭᠠᠨ᠂ ᠬᠦᠷᠡᠩ ᠥᠩᠭᠡ ᠨᠢ ᠪᠦᠳᠦᠭᠦᠯᠢᠭ ᠬᠠᠷᠠᠪᠲᠤᠷ ᠵᠢᠰᠦ ᠴᠢᠷᠠᠢ ᠶᠢ ᠰᠠᠶᠢᠬᠠᠨ ᠪᠤᠯᠭᠠᠬᠤ ᠳᠤ ᠲᠤᠰᠠᠲᠠᠢ᠃ ᠰᠢᠷ᠎ᠠ ᠴᠠᠭᠠᠨ ᠥᠩᠭᠡ ᠶᠢᠨ ᠬᠤᠪᠴᠠᠰᠤ ᠬᠤᠨᠠᠷ ᠴᠤ ᠰᠠᠶᠢᠬᠠᠨ ᠪᠠᠶᠢᠳᠠᠭ᠃                                        
 
ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号