| | | ᠣᠶᠢᠷ᠎ᠠ ᠳᠤ᠂ ᠭᠦᠭᠡᠬᠤᠳᠠ ᠶᠢᠨ ᠢᠦᠶᠢᠴᠢᠤᠸᠠᠨ ᠲᠣᠭᠤᠷᠢᠭ ᠤᠨ ᠳᠣᠲᠣᠭᠠᠳᠤ ᠶᠢ ᠬᠠᠮᠠᠭᠠᠯᠠᠬᠤ ᠬᠤᠪᠢᠶᠠᠷᠢ | ᠲᠣᠪᠴᠢᠶ᠎ᠠ ᠯᠢᠦ ᠠᠪᠤᠭᠠᠢ ᠶᠢᠨ ︽ᠵᠢᠷᠭᠢᠶ᠎ᠡ ᠶᠢᠨ ᠲᠣᠭᠤᠷᠢᠭ ᠤᠨ ︿ᠨᠠᠶᠢᠵᠠ﹀ ᠲᠠᠢ ᠪᠠᠨ ᠬᠠᠷᠢᠯᠴᠠᠬᠤ ᠪᠠᠷ ᠲᠠᠮᠵᠢᠨ᠂ ᠭᠠᠷ | ᠳᠠᠮᠵᠢᠭᠰᠠᠨ 4 ᠮᠠᠰᠢᠨ ᠲᠡᠷᠭᠡ ᠬᠤᠳᠠᠯᠳᠤᠨ ᠠᠪᠬᠤ ᠪᠠᠷ ᠪᠣᠯᠵᠣᠵᠤ᠂ ᠨᠦᠭᠦᠭᠡ ᠡᠲᠡᠭᠡᠳ ᠲᠡᠭᠡᠨ 15.7 ᠲᠦᠮᠡᠨ | ᠲᠥᠭᠦᠷᠢᠭ ᠥᠭᠭᠦᠭᠰᠡᠨ ᠳᠤ ᠮᠠᠰᠢᠨ ᠲᠡᠷᠭᠡ ᠪᠠᠨ ᠣᠯᠣᠭᠰᠠᠨ ᠦᠭᠡᠢ ᠪᠥᠭᠡᠳ ᠨᠦᠭᠦᠭᠡ ᠡᠲᠡᠭᠡᠳ ᠨᠢ ᠠᠯᠠᠭ᠎ᠠ | ᠪᠣᠯᠴᠢᠬᠠᠵᠠᠢ︾ ᠭᠡᠰᠡᠨ ᠬᠡᠷᠡᠭ ᠤᠨ ᠮᠡᠳᠡᠭᠦᠯᠦᠯᠲᠡ ᠶᠢ ᠲᠤᠰᠪᠠ᠃ ᠢᠦᠶᠢᠴᠢᠤᠸᠠᠨ ᠲᠣᠭᠤᠷᠢᠭ ᠤᠨ ᠳᠣᠲᠣᠭᠠᠳᠤ ᠶᠢ | ᠬᠠᠮᠠᠭᠠᠯᠠᠬᠤ ᠬᠤᠪᠢᠶᠠᠷᠢ ᠲᠣᠪᠴᠢᠶ᠎ᠠ ᠶᠢᠨ ᠴᠠᠭᠳᠠᠭ᠎ᠠ ᠨᠠᠷ ᠬᠡᠷᠡᠭ ᠶᠠᠪᠤᠳᠠᠯ ᠤᠨ ᠥᠩᠭᠡᠷᠡᠯᠲᠡ ᠶᠢ ᠣᠶᠢᠯᠠᠭᠠᠭᠰᠠᠨ ᠤ | ᠲᠠᠷᠠᠭ᠎ᠠ᠂ ᠯᠢᠦ ᠠᠪᠤᠭᠠᠢ ᠪᠠᠷᠤᠭ ᠴᠠᠭᠢᠯᠭᠠᠨ ᠬᠤᠯᠪᠤᠭ᠎ᠠ ᠰᠦᠯᠵᠢᠶᠡᠨ ᠤ ᠮᠡᠬᠡᠯᠡᠯ ᠳᠤ ᠬᠤᠯᠪᠣᠭᠳᠠᠵᠠᠢ ᠭᠡᠵᠦ ᠮᠠᠭᠠᠳᠯᠠᠪᠠ᠃ | | ᠯᠢᠦ ᠠᠪᠤᠭᠠᠢ ᠨᠦᠭᠦᠭᠡ ᠡᠲᠡᠭᠡᠳ ᠲᠠᠢ ᠪᠠᠨ ᠴᠥᠮ ᠵᠢᠷᠭᠢᠶ᠎ᠡ ᠪᠠᠷ ᠬᠠᠷᠢᠯᠴᠠᠵᠤ ᠪᠠᠶᠢᠭᠰᠠᠨ ᠲᠤᠯᠠ | ᠨᠦᠭᠦᠭᠡ ᠡᠲᠡᠭᠡᠳ ᠤᠨ ᠢᠶᠠᠨ ᠦᠨᠡᠨ ᠨᠡᠷ᠎ᠡ ᠶᠢ ᠮᠡᠳᠡᠬᠦ ᠦᠭᠡᠢ ᠪᠠᠶᠢᠯ᠎ᠠ᠃ ᠴᠠᠭᠳᠠᠭ᠎ᠠ ᠨᠠᠷ ᠬᠤᠶᠠᠷ ᠵᠠᠮ ᠬᠤᠪᠢᠶᠠᠨ᠂ | ᠨᠢᠭᠡ ᠵᠠᠮ ᠨᠢ ᠱᠠᠨᠳᠦ᠋ᠩ ᠳᠤ ᠬᠦᠷᠴᠦ ᠵᠣᠭᠤᠰ ᠬᠤᠷᠢᠶᠠᠭᠴᠢ ᠶᠢᠨ ᠮᠡᠳᠡᠭᠡ ᠵᠠᠩᠭᠢ ᠶᠢ ᠪᠠᠶᠢᠴᠠᠭᠠᠨ᠂ ᠨᠦᠭᠦᠭᠡ ᠵᠠᠮ ᠨᠢ | ᠵᠢᠶᠠᠩᠰᠤ ᠵᠡᠷᠭᠡ ᠭᠠᠵᠠᠷ ᠲᠤ ᠬᠦᠷᠴᠦ 4 ᠮᠠᠰᠢᠨ ᠲᠡᠷᠭᠡ ᠶᠢᠨ ᠪᠠᠶᠢᠳᠠᠯ ᠢ ᠬᠠᠷᠭᠤᠭᠤᠯᠵᠤ᠂ ᠶᠡᠭᠡ ᠬᠡᠮᠵᠢᠶᠡᠨ ᠤ ᠠᠵᠢᠯ | ᠬᠢᠬᠦ ᠪᠠᠷ ᠲᠠᠮᠵᠢᠨ᠂ ᠵᠣᠭᠤᠰ ᠬᠤᠷᠢᠶᠠᠭᠴᠢ ᠯᠠᠨ ᠣᠪᠣᠭᠲᠤ ᠶᠢᠨ ᠱᠠᠨᠳᠦ᠋ᠩ ᠮᠤᠵᠢ ᠳᠤ ᠬᠥᠳᠡᠯᠭᠡᠭᠡᠨ ᠬᠢᠵᠦ ᠪᠠᠶᠢᠬᠤ ᠮᠥᠷ | ᠰᠤᠷᠠᠭ ᠢ ᠣᠯᠵᠤ ᠮᠡᠳᠡᠭᠡᠳ᠂ ᠯᠠᠨ ᠣᠪᠣᠭᠲᠤ ᠲᠠᠢ ᠬᠠᠷᠢᠯᠴᠠᠪᠠ᠃ | ᠯᠠᠨ ᠣᠪᠣᠭᠲᠤ ᠠᠴᠠ ᠯᠢᠦ ᠣᠪᠣᠭᠲᠤ ᠳᠤ ᠬᠠᠮᠵᠢᠨ ᠵᠣᠭᠤᠰ ᠬᠤᠷᠢᠶᠠᠭᠰᠠᠨ ᠪᠥᠭᠡᠳ ᠵᠣᠭᠤᠰ ᠢ ᠨᠢ | ᠭᠠᠷᠭᠠᠨ ᠠᠪᠴᠤ ᠥᠭᠴᠦ᠂ ᠭᠠᠷᠭᠠᠨ ᠠᠪᠤᠭᠰᠠᠨ ᠮᠠᠰᠢᠨ ᠲᠡᠷᠭᠡ ᠬᠤᠳᠠᠯᠳᠤᠨ ᠠᠪᠬᠤ ᠵᠣᠭᠤᠰ ᠢ ᠴᠥᠮ ᠯᠢᠦ ᠣᠪᠣᠭᠲᠤ | ᠳᠤ ᠲᠤᠰᠢᠶᠠᠨ ᠥᠭᠴᠡᠢ ᠭᠡᠪᠡ᠃ ᠴᠠᠭᠳᠠᠭ᠎ᠠ ᠨᠠᠷ ᠳᠡᠮᠡᠢ ᠤᠳᠠᠯ ᠦᠭᠡᠢ ᠯᠢᠦ ᠣᠪᠣᠭᠲᠤ ᠶᠢ ᠪᠠᠷᠢᠪᠴᠢᠯᠠᠪᠠ᠃ ᠯᠢᠦ | ᠣᠪᠣᠭᠲᠤ ᠭᠠᠷ ᠲᠠᠲᠠᠭᠤ ᠠᠴᠠ ᠪᠣᠯᠵᠤ ᠮᠠᠰᠢᠨ ᠲᠡᠷᠭᠡ ᠪᠠᠶᠢᠨ᠎ᠠ ᠭᠡᠵᠦ ᠬᠠᠭᠤᠷᠮᠠᠭᠯᠠᠨ ᠵᠣᠬᠢᠶᠠᠵᠤ ᠯᠢᠦ ᠠᠪᠤᠭᠠᠢ ᠶᠢᠨ | ᠵᠣᠭᠤᠰ ᠢ ᠮᠡᠬᠡᠯᠡᠭᠰᠡᠨ ᠥᠩᠭᠡᠷᠡᠯᠲᠡ ᠪᠠᠨ ᠬᠡᠯᠡᠪᠡ᠃ ᠤᠤᠯ ᠨᠢ ᠶᠠᠯ᠎ᠠ ᠶᠢᠨ ᠰᠡᠵᠢᠭᠲᠡᠨ ᠯᠢᠦ ᠣᠪᠣᠭᠲᠤ ᠪᠤᠰᠤᠳ ᠤᠨ | ᠨᠠᠶᠢᠵᠠ ᠶᠢᠨ ᠲᠣᠭᠤᠷᠢᠭ ᠲᠠᠭᠠᠨ ᠶᠠᠪᠤᠭᠤᠯᠤᠭᠰᠠᠨ ᠮᠠᠰᠢᠨ ᠲᠡᠷᠭᠡ ᠶᠢᠨ ᠵᠢᠷᠤᠭ ᠵᠡᠷᠭᠡ ᠶᠢ ᠬᠤᠣᠷᠯᠠᠭᠳᠠᠭᠴᠢ ᠯᠢᠦ ᠠᠪᠤᠭᠠᠢ | ᠳᠤ ᠳᠠᠮᠵᠢᠭᠤᠯᠤᠨ ᠥᠭᠴᠦ᠂ ᠮᠠᠰᠢᠨ ᠲᠡᠷᠭᠡ ᠶᠢᠨ ᠦᠨ᠎ᠡ ᠶᠢ ᠪᠠᠭᠤᠷᠠᠭᠤᠯᠤᠨ ᠯᠢᠦ ᠠᠪᠤᠭᠠᠢ ᠶᠢᠨ ᠢᠲᠡᠭᠡᠯ ᠢ ᠣᠯᠣᠭᠰᠠᠨ | ᠤ ᠲᠠᠷᠠᠭ᠎ᠠ ᠵᠣᠭᠤᠰ ᠮᠥᠩᠭᠦ ᠶᠢ ᠨᠢ ᠮᠡᠬᠡᠯᠡᠨ ᠠᠪᠴᠠᠢ᠃ | ᠣᠳᠣᠬᠠᠨ ᠳᠤ᠂ ᠳᠣᠲᠣᠭᠠᠳᠤ ᠶᠢ ᠬᠠᠮᠠᠭᠠᠯᠠᠬᠤ ᠪᠠᠶᠢᠭᠤᠯᠭ᠎ᠠ ᠠᠴᠠ ᠯᠢᠦ ᠣᠪᠣᠭᠲᠤ᠂ ᠯᠠᠨ ᠣᠪᠣᠭᠲᠤ ᠳᠤ | ᠠᠯᠪᠠᠳᠠᠯᠭ᠎ᠠ ᠶᠢᠨ ᠠᠷᠭ᠎ᠠ ᠬᠡᠮᠵᠢᠶ᠎ᠡ ᠠᠪᠴᠠᠢ᠃ ᠶᠠᠯ᠎ᠠ ᠶᠢᠨ ᠰᠡᠵᠢᠭᠲᠡᠨ ᠯᠢᠦ ᠣᠪᠣᠭᠲᠤ ᠵᠣᠭᠤᠰ ᠮᠥᠩᠭᠦ ᠶᠢ ᠮᠡᠬᠡᠯᠡᠨ | ᠠᠪᠤᠭᠰᠠᠨ ᠤ ᠲᠠᠷᠠᠭ᠎ᠠ ᠶᠡᠬᠡᠩᠬᠢ ᠵᠣᠭᠤᠰ ᠢ ᠵᠣᠭᠤᠰ ᠮᠥᠷᠥᠶᠢᠴᠡᠨ ᠱᠦᠭᠦᠭᠳᠡᠵᠦ᠂ ᠦᠯᠡᠳᠡᠭᠰᠡᠨ ᠭᠤᠷᠪᠠᠨ ᠲᠦᠮᠡᠨ | ᠲᠥᠭᠦᠷᠢᠭ ᠢ ᠯᠢᠦ ᠠᠪᠤᠭᠠᠢ ᠳᠤ ᠪᠤᠴᠠᠭᠠᠪᠠ᠃ | ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ | |