| | | ᠠᠭᠠᠷᠴᠠ - ᠠᠶᠢᠷᠠᠭ ᠲᠠᠷᠠᠭ ᠢ ᠪᠤᠴᠠᠯᠭᠠᠵᠤ ᠠᠪᠤᠭᠠᠳ ᠰᠢᠷ᠎ᠠ ᠤᠰᠤ ᠶᠢ ᠨᠢ ᠱᠦᠭᠦᠷᠠᠭᠦᠯᠣᠭ᠍ᠰᠠᠠ | ᠴᠠᠭᠠᠨ ᠢᠳᠡᠭᠡ᠃ | ᠠᠭᠠᠷᠤᠤᠯ - ᠵᠦᠰᠦᠵᠦ ᠪᠠᠵᠠᠵᠤ ᠵᠢᠵᠢᠭᠯᠡᠨ ᠬᠠᠳᠠᠭᠠᠬᠰᠠᠠ ᠠᠭᠠᠷᠴᠠ᠃ | ᠠᠶᠢᠷᠠᠭ - ᠮᠠᠯ ᠤᠨ ᠰᠦ ᠶᠢ ᠬᠥᠷᠥᠩᠭᠡᠯᠡᠨ ᠪᠦᠯᠢᠵᠦ ᠢᠰᠭᠡᠭᠰᠠᠠ ᠴᠠᠭᠠᠨ ᠢᠳᠡᠭᠡ᠃ | ᠲᠠᠷᠠᠭ - ᠪᠣᠯᠤᠭᠰᠠᠨ ᠰᠦᠨ ᠳᠤ ᠬᠥᠷᠥᠩᠭᠡ ᠬᠤᠯᠢᠵᠤ ᠢᠰᠭᠡᠭᠰᠠᠠ ᠢᠳᠠᠭᠡᠠ᠃ ᠶᠡᠭᠡ | ᠬᠥᠷᠥᠩᠭᠡᠨ ᠳᠤ ᠪᠠᠭ᠎ᠠ ᠰᠦ ᠶᠢ ᠬᠦᠢᠲᠡᠨ ᠢᠶᠠᠷ ᠬᠤᠯᠢᠵᠤ ᠤᠳᠠᠭᠠᠨ ᠪᠠᠶᠢᠯᠭᠠᠨ ᠢᠰᠬᠡᠵᠦ ᠬᠥᠭᠡᠰᠦᠷᠡᠭᠦᠯᠬᠦ ᠪᠠ | ᠬᠠᠯᠠᠭᠤᠨ ᠪᠦᠯᠢᠶᠡᠨ ᠰᠦᠨ ᠳᠤ ᠪᠠᠭ᠎ᠠ ᠬᠥᠷᠥᠩᠭᠡ ᠬᠢᠵᠦ ᠪᠦᠷᠢᠬᠦ ᠬᠤᠶᠠᠷ ᠵᠦᠢᠯ ᠤᠨ ᠠᠷᠭ᠎ᠠ ᠪᠠᠷ ᠬᠢᠨ᠎ᠡ᠃ | ᠬᠤᠷᠤᠳ- ᠡᠭᠡᠳᠡᠭᠰᠡᠨ ᠰᠦ ᠶᠢ ᠪᠤᠴᠠᠯᠭᠠᠵᠤ ᠰᠢᠷᠠᠰᠤ ᠶᠢ ᠨᠢ ᠢᠯᠭᠠᠷᠠᠭᠤᠯᠤᠨ ᠰᠢᠪᠬᠠᠵᠤ ᠠᠪᠤᠭᠠᠳ | ᠡᠭᠡᠵᠡᠭᠡᠢ ᠶᠢ ᠨᠢ ᠬᠠᠳᠠᠭᠠᠬᠰᠠᠠ ᠴᠠᠭᠠᠨ ᠢᠳᠠᠭᠡᠠ᠃ | ᠡᠭᠡᠵᠡᠭᠡᠢ - ᠡᠭᠡᠳᠡᠭᠰᠡᠨ ᠰᠦ ᠶᠢ ᠪᠤᠴᠠᠯᠭᠠᠭᠠᠳ ᠰᠢᠷᠠᠰᠤ ᠶᠢ ᠨᠢ ᠰᠢᠷᠭᠢᠭᠡᠵᠦ ᠡᠭᠡᠳᠡᠮᠡᠭ ᠢ ᠨᠢ | ᠬᠠᠳᠠᠭᠠᠵᠤ ᠬᠢᠭᠰᠡᠨ ᠴᠠᠭᠠᠨ ᠢᠳᠠᠭᠡᠠ᠃ | ᠰᠢᠷ᠎ᠠ ᠲᠣᠰᠣ - ᠰᠦ ᠰᠠᠭᠠᠯᠢ ᠠᠴᠠ ᠪᠣᠯᠪᠠᠰᠤᠷᠠᠭᠤᠯᠤᠨ ᠠᠪᠬᠤ ᠲᠣᠰᠣ᠃ | ᠴᠥᠴᠥᠭᠡᠢ - ᠡᠷᠴᠢᠭᠡᠭᠰᠡᠨ ᠵᠥᠭᠡᠬᠡᠢ ᠶᠢ ᠰᠢᠷᠭᠠᠭᠠᠵᠤ ᠲᠣᠰᠣ ᠶᠢ ᠨᠢ ᠢᠯᠭᠠᠷᠠᠭᠤᠯᠤᠨ ᠠᠪᠤᠭᠠᠳ | ᠦᠯᠡᠳᠡᠭᠰᠡᠨ ᠰᠢᠭᠠᠷᠤ᠃ | ᠪᠢᠰᠢᠯᠠᠭ - ᠰᠦ ᠳᠤ ᠢᠰᠬᠦᠯᠡᠩ ᠬᠥᠷᠥᠩᠭᠡ ᠬᠢᠵᠦ ᠡᠭᠡᠳᠡᠭᠦᠯᠦᠨ ᠪᠤᠴᠠᠯᠭᠠᠭᠠᠳ ᠡᠭᠡᠳᠡᠮ ᠢ | ᠱᠦᠭᠦᠨ ᠠᠪᠴᠤ ᠪᠥᠰ ᠢᠶᠠᠷ ᠪᠠᠭᠯᠠᠨ ᠳᠠᠷᠤᠵᠤ ᠬᠢᠭᠰᠡᠨ ᠴᠠᠭᠠᠨ ᠢᠳᠡᠭᠡ᠃ | ᠴᠡᠭᠡ - ᠭᠡᠭᠦᠦ ᠶᠢᠨ ᠰᠦᠨ ᠳᠤ ᠡᠬᠡ ᠬᠥᠷᠥᠩᠭᠡ ᠬᠤᠯᠢᠵᠤ ᠪᠦᠯᠢᠬᠦ ᠢᠰᠬᠡᠬᠦ ᠵᠡᠷᠭᠡ ᠪᠠᠷ | ᠠᠶᠢᠷᠠᠭᠰᠢᠭᠤᠯᠤᠭᠰᠠᠨ ᠤᠮᠳᠠ᠃ | ᠬᠥᠭᠡᠷᠦᠭᠦᠯᠦᠭᠰᠡᠨ ᠥᠷᠥᠮ᠎ᠡ - ᠬᠥᠭᠡᠷᠦᠭᠦᠯᠦᠭᠡᠳ ᠭᠦᠷᠣᠭ᠍ᠰᠠᠠ ᠰᠦ ᠶᠢᠨ ᠳᠡᠭᠡᠭᠦᠷ ᠴᠠᠷᠴᠠᠭᠰᠠᠨ | ᠳᠠᠷᠠᠭᠠᠷ ᠥᠷᠥᠮ᠎ᠡ᠃ | ᠴᠠᠭᠠᠨ ᠲᠣᠰᠣ - ᠡᠷᠴᠢᠭᠡᠭᠰᠡᠨ ᠪᠤᠯᠪᠠᠴᠤ ᠰᠢᠷᠭᠠᠭᠠᠭᠰᠠᠨ ᠦᠭᠡᠢ ᠪᠠᠶᠢᠭ᠎ᠠ ᠵᠥᠭᠡᠬᠡᠢ ᠶᠢᠨ ᠳᠣᠰᠤ; | ᠬᠥᠭᠡᠷᠦᠭᠦᠯᠦᠭᠰᠡᠨ ᠰᠦ ᠶᠢᠨ ᠥᠷᠥᠮ᠎ᠡ ᠠᠴᠠ ᠰᠢᠷ᠎ᠠ ᠲᠣᠰᠣ ᠶᠢ ᠬᠠᠶᠢᠯᠤᠭᠤᠯᠵᠤ ᠠᠪᠤᠭᠠᠳ ᠦᠯᠡᠳᠡᠭᠰᠡᠨ ᠵᠦᠢᠯ ᠳᠤ | ᠡᠭᠡᠵᠡᠭᠡᠢ ᠵᠡᠷᠭᠡ ᠶᠢᠨ ᠬᠤᠯᠢᠭᠠ ᠬᠢᠭᠰᠡᠨ ᠨᠢᠭᠡ ᠵᠦᠢᠯ ᠤᠨ ᠢᠳᠡᠭᠡ᠃ | ᠴᠥᠷᠮ᠎ᠡ - ᠲᠤᠰᠬᠠᠢ ᠰᠠᠪᠠᠠ ᠳᠤ ᠬᠤᠷᠢᠶᠠᠵᠤ ᠭᠠᠰᠢᠯᠭᠠᠭᠰᠠᠨ ᠪᠤᠭ ᠮᠠᠯ ᠤᠨ ᠰᠦ᠃ | ᠴᠣᠷ - ᠠᠭᠠᠷᠴᠠ ᠶᠢ ᠥᠷᠥᠮ᠎ᠡ ᠲᠠᠢ ᠪᠠᠭᠰᠤᠷᠴᠤ ᠬᠢᠭᠰᠡᠨ ᠠᠭᠠᠷᠣᠣᠯ; ᠪᠤᠭ ᠮᠠᠯ ᠤᠨ ᠲᠦᠭᠦᠬᠡᠢ | ᠰᠦ ᠪᠠᠷ ᠬᠢᠭᠰᠡᠨ ᠠᠭᠠᠷᠤᠤᠯ᠃ | ᠰᠢᠩᠭᠡ - ᠡᠭᠡᠳᠡᠭᠰᠡᠨ ᠰᠦ ᠶᠢᠨ ᠳᠡᠭᠡᠷᠡᠬᠢ ᠵᠥᠭᠡᠬᠡᠢ ᠶᠢ ᠬᠠᠮᠤᠵᠤ ᠠᠪᠤᠭᠰᠠᠨ ᠤ ᠳᠠᠷᠠᠭᠠᠬᠢ | ᠡᠭᠡᠳᠡᠮ ᠲᠠᠢ ᠬᠤᠯᠢᠯᠳᠤᠵᠤ ᠦᠯᠡᠳᠡᠭᠰᠡᠨ ᠵᠥᠭᠡᠬᠡᠢ᠃ | ᠡᠭᠡᠷᠡᠮ - ᠲᠣᠭᠤᠭ᠎ᠠ ᠨᠡᠷᠡᠬᠦ ᠳᠤ ᠪᠦᠷᠭᠦᠭᠦᠷ ᠤᠨ ᠳᠣᠲᠣᠷ᠎ᠠ ᠨᠠᠭᠠᠯᠳᠤᠭᠰᠠᠨ ᠠᠭᠠᠷᠴᠠ᠃ | |