ᠠᠳᠤᠭᠤᠨ ᠤ ᠠᠰᠢᠭ ᠰᠢᠮ᠎ᠡ ᠶᠢᠨ ᠭᠠᠷᠤᠯᠳᠠ
ᠨᠡᠶᠢᠲᠡᠯᠡᠭᠰᠡᠨ ᠴᠠᠭ᠄
2024/12/31
ᠤᠷᠢᠶᠠᠩᠬᠠᠨ ᠤ · ᠶᠤᠨᠳᠤᠨ               ᠦᠵᠦᠮᠦᠴᠢᠨ ᠠᠳᠣᠭᠤ ᠨᠢ ᠤᠨᠤᠯᠭ᠎ᠠ᠂ ᠠᠴᠢᠯᠭ᠎ᠠ᠂ ᠬᠦᠯᠯᠡᠭᠡ ᠶᠢᠨ ᠲᠠᠯ᠎ᠠ ᠪᠠᠷ ᠠᠰᠦᠷᠦ ᠶᠡᠭᠡ ᠬᠡᠷᠡᠭᠴᠡᠭᠡ ᠲᠠᠢ ᠪᠠᠶᠢᠳᠠᠭ ᠮᠦᠷᠳᠡᠭᠡᠨ ᠰᠦ᠂ ᠮᠢᠬ᠎ᠠ᠂ ᠬᠢᠯᠭᠠᠰᠦ᠂ ᠠᠷᠠᠰᠦ ᠰᠢᠷᠢ᠂ ᠠᠷᠭᠠᠯ ᠲᠦᠯᠡᠰᠢ ᠶᠢᠨ ᠲᠠᠯ᠎ᠠ  ᠪᠠᠷ ᠴᠦ ᠠᠰᠢᠭ ᠰᠢᠮ᠎ᠡ ᠤᠯᠭᠤᠳᠠᠭ᠃ ᠡᠭᠦᠨ ᠳᠤ ᠭᠡᠭᠦᠤ ᠰᠠᠭᠠᠵᠦ ᠴᠡᠭᠡ ᠭᠠᠷᠭᠠᠬᠤ᠂ ᠬᠦᠷᠦᠩᠭᠡᠯᠡᠬᠦ᠂ ᠠᠨᠠᠭᠠᠬᠤ ᠵᠠᠰᠠᠯ ᠳᠤ ᠤᠷᠤᠭᠤᠯᠬᠤ᠂ ᠠᠷᠠᠰᠤ ᠰᠢᠷᠢ ᠶᠢ ᠡᠳ᠋ᠯᠡᠭᠡᠨ ᠳᠤ ᠤᠷᠤᠭᠤᠯᠬᠤ᠂ ᠢᠳᠡᠰᠢᠨ ᠳᠤ ᠪᠠᠵᠠᠭᠠᠬᠤ ᠵᠡᠷᠭᠡ ᠦᠢᠯᠡ ᠪᠠᠭᠳᠠᠳᠠᠭ᠃ ᠭᠡᠭᠦᠤ ᠰᠠᠭᠠᠵᠦ ᠴᠡᠭᠡ ᠭᠠᠷᠭᠠᠬᠤ — ᠤᠨᠠᠭ᠎ᠠ ᠪᠠᠨ ᠵᠡᠯᠡᠯᠵᠦ᠂ ᠭᠡᠭᠦᠤ ᠰᠠᠭᠠᠨ ᠰᠠᠭᠠᠯᠢ ᠠᠪᠬᠤ ᠶᠢ ᠴᠡᠭᠡ ᠭᠠᠷᠭᠠᠬᠤ ᠪᠤᠶᠤ ᠦᠷᠡᠰ ᠭᠠᠷᠭᠠᠬᠤ ᠭᠡᠳᠡᠭ᠃ ᠰᠠᠭᠠᠯᠢ ᠶᠢᠨ ᠬᠤᠭᠤᠴᠠᠭ᠎ᠠ ᠨᠢ ᠵᠤᠨ ᠤ ᠲᠤᠮᠳᠠ ᠰᠠᠷ᠎ᠠ ᠠᠴᠠ ᠨᠠᠮᠤᠷ ᠤᠨ ᠰᠡᠭᠦᠯ ᠰᠠᠷ᠎ᠠ ᠪᠤᠯᠳᠠᠯ᠎ᠠ ᠴᠡᠭᠡ ᠭᠠᠷᠭᠠᠳᠠᠭ᠃ ᠤᠤᠯ ᠳᠠᠭᠠᠨ ᠮᠤᠩᠭᠤᠯᠴᠤᠳ ᠡᠳᠦᠷ ᠲᠤᠳᠤᠮ ᠤᠨ ᠬᠡᠷᠡᠭᠯᠡᠭᠡᠨ ᠤ ᠤᠮᠳᠠᠭᠠᠨ ᠢᠶᠠᠨ ᠪᠤᠯᠭᠠᠵᠦ ᠪᠠᠶᠢᠵᠠᠢ᠃ ᠴᠡᠭᠡ ᠬᠦᠷᠦᠩᠭᠡᠯᠡᠬᠦ — ᠭᠡᠭᠦᠤ ᠶᠢᠨ ᠰᠦ ᠪᠠᠨ ᠰᠠᠶᠢᠳᠤᠷ ᠢᠰᠭᠡᠭᠡᠳ ᠦᠨᠢᠶᠡᠨ ᠰᠦ᠂ ᠰᠠᠭᠠᠯᠢ ᠶᠢᠨ ᠠᠷᠢᠬᠢ ᠶᠢ ᠭᠡᠭᠦᠤ ᠶᠢᠨ ᠭᠦᠢᠳᠡᠨ ᠰᠦ ᠲᠠᠢ ᠬᠤᠯᠢᠵᠦ ᠴᠡᠪᠡᠷ ᠠᠷᠢᠭᠤᠨ ᠴᠢᠯᠠᠭᠤᠨ ᠭᠠᠩ ᠳᠤ ᠬᠢᠵᠦ᠂ ᠰᠠᠶᠢᠳᠦᠷ ᠪᠦᠯᠢᠵᠦ ᠨᠠᠶᠢᠷᠠᠭᠤᠯᠤᠭᠠᠳ ᠪᠠᠷᠤᠭ 3 — 5 ᠡᠳᠦᠷ ᠪᠤᠯᠪᠠᠰᠤᠷᠠᠭᠤᠯᠤᠭᠰᠠᠨ ᠤ ᠰᠡᠭᠦᠯᠡᠷ ᠡᠳᠦᠷ ᠪᠦᠷᠢ ᠶᠢᠨ ᠰᠠᠭᠠᠭᠰᠠᠨ ᠰᠠᠭᠠᠯᠢ ᠪᠠᠨ ᠳᠡᠭᠡᠷ᠎ᠡ ᠨᠢ ᠨᠡᠮᠡᠷᠢᠯᠡᠨ᠎ᠡ᠂ ᠡᠭᠦᠨ ᠢ ᠴᠡᠭᠡ ᠭᠦᠷᠦᠩᠬᠡᠯᠡᠨ᠎ᠡ ᠭᠡᠳᠡᠭ᠃ ᠠᠨᠠᠭᠠᠬᠤ ᠵᠠᠰᠠᠯ ᠳᠤ ᠤᠷᠤᠭᠤᠯᠬᠤ — ᠴᠡᠭᠡ ᠶᠢ ᠮᠤᠩᠭᠤᠯ ᠡᠮᠴᠢᠳ ᠵᠤᠨ ᠨᠠᠮᠤᠷ ᠲᠠᠭᠠᠨ ᠮᠤᠩᠭᠤᠯ ᠡᠮ ᠲᠠᠢ ᠬᠠᠪᠰᠤᠷᠠᠭᠤᠯᠤᠨ ᠡᠪᠡᠳᠴᠢᠨ ᠡᠮᠨᠡᠬᠦ ᠶᠢ ᠬᠡᠯᠡᠨ᠎ᠡ᠃ ᠴᠡᠭᠡ ᠨᠢ ᠠᠭᠤᠰᠬᠢ ᠶᠢ ᠲᠡᠭᠵᠢᠷᠡᠭᠦᠯᠬᠦ᠂ ᠬᠤᠳᠤᠭᠤᠳᠤᠨ ᠤ ᠢᠯᠴᠢ ᠶᠢ ᠨᠡᠮᠡᠭᠳᠡᠭᠦᠯᠬᠦ᠂ ᠲᠡᠯᠢᠭᠦᠤ ᠶᠢ ᠰᠠᠶᠢᠵᠢᠷᠠᠭᠤᠯᠬᠤ᠂ ᠲᠤᠰᠤ ᠡᠰᠡ ᠰᠢᠩᠭᠡᠭᠡᠰᠡᠨ ᠵᠡᠷᠭᠡ ᠮᠠᠰᠢ ᠤᠯᠠᠨ ᠡᠪᠡᠳᠴᠢᠨ ᠳᠤ ᠡᠳᠡᠭᠡᠷᠡᠭᠦᠯᠬᠦ ᠦᠢᠯᠡᠳᠦᠯ ᠦᠵᠡᠭᠦᠯᠳᠡᠭ᠃ ᠠᠷᠠᠰᠤ ᠰᠢᠷᠢ ᠶᠢ ᠡᠳ᠋ᠯᠡᠭᠡᠨ ᠳᠤ ᠤᠷᠤᠭᠤᠯᠬᠤ — ᠮᠤᠷᠢᠨ ᠤ ᠠᠷᠠᠰᠤ ᠶᠢ ᠦᠰᠦ ᠶᠢ ᠨᠢ ᠠᠪᠴᠤ ᠢᠳᠡᠭᠡᠯᠡᠨ ᠡᠯᠳᠡᠭᠰᠡᠨ ᠢᠶᠠᠨ ᠬᠡᠷᠡᠭᠯᠡᠭᠡᠨ ᠤ ᠠᠰᠢᠭᠯᠠᠯᠳᠠ ᠳᠤ ᠤᠷᠤᠭᠤᠯᠬᠤ ᠶᠢ ᠬᠡᠯᠡᠨ᠎ᠡ᠃ ᠴᠤᠯᠭᠤᠢ ᠰᠤᠷ ᠢᠶᠠᠷ ᠡᠳ᠋ᠯᠡᠬᠦ ᠨᠢ ᠤᠯᠠᠨ᠂ ᠲᠡᠭᠡᠰᠦ ᠲᠠᠳᠠᠯᠭ᠎ᠠ ᠬᠢᠬᠦ᠂ ᠦᠳᠡᠭᠡᠷᠢ᠂ ᠤᠯᠤᠩ᠂ ᠲᠡᠩᠨᠡᠭᠡ᠂ ᠢᠰᠡᠭᠡᠢ ᠶᠢᠨ ᠰᠢᠷᠢ ᠵᠡᠷᠭᠡ ᠶᠢ ᠬᠢᠳᠡᠭ᠂ ᠰᠢᠷᠢ ᠶᠢ ᠨᠢ ᠴᠢᠨᠠᠵᠦ ᠴᠡᠪᠠᠤ ᠬᠢᠵᠦ ᠪᠤᠯᠤᠨ᠎ᠠ᠂ ᠢᠳᠡᠭᠡᠯᠡᠭᠰᠡᠨ ᠢᠶᠠᠷ ᠨᠢ ᠮᠠᠯᠠᠭᠠᠢ ᠲᠤᠷᠤᠭᠤ ᠬᠢᠬᠦ᠂ ᠲᠡᠪᠢᠰᠭᠡᠷ ᠪᠤᠯᠭᠠᠬᠤ᠂ ᠲᠤᠯᠤᠮ ᠱᠤᠤᠮᠠᠰ ᠬᠢᠬᠦ᠂ ᠡᠮᠡᠭᠡᠯ ᠤᠨ ᠭᠠᠨᠵᠤᠭ᠎ᠠ ᠬᠢᠵᠦ ᠪᠦᠷ ᠪᠤᠯᠤᠨ᠎ᠠ᠃ ᠢᠳᠡᠰᠢᠨ ᠳᠤ ᠪᠠᠵᠠᠭᠠᠬᠤ — ᠮᠤᠷᠢ ᠭᠡᠭᠦᠤ ᠶᠢ ᠡᠪᠦᠯ ᠤᠨ ᠢᠳᠡᠰᠢᠨ ᠳᠤ ᠪᠠᠵᠠᠭᠠᠵᠦ ᠲᠠᠯᠪᠢᠳᠠᠭ᠂ ᠮᠤᠷᠢᠨ ᠮᠢᠬ᠎ᠠ ᠨᠢ ᠬᠠᠯᠠᠭᠤᠨ ᠴᠢᠨᠠᠷ ᠲᠠᠢ ᠪᠤᠯᠬᠤᠷ ᠶᠡᠭᠡ ᠦᠯᠴᠢᠷ ᠪᠠᠶᠢᠵᠦ᠂ ᠡᠪᠦᠯ ᠤᠨ ᠭᠦᠢᠳᠡᠨ ᠳᠤ ᠴᠠᠷᠴᠠᠬᠤ ᠠᠴᠠ ᠪᠢᠰᠢ ᠭᠦᠯᠳᠡᠳᠡᠭ ᠦᠭᠡᠢ ᠶᠤᠮ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号