ᠡᠮᠡᠭᠡᠯ ᠪᠠ ᠡᠮᠡᠭᠡᠯ ᠤᠨ ᠡᠳ᠋ᠯᠡᠯ
ᠨᠡᠶᠢᠲᠡᠯᠡᠭᠰᠡᠨ ᠴᠠᠭ᠄
2024/12/31
ᠤᠷᠢᠶᠠᠩᠬᠠᠨ ᠤ · ᠶᠤᠨᠳᠤᠨ       — ᠮᠤᠷᠢᠨ ᠳᠤ ᠲᠤᠬᠤᠵᠦ᠂ ᠤᠨᠤᠵᠦ ᠪᠠᠭᠤᠬᠤ ᠳᠤ ᠬᠡᠷᠡᠭᠯᠡᠳᠡᠭ ᠠᠴᠠ ᠮᠤᠳᠣᠨ ᠬᠢᠴᠡ ᠪᠦᠬᠦᠢ ᠬᠡᠷᠡᠭᠯᠡᠬᠦᠷ ᠪᠤᠯᠤᠨ᠎ᠠ᠃ ᠡᠮᠡᠭᠡᠯ ᠤᠨ ᠮᠤᠳᠤ ᠨᠢ ᠪᠦᠷᠬᠦᠭᠡ᠂ ᠬᠠᠪᠳᠠᠰᠣ᠂ ᠬᠠᠪᠳᠠᠰᠣᠨ ᠭᠤᠤᠯ ᠵᠡᠷᠭᠡ ᠪᠠᠷ ᠭᠤᠤᠯ ᠪᠦᠳᠦᠴᠠ ᠪᠠᠨ ᠪᠤᠯᠭᠠᠳᠠᠭ ᠪᠦᠭᠡᠳ ᠲᠡᠭᠦᠨ ᠤ ᠪᠦᠷᠢᠨ ᠵᠠᠰᠡᠯ ᠳᠤ ᠭᠤᠤᠯᠳᠠᠭᠤ ᠲᠠᠪᠰᠠ᠂ ᠬᠦᠪᠡᠭᠡ᠂ ᠲᠡᠪᠰᠡᠨ ᠲᠠᠷᠤᠯᠭ᠎ᠠ᠂ ᠬᠦᠯᠢᠮ ᠤᠨ ᠲᠠᠷᠤᠯᠭ᠎ᠠ᠂ ᠲᠦᠷᠦᠭᠡ᠂ ᠲᠦᠷᠦᠭᠡᠨ ᠰᠣᠷ ᠪᠠ ᠭᠤᠷᠭᠢ᠂ ᠭᠠᠨᠵᠤᠭ᠎ᠠ᠂ ᠭᠠᠨᠵᠤᠭᠠᠨ ᠤ ᠰᠦᠪᠡᠭᠴᠢ ᠪᠠ ᠪᠦᠭᠡᠵᠢ᠂ ᠤᠭᠴᠤᠷᠭ᠎ᠠ᠂ ᠵᠢᠷᠢᠮ ᠤᠯᠤᠩ᠂ ᠤᠯᠤᠩ ᠤᠨ ᠭᠤᠷᠭᠢ᠂ ᠤᠯᠤᠩ ᠤᠨ ᠰᠠᠭᠠᠯᠳᠠ  ᠠᠴᠠ ᠭᠠᠳᠠᠨ᠎ᠠ ᠪᠤᠯᠢᠭᠠᠷᠢ ᠲᠤᠬᠤᠮ᠂ ᠢᠰᠡᠭᠡᠢ ᠲᠤᠬᠤᠮ᠂ ᠦᠡᠭᠭᠡ ᠲᠤᠬᠤᠮ ᠵᠡᠷᠭᠡ ᠪᠠᠷ ᠪᠦᠷᠢᠨ ᠲᠦᠭᠦᠭᠡᠷᠦᠮᠵᠢ  ᠲᠠᠢ ᠡᠮᠡᠭᠡᠯ ᠪᠤᠯᠤᠨ ᠪᠦᠷᠢᠯᠳᠦᠳᠡᠭ᠃ ᠡᠮᠡᠭᠡᠯ ᠢᠶᠠᠨ ᠮᠦᠡᠭᠭᠦᠨ᠂ ᠭᠠᠤᠯᠢ᠂ ᠪᠠᠶᠢᠳᠠᠩ ᠢᠶᠠᠷ ᠵᠠᠰᠠᠯ ᠴᠢᠮᠡᠭᠯᠡᠯ ᠪᠤᠯᠭᠠᠵᠦ ᠬᠡᠷᠡᠭᠯᠡᠳᠡᠭ ᠪᠦᠭᠡᠳ ᠤᠯᠠᠨ ᠶᠠᠩᠵᠦ ᠬᠡᠯᠪᠡᠷᠢ ᠪᠠᠷ ᠬᠢᠵᠦ ᠡᠳ᠋ᠯᠡᠳᠡᠭ᠃ ᠭᠡᠪᠡᠴᠤ ᠦᠵᠦᠮᠦᠴᠢᠨ ᠳᠤ ᠤᠯᠠᠩᠬᠢ ᠳᠠᠭᠠᠨ ᠠᠭᠤᠵᠢᠮ ᠰᠠᠭᠤᠳᠠᠯ ᠲᠠᠢ ᠡᠮᠡᠭᠡᠯ ᠭᠤᠤᠯᠳᠠᠢ ᠡᠳ᠋ᠯᠡᠨ ᠬᠡᠷᠡᠭᠯᠡᠳᠡᠭ ᠶᠤᠮ᠃    
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号