ᠪᠤᠶᠠᠨᠪᠠᠲᠤ | | 1. | ᠠᠰᠤᠷᠢ ᠲᠡᠭᠷᠢ ᠳᠤ | ᠠᠷᠪᠠᠨ ᠨᠠᠷᠠ ᠠᠰᠠᠪᠠ | ᠠᠮᠠᠨ ᠠᠴᠠ ᠤᠨᠠᠭᠰᠠᠨ ᠦᠭᠡᠰ | ᠠᠭᠱᠠᠨ᠎ᠠ ᠬᠠᠶᠢᠯᠤᠨ ᠤᠷᠤᠰᠪᠠ᠃ | ᠲᠠᠷᠢᠬᠢᠨ ᠳᠤ ᠪᠤᠴᠠᠯᠤᠭᠰᠠᠨ ᠵᠠᠯᠪᠠᠷᠢᠯ | ᠣᠪᠣᠭᠠᠨ ᠳᠤ ᠬᠦᠷᠴᠦ ᠵᠠᠪᠳᠤᠯ ᠦᠭᠡᠢ ᠠᠭᠤᠷᠰᠢᠪᠠ᠃ | ᠢᠯᠡᠭᠦᠳᠡᠭᠰᠡᠨ ᠨᠠᠷᠠ ᠶᠢ ᠬᠠᠷᠪᠤᠵᠤ ᠤᠨᠠᠭᠠᠬᠤ | ᠡᠷᠡᠬᠡᠢ ᠮᠡᠷᠭᠡᠨ ᠪᠣᠯ ᠭᠠᠭᠴᠠᠬᠠᠨ ᠪᠣᠷᠣᠭᠠᠨ ᠯᠠ ᠁ | | 2. | ᠡᠭᠦᠯᠡᠰ ᠡᠪᠬᠡᠷᠡᠭᠡᠳ ᠢᠷᠡᠨ᠎ᠡ | ᠡᠮᠡᠭᠡᠨ ᠰᠠᠯᠬᠢ ᠡᠯᠳᠡᠭᠡᠳ ᠠᠷᠢᠯᠤᠨ᠎ᠠ | ᠠᠶᠤᠩᠭ᠎ᠠ ᠲᠠᠴᠢᠭᠢᠨᠠᠭᠠᠳ ᠢᠷᠡᠨ᠎ᠡ | ᠠᠷᠠᠴᠢᠭ᠎ᠠ ᠦᠭᠡᠢ ᠴᠥᠬᠦᠷᠡᠯ ᠨᠤᠯᠮᠤᠴᠢᠬᠠᠭᠠᠳ ᠣᠳᠣᠨ᠎ᠠ | ᠬᠤᠷ᠎ᠠ ᠶᠢ ᠦᠵᠡᠨ ᠶᠠᠳᠠᠬᠤ ᠨᠢ | ᠬᠤᠷᠮᠤᠰᠲᠠ ᠶᠢᠨ ᠰᠠᠨᠠᠭ᠎ᠠ ᠭᠡᠵᠦ ᠦᠦ⁈ | | 3. | ᠭᠤᠪᠢ ᠰᠢᠲᠠᠪᠠ᠃ | ᠭᠤᠣᠯ ᠰᠢᠲᠠᠪᠠ᠃ | ᠦᠨᠳᠦᠰᠦ ᠰᠢᠲᠠᠪᠠ᠃ | ᠥᠭᠢᠷᠡᠭᠰᠡᠨ ᠭᠠᠵᠠᠷ ᠠᠴᠠ ᠬᠢᠷᠪᠤᠰᠤ ᠬᠠᠩᠬᠤᠯᠪᠠ᠃ | ᠤᠰᠤᠨ ᠳᠠᠯᠠᠢ ᠠᠴᠠ ᠴᠢᠨᠳᠠᠮᠤᠨᠢ ᠬᠠᠶᠢᠷᠠᠯᠠᠭᠴᠢ | ᠯᠤᠤᠰ ᠤᠨ ᠳᠠᠭᠢᠨᠢ ᠪᠣᠯ ᠭᠠᠭᠴᠠᠬᠠᠨ ᠪᠣᠷᠣᠭᠠᠨ ᠯᠠ ᠁ | | 4. | ᠳᠤᠲᠠᠭᠤ ᠶᠢ ᠮᠢᠨᠢ ᠳᠦᠭᠦᠷᠭᠡᠵᠦ ᠡᠭᠦᠯᠡᠰ ᠲᠣᠭᠲᠠᠵᠤ ᠬᠠᠶᠢᠷᠠᠯᠠ︕ | ᠳᠤᠷᠠᠰᠤᠮᠵᠢ ᠶᠢ ᠮᠢᠨᠢ ᠲᠣᠭᠠᠯᠠᠵᠤ ᠪᠣᠷᠤᠭ᠎ᠠ ᠳᠤᠰᠤᠯᠠᠵᠤ ᠬᠠᠶᠢᠷᠠᠯᠠ︕ | ᠣᠪᠣᠭᠠᠨ ᠳᠤ ᠴᠢᠯᠠᠭᠤ ᠨᠡᠮᠡᠵᠦ ᠮᠥᠷᠭᠦᠶ᠎ᠡ︕ | ᠣᠳᠣᠲᠤ ᠣᠷᠴᠢᠯᠠᠩ ᠳᠤ ᠡᠪᠦᠳᠦᠭ ᠰᠥᠬᠦᠷᠡᠵᠦ ᠭᠤᠶᠤᠶ᠎ᠠ︕ | ᠭᠠᠭᠴᠠᠬᠠᠨ ᠶᠠᠭᠤᠮ᠎ᠠ ᠯᠠ ᠵᠠᠯᠪᠠᠷᠢᠶ᠎ᠠ | ᠪᠣᠷᠣᠭᠠᠨ ᠬᠠᠶᠢᠷᠠᠯᠠ︕ | | ᠤᠰᠤᠨ ᠯᠤᠤ ᠵᠢᠯ ᠤᠨ ᠵᠤᠨ ᠤ ᠰᠡᠭᠦᠯ ᠰᠠᠷ᠎ᠠ ᠶᠢᠨ ᠴᠠᠭᠠᠨ ᠯᠤᠤ ᠡᠳᠦᠷ ᠪᠤᠶᠤ2024 - 07 | -15 - ᠳᠠᠸᠠ ᠭᠠᠷᠠᠭ᠃ ᠪᠤᠶᠠᠨ ᠤ ᠬᠤᠩᠬᠤᠷ᠃ | |