| ᠡ᠊ · ᠪᠣᠯᠣᠳ | | | ᠬᠤᠢ ᠠᠴᠠ ᠰᠤᠭᠤᠷᠠᠭᠰᠠᠨ ᠨᠠᠷᠠ | ᠾᠦᠩᠨᠦ ᠶᠢᠨ ᠬᠠᠷ᠎ᠠ ᠠᠵᠢᠷᠭᠠᠨ ᠤ | ᠬᠤᠷ ᠳᠠᠯᠤᠨ ᠠᠴᠠ ᠬᠠᠯᠲᠤᠴᠢᠬᠤᠢ | ᠬᠠᠯᠭᠢᠮ᠎ᠠ ᠵᠢᠷᠤᠭ᠎ᠠ ᠣᠰᠣᠨ ᠤ ᠮᠠᠨᠳᠠᠯ ᠳᠡᠭᠡᠷ᠎ᠡ | ᠠᠯᠲᠠᠨ ᠰᠤᠭᠤ ᠲᠣᠭᠯᠠᠬᠤᠢ | ᠣᠰᠣᠨ ᠳᠡᠯ ᠲᠠᠢ ᠬᠡᠶᠢᠮᠣᠷᠢ | ᠣᠰᠣᠨ ᠤ ᠦᠨᠦᠷ ᠢᠶᠠᠷ ᠭᠠᠵᠠᠷᠯᠠᠬᠤᠢ | ᠲᠠᠩᠬᠢᠯᠬᠠᠨ ᠰᠤᠭᠤ | ᠲᠠᠩᠭᠢᠰ ᠤᠨ ᠮᠠᠨᠳᠠᠯ ᠠᠴᠠ ᠰᠢᠭᠦᠷᠡᠭᠰᠡᠨ | ᠳᠤᠰᠤᠯ ᠤᠰᠤ ᠪᠠᠨ | ᠰᠦᠮᠪᠦᠷ ᠤᠨ ᠣᠷᠣᠢ ᠳᠤ ᠠᠯᠳᠠᠬᠤᠢ ᠳᠤ | ᠰᠦᠨ ᠭᠡᠷᠡᠯ ᠠᠰᠬᠠᠷᠠᠬᠤᠢ | ᠭᠤᠷᠪᠠ ᠪᠠᠷ ᠡᠷᠭᠢᠨ | ᠭᠤᠪᠢᠯᠲᠤ ᠲᠤᠩ ᠤᠨ ᠳᠠᠭᠤᠨ | ᠭᠤᠪᠢ ᠲᠠᠯ᠎ᠠ ᠶᠢ ᠠᠷᠭᠠᠳᠠᠬᠤᠢ | ᠰᠠᠭᠠᠮᠠᠰᠢᠬᠤ ᠣᠪᠣᠭᠠᠨ ᠤ ᠰᠤᠷᠤᠬᠰᠢᠨ | ᠰᠠᠯᠬᠢᠨ ᠤ ᠲᠤᠷᠤᠭᠤᠨ ᠳᠤ ᠪᠦᠳᠦᠴᠢᠬᠦᠢ | ᠤᠷᠠᠨ ᠭᠤᠸ᠎ᠠ ᠮᠠᠷᠠᠯ | ᠤᠰᠤᠨ ᠤ ᠥᠩᠭᠡ ᠪᠠᠷ ᠣᠷᠣᠮᠲᠤᠬᠤᠢ | ᠳᠠᠭᠤᠳᠠᠭᠠᠴᠢ ᠡᠩᠬᠡᠬᠠᠳᠠ | ᠪᠣᠷᠣᠭᠠᠨ ᠤ ᠲᠤᠰᠤᠯ ᠢ | ᠰᠢᠷᠬᠡᠭᠴᠢᠯᠡᠨ ᠪᠦᠷᠢᠳᠬᠡᠭᠡᠳ ᠁ | | ᠪᠣᠷᠣᠭᠠᠨ ᠤ ᠲᠤᠰᠤᠯ ᠢ ᠰᠢᠷᠬᠡᠭᠴᠢᠯᠡᠨ ᠪᠦᠷᠢᠳᠬᠡᠭᠡᠳ | ᠲᠠᠯᠠᠢ ᠲᠠᠩᠭᠢᠰ ᠲᠤ ᠦᠵᠡᠭᠦᠯᠦᠯ᠎ᠡ | ᠲᠠᠭ ᠬᠠᠷᠠᠭᠳᠠᠬᠤ ᠦᠭᠡᠢ ᠶᠤᠮ ᠠ᠋ ᠭᠡᠵᠦ ᠬᠠᠷᠢᠭᠤᠯᠤᠯ᠎ᠠ | | ᠪᠣᠷᠣᠭᠠᠨ ᠤ ᠲᠤᠰᠤᠯ ᠢ ᠰᠢᠷᠬᠡᠭᠴᠢᠯᠡᠨ ᠪᠦᠷᠢᠳᠬᠡᠭᠡᠳ | ᠲᠠᠯ᠎ᠠ ᠶᠢᠨ ᠡᠪᠡᠰᠦᠨ ᠳᠤ ᠦᠵᠡᠭᠦᠯᠦᠯ᠎ᠡ | ᠲᠠᠭ ᠲᠠᠨᠢᠭᠳᠠᠬᠤ ᠪᠠᠨ ᠪᠣᠯᠢᠵᠠᠢ ᠭᠡᠵᠦ ᠬᠡᠯᠡᠪᠡ | | ᠪᠣᠷᠣᠭᠠᠨ ᠤ ᠲᠤᠰᠤᠯ ᠢ ᠰᠢᠷᠬᠡᠭᠴᠢᠯᠡᠨ ᠪᠦᠷᠢᠳᠬᠡᠭᠡᠳ | ᠪᠤᠷᠬᠠᠨ ᠳᠤ ᠦᠵᠡᠭᠦᠯᠦᠯ᠎ᠡ | ᠪᠠᠷᠠᠭᠤᠨ ᠨᠢᠳᠦᠨ ᠠᠴᠠ ᠪᠠᠨ ᠲᠤᠭᠤᠯᠠᠩ ᠨᠢᠯᠪᠤᠰᠤ ᠤᠨᠠᠭᠠᠴᠢᠬᠠᠭᠠᠳ | ᠡᠨᠡ ᠮᠥᠨ ᠤᠤ ᠭᠡᠵᠦ ᠠᠰᠠᠭᠤᠯ᠎ᠠ | | 2024 ᠣᠨ ᠤ 7 ᠰᠠᠷ᠎ᠠ ᠶᠢᠨ 4 ᠤ ᠦᠳᠡᠰᠢ | ᠵᠣᠬᠢᠶᠠᠨ ᠪᠦᠲᠦᠭᠡᠬᠦ ᠥᠷᠥᠭᠡᠨ ᠳᠡᠭᠡᠨ | |