ᠲᠤᠯᠮᠠᠵᠠᠪ | | ᠪᠣᠷᠤᠭ᠎ᠠ ᠮᠢᠨᠢ | | ᠪᠤᠷᠬᠠᠨ ᠤ ᠮᠡᠯᠮᠡᠢ ᠰᠢᠷᠭᠢᠵᠦ ᠭᠤᠨᠢᠭ ᠳᠡᠷᠡᠯᠡᠬᠦ ᠁ | ᠪᠤᠭᠤᠷᠤᠯ ᠬᠠᠶᠢᠷᠬᠠᠨ ᠤ ᠲᠡᠷᠢᠭᠦᠨ ᠨᠢᠴᠦᠭᠦᠷᠡᠵᠦ ᠮᠣᠳᠣᠳ ᠤᠨᠠᠬᠤ ᠁ | ᠢᠪᠡᠭᠡᠯ ᠭᠤᠷᠢᠯᠠᠭᠰᠠᠨ ᠴᠠᠴᠤᠯ ᠭᠠᠵᠠᠷ ᠲᠤ ᠪᠠᠭᠤᠯ ᠦᠭᠡᠢ ᠬᠠᠲᠠᠬᠤ ᠁ | ᠢᠲᠡᠭᠡᠯ ᠬᠤᠭᠤᠯᠤᠭᠰᠠᠨ ᠰᠡᠭᠦᠷᠡᠰᠦᠨ ᠳᠤ ᠴᠢᠭᠳᠠᠭ᠎ᠠ ᠲᠠᠰᠤᠷᠠᠬᠤ ᠁ | ᠲᠥᠷᠤ ᠶᠢᠨ ᠭᠤᠷᠪᠠᠨ ᠳᠠᠭᠤᠤ ᠡᠬᠢᠯᠡᠬᠦ ᠳᠤ ᠰᠢᠭᠤᠷᠭ᠎ᠠ ᠭᠠᠯᠵᠠᠭᠤᠷᠠᠬᠤ ᠁ | ᠲᠥᠷᠬᠦᠮ ᠤᠨ ᠭᠡᠶᠢᠴᠢᠨ ᠬᠤᠷᠭᠤᠳᠠᠵᠤ ᠠᠭᠰᠤᠮ ᠲᠠᠯᠪᠢᠬᠤ ᠁ | ᠴᠡᠯᠮᠡᠭᠦᠨ ᠬᠥᠬᠡ ᠲᠡᠭᠷᠢ ᠳᠤ ᠭᠡᠨᠡᠳᠲᠡ ᠠᠶᠤᠩᠭ᠎ᠠ ᠳᠤᠤᠭᠠᠷᠬᠤ ᠁ | ᠴᠡᠭᠡᠨ ᠠᠭᠤᠯᠠ ᠶᠢᠨ ᠬᠤᠷᠮᠤᠶᠢᠨ ᠳᠤ ᠬᠠᠭᠤᠷᠠᠢ ᠦᠶᠡᠷ ᠴᠠᠮᠨᠠᠬᠤ ᠁ | ᠰᠦᠰᠦᠭ ᠤᠨ ᠥᠨᠳᠥᠷ ᠣᠪᠣᠭ᠎ᠠ ᠳᠠᠭᠠᠳᠬᠠᠯ ᠳᠤ ᠳᠠᠷᠤᠭᠳᠠᠨ ᠨᠤᠷᠠᠬᠤ ᠁ | ᠰᠦᠵᠢ ᠰᠡᠳᠬᠢᠯ ᠤᠨ ᠢᠷᠦᠭᠡᠯ ᠳᠡᠭᠡᠷ᠎ᠡ ᠡᠬᠡᠷ ᠲᠠᠲᠠᠨ ᠤᠭᠢᠯᠠᠬᠤ ᠁ | ᠵᠡᠷᠭᠡᠯᠭᠡᠨ ᠳᠤ ᠲᠥᠭᠡᠷᠢᠭᠰᠡᠨ ᠵᠡᠭᠡᠷ᠎ᠡ ᠴᠠᠩᠭᠠᠵᠤ ᠦᠬᠦᠬᠦ ᠁ | ᠵᠠᠪᠡᠭᠡᠢ ᠰᠠᠭᠠᠷᠠᠯ ᠬᠤᠷᠸ᠎ᠠ ᠳᠤ ᠡᠯᠵᠢᠭᠡ ᠠᠬᠠᠯᠠᠬᠤ ᠁ | ᠲᠣᠬᠤᠢ ᠶᠢᠨ ᠴᠢᠨᠡᠭᠡ ᠬᠤᠢ ᠪᠤᠰᠬᠤ ᠳᠤ ᠰᠠᠶᠢᠨ ᠬᠥᠮᠥᠨ ᠪᠦᠳᠦᠷᠢᠬᠦ ᠁ | ᠲᠣᠭᠤᠷᠴᠤᠭ ᠤᠨ ᠴᠢᠨᠡᠭᠡ ᠭᠡᠷ ᠲᠤ ᠳᠡᠯᠡᠬᠡᠢ ᠭᠠᠰᠠᠯᠬᠤ ᠁ | | ᠵᠢᠷᠦᠬᠡᠨ ᠤ ᠶᠡᠭᠡ ᠬᠡᠭᠡᠷ᠎ᠡ ᠲᠠᠯ᠎ᠠ ᠳᠤ ᠪᠣᠷᠤᠭ᠎ᠠ ᠢᠷᠡᠨ᠎ᠠ | ᠵᠦᠩ ᠪᠢᠯᠢᠭ ᠤᠨ ᠶᠡᠨᠳᠡᠷ ᠲᠤ ᠬᠡᠶᠢᠮᠣᠷᠢ ᠬᠡᠶᠢᠰᠦᠨ᠎ᠡ | ᠬᠥᠮᠥᠨ ᠤ ᠦᠨᠦᠷ ᠪᠣᠯ ᠶᠢᠷᠲᠢᠨᠴᠦ ᠶᠢᠨ ᠦᠨᠦᠷ | ᠶᠢᠷᠲᠢᠨᠴᠦ ᠶᠢᠨ ᠦᠨᠦᠷ ᠪᠣᠯ ᠪᠣᠷᠣᠭᠠᠨ ᠤ ᠦᠨᠦᠷ ᠶᠤᠮ᠃ | ᠠᠭᠰᠤᠮ ᠮᠣᠷᠢ ᠰᠢᠭ᠋᠂ ᠠᠮᠠᠷᠠᠭ ᠵᠡᠭᠦᠳᠦᠨ ᠰᠢᠭ | ᠠᠰᠬᠠᠷᠠᠭᠰᠠᠨ ᠭᠡᠵᠢᠭᠡ ᠰᠢᠭ᠂ ᠴᠠᠴᠤᠷᠠᠬᠰᠠᠨ ᠳᠡᠯ ᠰᠢᠭ | ᠲᠤᠤᠯᠢ ᠰᠢᠭ᠋᠂ ᠲᠦᠷᠢᠯᠭᠡ ᠰᠢᠭ | ᠬᠠᠶᠢᠷ᠎ᠠ ᠰᠢᠭ᠋᠂ ᠨᠠᠶᠢᠷ ᠰᠢᠭ᠋ | ᠠᠪᠤ ᠰᠢᠭ᠋ ᠬᠠᠳᠠᠨ᠂ ᠡᠵᠢ ᠰᠢᠭ ᠤᠶᠠᠨ | ᠪᠣᠷᠤᠭ᠎ᠠ ᠮᠢᠨᠢ ᠰᠠᠶᠢᠨ ᠪᠠᠶᠢᠨ᠎ᠠ ᠤᠤ᠂ | ᠰᠠᠶᠢᠨ ᠪᠠᠶᠢᠨ᠎ᠠ ᠤᠤ ᠪᠣᠷᠤᠭ᠎ᠠ ᠮᠢᠨᠢ | ᠪᠣᠷᠤᠭ᠎ᠠ᠂ ᠪᠣᠷᠤᠭ᠎ᠠ᠂ ᠪᠣᠷᠤᠭ᠎ᠠ ᠁ | | |