﹇ᠨᠡᠶᠢᠭᠡᠮ ᠠᠮᠢᠳᠤᠷᠠᠯ﹈ ᠨᠣᠮ ᠤᠨ ᠪᠡᠯᠡᠭ ᠲᠠᠢ ᠴᠠᠭᠠᠯᠠᠬᠤ ᠶᠢᠨ ᠤᠴᠢᠷ ᠲᠤ ᠁
ᠨᠡᠶᠢᠲᠡᠯᠡᠭᠰᠡᠨ ᠴᠠᠭ᠄
2024/12/31
                          ●    ᠰᠣᠳᠣᠪᠠᠶᠠᠷ                    ᠤᠷᠤᠰᠬᠠᠯ ᠤᠰᠤ ᠪᠤᠯᠠᠭ ᠠᠴᠠ ᠡᠬᠢ ᠲᠠᠢ          ᠤᠬᠠᠭᠠᠨ ᠪᠢᠯᠢᠭ ᠨᠣᠮ ᠠᠴᠠ ᠡᠬᠢ ᠲᠠᠢ ᠬᠡᠮᠡᠳᠡᠭ᠃                    - ᠪᠢ ᠵᠢᠯ ᠴᠠᠭᠠᠨ ᠰᠠᠷ᠎ᠠ᠂ ᠪᠠᠶᠠᠷ ᠳᠤᠷᠠᠰᠬᠠᠯ ᠤᠨ ᠡᠳᠦᠷ ᠢ ᠪᠤᠤ ᠭᠡᠯᠡ᠂ ᠡᠩ ᠤᠨ ᠴᠠᠭ ᠲᠤ ᠴᠤ ᠬᠥᠮᠥᠰ ᠲᠤ ᠨᠣᠮ ᠤᠨ ᠪᠡᠯᠡᠭ ᠬᠦᠷᠭᠡᠳᠡᠭ᠃ ᠮᠢᠨᠤ ᠨᠣᠮ ᠤᠨ ᠪᠡᠯᠡᠭ ᠳᠤᠰᠤᠭᠰᠠᠨ ᠬᠥᠮᠥᠨ ᠬᠡᠴᠢᠨᠡᠨ ᠪᠣᠯᠤᠭᠰᠠᠨ ᠢ ᠪᠢ ᠥᠪᠡᠷ ᠢᠶᠠᠨ ᠴᠤ ᠮᠡᠳᠡᠬᠦ ᠦᠭᠡᠢ ᠪᠠᠶᠢᠨ᠎ᠠ᠃ ᠲᠠᠨᠢᠬᠤ ᠲᠠᠨᠢᠬᠤ ᠦᠭᠡᠢ ᠬᠥᠮᠥᠨ ᠳᠤ ᠪᠦᠷ ᠯᠡ ᠬᠦᠷᠭᠡᠭᠰᠡᠭᠡᠷ ᠢᠷᠡᠭᠰᠡᠨ᠃ ᠬᠡᠵᠢᠶ᠎ᠡ ᠨᠣᠮ ᠤᠨ ᠪᠡᠯᠡᠭ ᠪᠠᠷᠢᠬᠤ ᠬᠥᠮᠥᠰ ᠣᠯᠠᠰᠢᠷᠠᠵᠤ ᠨᠡᠶᠢᠭᠡᠮ ᠳᠠᠶᠠᠭᠠᠷ ᠲᠤ ᠨᠣᠮ ᠤᠨ ᠪᠡᠯᠡᠭ ᠪᠠᠷᠢᠬᠤ ᠤᠴᠢᠷ ᠤᠬᠠᠭᠠᠨ ᠮᠡᠳᠡᠷᠡᠭᠳᠡᠵᠦ ᠲᠠᠨᠢᠭᠳᠠᠪᠠᠯ ᠮᠢᠨᠤ ᠪᠠᠷᠢᠭᠰᠠᠨ ᠪᠡᠯᠡᠭ ᠤᠨ ᠬᠠᠷᠢᠭᠤ ᠲᠡᠷᠡ ᠪᠤᠯᠬᠤ ᠶᠤᠮ᠃ ᠪᠢ ᠰᠠᠶ᠋ᠢ ᠵᠣᠷᠢᠯᠭ᠎ᠠ ᠳᠠᠭᠠᠨ ᠬᠦᠷᠴᠦ ᠪᠠᠶᠠᠷ ᠪᠠᠭ᠋ᠠᠳᠤᠯ ᠢᠶᠠᠨ ᠣᠯᠣᠨ᠎ᠠ ᠰᠢᠤ᠃          - ᠡᠮᠦᠨ᠎ᠡ ᠬᠤᠶᠠᠷ ᠡᠳᠦᠷ ᠪᠢ ᠨᠤᠲᠤᠭ ᠤᠨ ᠠᠶᠢᠯ ᠤᠨ ᠴᠠᠢ ᠳᠤ ᠨᠣᠮ ᠤᠨ ᠪᠡᠯᠡᠭ ᠲᠠᠢ ᠶᠠᠪᠤᠭᠠᠳ ᠢᠷᠡᠯ᠎ᠡ᠃ ᠶᠡᠷᠦᠨᠢ ᠴᠠᠭᠠᠨ ᠰᠠᠷ᠎ᠠ ᠳᠥᠬᠦᠵᠦ ᠪᠠᠶᠢᠨ᠎ᠠ᠂ ᠪᠢ ᠪᠠᠰᠠ ᠨᠢᠭᠡ ᠪᠦᠯᠦᠭ ᠨᠣᠮ ᠪᠡᠯᠡᠳᠬᠡᠭᠰᠡᠨ᠂ ᠰᠠᠷ᠎ᠠ ᠰᠢᠨ᠎ᠡ ᠳᠡᠭᠡᠨ ᠨᠣᠮ ᠤᠨ ᠪᠡᠯᠡᠭ ᠲᠠᠢ ᠴᠠᠭᠠᠯᠠᠨ᠎ᠠ ᠳ᠋ᠠ ᠬᠡᠮᠡᠨ ᠨᠠᠷᠠᠨᠭᠡᠷᠡᠯ ᠶᠠᠷᠢᠨ᠎ᠠ᠃ ᠨᠡᠬᠡᠷᠡᠨ ᠨᠣᠮ ᠤᠨ ᠴᠠᠭᠠᠨ ᠪᠤᠶᠠᠨ ᠳᠡᠯᠭᠡᠷᠡᠭᠦᠯᠵᠦ ᠶᠠᠪᠤᠭ᠎ᠠ ᠵᠢᠷ ᠤᠨ ᠨᠢᠭᠡᠨ ᠦᠰᠦᠴᠢᠨ ᠪᠦᠰᠡᠭᠦᠢ ᠦᠰᠦ ᠵᠠᠰᠠᠬᠤ ᠵᠢᠵᠢᠭᠬᠡᠨ ᠥᠷᠥᠭᠡᠨ ᠠᠴᠠ ᠪᠠᠨ ᠥᠷᠥᠭᠡᠯ ᠪᠤᠰᠤᠳ ᠲᠤ ᠨᠣᠮ ᠤᠨ ᠭᠡᠭᠡ ᠰᠠᠴᠤᠵᠤ ᠶᠠᠪᠤᠭ᠎ᠠ ᠪᠤᠶᠠᠨᠲᠤ ᠦᠢᠯᠡᠰ ᠢ ᠡ᠊ᠨᠳᠡ ᠳᠤᠷᠠᠳᠬᠤ ᠳᠤ ᠡᠴᠢᠨ᠎ᠡ ᠬᠤᠯᠠ ᠶᠢᠨ ᠤᠴᠢᠷ ᠤᠬᠠᠭᠠᠨ ᠠᠭᠤᠯᠤᠭᠳᠠᠬᠤ ᠠᠵᠢ᠃          ᠨᠠᠷᠠᠨᠭᠡᠷᠡᠯ ᠪᠠᠶᠠᠨᠬᠤᠲᠠ ᠳᠤ ᠦᠰᠦ ᠵᠠᠰᠠᠬᠤ ᠭᠠᠵᠠᠷ ᠡᠷᠭᠢᠯᠡᠭᠡᠳ ᠬᠤᠷᠢᠨ ᠵᠢᠯ ᠤᠨ ᠨᠢᠭᠤᠷ ᠦᠵᠡᠵᠦ ᠪᠤᠢ᠃ ᠲᠡᠷᠡ 2020 ᠣᠨ ᠠᠴᠠ ᠡᠬᠢᠯᠡᠨ ᠨᠣᠮ ᠤᠨ ᠪᠡᠯᠡᠭ ᠪᠠᠷᠢᠬᠤ ᠦᠢᠯᠡ ᠠᠵᠢᠯᠯᠠᠭ᠎ᠠ ᠪᠠᠨ ᠡᠬᠢᠯᠡᠭᠦᠯᠦᠨ ᠲᠦᠮᠡ ᠭᠠᠷᠤᠢ ᠲᠥᠭᠦᠷᠢᠭ ᠤᠨ ᠮᠢᠩᠭ᠎ᠠ ᠣᠷᠴᠢᠮ ᠨᠣᠮ ᠰᠤᠳᠤᠷ ᠢ ᠪᠡᠯᠡᠭ ᠲᠤ ᠵᠠᠷᠤᠵᠠᠢ᠃ ᠡᠨᠡ ᠨᠢ ᠲᠡᠭᠦᠨ ᠤ ᠨᠣᠮ ᠰᠤᠳᠤᠷ ᠢᠶᠠᠨ ᠳᠡᠭᠡᠳᠦᠯᠡᠬᠦ᠂ ᠨᠣᠮ ᠰᠤᠳᠤᠷ ᠢᠶᠠᠨ ᠤᠩᠰᠢᠬᠤ ᠶᠢ ᠪᠤᠰᠤᠳ ᠲᠤ ᠳᠠᠭᠤᠷᠢᠶᠠᠯ ᠦᠵᠡᠭᠦᠯᠦᠨ ᠳᠠᠶᠢᠴᠢᠯᠠᠭᠰᠠᠨ ᠤᠴᠢᠷ ᠲᠠᠢ ᠦᠢᠯᠡ ᠪᠠᠶᠢᠵᠤ ᠲᠠᠭᠠᠷᠠᠨ᠎ᠠ᠃          ᠵᠢᠯ ᠴᠠᠭᠠᠨ ᠰᠠᠷ᠎ᠠ ᠤᠶᠢᠷᠠᠳᠴᠦ᠂ ᠬᠥᠮᠥᠰ ᠰᠠᠷ᠎ᠠ ᠰᠢᠨ᠎ᠡ ᠶᠢᠨ ᠪᠡᠯᠡᠭ ᠢᠶᠠᠨ ᠪᠡᠯᠡᠳᠴᠦ ᠶᠠᠭᠠᠷᠠᠭ᠎ᠠ ᠪᠠᠶᠢᠯᠭᠦᠢ᠃ ᠠᠬᠠᠮᠠᠳ ᠪᠤᠭᠤᠷᠤᠯ᠂ ᠬᠡᠦᠬᠡᠳ ᠪᠠᠭᠠᠴᠤᠳ ᠲᠠᠭᠠᠨ ᠶᠠᠮᠠᠷ ᠰᠠᠶᠢᠬᠠᠨ ᠤᠳᠬ᠎ᠠ ᠠᠭᠤᠯᠭ᠎ᠠ ᠪᠦᠬᠦᠢ ᠪᠡᠯᠡᠭ ᠲᠠᠢ ᠵᠣᠯᠭᠠᠬᠤ ᠪᠢᠯᠡ︖ ᠡᠨᠡ ᠬᠦ ᠠᠰᠠᠭᠤᠯᠳᠠ ᠨᠢ ᠲᠠ ᠪᠢᠳᠠᠨ ᠤ ᠲᠠᠷᠢᠬᠢᠨ ᠳᠤ ᠡᠷᠭᠢᠯᠳᠦᠵᠦ ᠪᠠᠶᠢᠭ᠎ᠠ ᠨᠢ ᠳᠠᠮᠵᠢᠭ ᠦᠭᠡᠢ᠃          ᠣᠶᠢᠷ᠎ᠠ ᠶᠢᠨ ᠵᠢᠯ ᠳᠤ ᠭᠠᠵᠠᠷ ᠣᠷᠣᠨ ᠤ ᠪᠤᠶᠤ ᠦᠨᠳᠦᠰᠦᠲᠡᠨ ᠤ ᠣᠨᠴᠠᠯᠢᠭᠲᠤ ᠢᠳᠡᠭᠡᠨ ᠤᠮᠳᠠᠭᠠᠨ᠂ ᠡᠳ᠋ᠯᠡᠯ ᠬᠡᠷᠡᠭᠰᠡᠯ ᠤᠨ ᠵᠦᠢᠯᠡᠰ ᠴᠠᠭᠠᠨ ᠰᠠᠷ᠎ᠠ ᠶᠢᠨ ᠪᠡᠯᠡᠭ ᠲᠤ ᠢᠯᠡᠭᠦᠴᠡ ᠵᠠᠷᠤᠭᠳᠠᠬᠤ ᠪᠣᠯᠤᠭᠰᠠᠨ ᠨᠢ ᠦᠨᠡᠨ᠃ ᠡᠭᠦᠨ ᠢ ᠳᠠᠭᠠᠯᠳᠤᠨ ᠨᠣᠮ ᠤᠨ ᠪᠡᠯᠡᠭ ᠴᠤ ᠣᠷᠣᠨ ᠵᠠᠢ ᠪᠠᠨ ᠣᠯᠵᠤ᠂ ᠬᠡᠪ ᠤᠨ ᠴᠠᠢ᠂ ᠠᠷᠢᠬᠢ ᠬᠠᠳᠠᠭ᠂ ᠴᠠᠭᠠᠨ ᠢᠳᠡᠭᠡᠨ ᠰᠢᠭ ᠣᠷᠣᠢ ᠶᠢᠨ ᠳᠡᠭᠡᠳᠦ ᠪᠡᠯᠡᠭ ᠪᠣᠯᠵᠤ ᠵᠠᠷᠤᠭᠳᠠᠬᠤ ᠦᠭᠡᠢ ᠴᠤ ᠭᠡᠰᠡᠨ ᠬᠡᠦᠬᠡᠳ ᠪᠠᠭᠠᠴᠤᠳ᠂ ᠠᠨᠳᠠ ᠨᠠᠶᠢᠵᠠ᠂ ᠠᠶᠢᠯ ᠰᠠᠭᠠᠬᠠᠯᠲᠠ ᠳᠠᠭᠠᠨ ᠴᠠᠭᠠᠨ ᠰᠠᠷ᠎ᠠ ᠶᠢᠨ ᠪᠡᠯᠡᠭ ᠪᠤᠯᠭᠠᠬᠤ᠂ ᠬᠤᠪᠢ ᠶᠢᠨ ᠪᠡᠯᠡᠭ ᠪᠤᠯᠭᠠᠬᠤ᠂ ᠲᠦᠷᠦᠭᠰᠡᠨ ᠡᠳᠦᠷ ᠤᠨ ᠪᠡᠯᠡᠭ ᠪᠤᠯᠭᠠᠬᠤ ᠁ ᠨᠢ ᠵᠥᠩᠳᠡᠭᠡᠨ ᠬᠠᠷᠠᠭᠳᠠᠬᠤ ᠪᠣᠯᠤᠭᠰᠠᠨ ᠨᠢ ᠰᠠᠶᠢᠬᠠᠨ ᠤᠴᠢᠷ ᠪᠣᠯᠵᠤ ᠤᠯᠠᠨ ᠤ ᠠᠩᠬᠠᠷᠤᠯ ᠳᠤ ᠲᠤᠰᠴᠦ ᠪᠤᠢ᠃ ᠶᠡᠷᠦᠨᠢ ᠴᠠᠭᠠᠨ ᠰᠠᠷ᠎ᠠ ᠶᠢᠨ ᠪᠡᠯᠡᠭ ᠭᠡᠭᠴᠢ ᠤᠯᠠᠨ ᠵᠦᠢᠯ ᠪᠠᠶᠢᠳᠠᠭ ᠢ ᠪᠢᠳᠠ ᠮᠡᠳᠡᠨ᠎ᠡ᠃ ᠨᠠᠮᠠᠶᠢ ᠪᠠᠭ᠎ᠠ ᠪᠠᠶᠢᠬᠤ ᠳᠤ ᠬᠡᠪ ᠤᠨ ᠴᠠᠢ ᠨᠢ ᠬᠠᠮᠤᠭ ᠤᠨ ᠬᠦᠨᠳᠦᠲᠡᠢ ᠪᠡᠯᠡᠭ ᠪᠠᠶᠢᠵᠤ᠂ ᠡᠯᠡᠭᠳᠡᠵᠦ ᠬᠠᠭᠤᠴᠢᠷᠠᠭᠰᠠᠨ ᠬᠡᠪ ᠤᠨ ᠴᠠᠢ ᠪᠠᠨ ᠲᠠᠭᠢᠨ ᠰᠣᠨᠢᠨ ᠤ ᠴᠠᠭᠠᠰᠤ ᠪᠤᠶᠤ ᠴᠠᠭᠠᠨ ᠰᠢᠷ᠎ᠠ ᠴᠠᠭᠠᠰᠤ ᠪᠠᠷ ᠭᠠᠳᠠᠷᠯᠠᠭᠠᠳ ᠳᠡᠭᠡᠷ᠎ᠡ ᠨᠢ ᠠᠯᠠᠭᠠᠨ ᠠᠴᠠ ᠪᠠᠭ᠎ᠠ ᠰᠢᠭ᠋ ᠤᠯᠠᠭᠠᠨ ᠴᠠᠭᠠᠰᠤ ᠨᠠᠭᠠᠵᠤ ᠡᠨᠡ ᠠᠶᠢᠯ ᠤᠨ ᠰᠢᠷᠡᠭᠡᠨ ᠠᠴᠠ ᠨᠦᠭᠦᠭᠡ ᠠᠶᠢᠯ ᠤᠨ ᠰᠢᠷᠡᠭᠡᠨ ᠳᠤ ᠭᠦᠷᠳᠡᠯ᠎ᠡ ᠳᠠᠮᠵᠢᠭᠳᠠᠳᠠᠭ ᠪᠠᠶᠢᠭᠰᠠᠨ ᠢ ᠴᠡᠭᠡᠵᠢᠯᠡᠵᠦ ᠪᠠᠶᠢᠨ᠎ᠠ᠃ ᠬᠡᠪ ᠤᠨ ᠴᠠᠢ ᠬᠦᠷᠦᠯᠴᠡᠬᠦ ᠦᠭᠡᠢ ᠨᠢᠭᠡ ᠨᠢ ᠴᠠᠰᠤᠨ ᠰᠢᠬᠢᠷ ᠪᠤᠶᠤ ᠤᠯᠠᠨ ᠵᠦᠢᠯ ᠤᠨ ᠰᠢᠬᠢᠷ᠂ ᠴᠢᠪᠠᠭ᠎ᠠ᠂ ᠡᠯᠵᠢᠭᠡᠨ ᠴᠢᠬᠢ ᠶᠢ ᠨᠡᠶᠢᠯᠡᠭᠦᠯᠦᠨ ᠮᠣᠣᠲᠤᠤ ᠴᠠᠭᠠᠰᠤᠨ ᠳᠤ ᠪᠣᠭᠤᠵᠤ ᠨᠠᠷᠢᠨ ᠤᠲᠠᠰᠤ ᠪᠠᠷ ᠪᠠᠭᠯᠠᠭᠠᠳ ᠪᠣᠭᠤᠳᠠᠯ ᠤᠨ ᠳᠡᠭᠡᠷ᠎ᠡ ᠨᠢ ᠮᠥᠨ ᠤᠯᠠᠭᠠᠨ ᠴᠠᠭᠠᠰᠤ ᠨᠠᠭᠠᠬᠤ ᠪᠤᠶᠤ ᠬᠠᠪᠴᠢᠭᠤᠯᠤᠭᠠᠳ ᠪᠡᠯᠡᠭ ᠲᠤ ᠵᠠᠷᠤᠳᠠᠭ ᠪᠠᠶᠢᠭᠰᠠᠨ᠂ ᠡᠭᠦᠨ ᠢ ᠪᠠᠭᠴᠠ ᠭᠡᠳᠡᠭ᠃ ᠲᠡᠷᠡ ᠨᠢ ᠮᠥᠨ ᠬᠦ ᠬᠡᠪ ᠤᠨ ᠴᠠᠢ᠂ ᠠᠷᠢᠬᠢ ᠬᠠᠳᠠᠭ ᠲᠠᠢ ᠠᠳᠠᠯᠢ ᠪᠠᠷ ᠪᠡᠯᠡᠭ ᠤᠨ ᠳᠡᠭᠡᠳᠦ ᠨᠢ ᠪᠣᠯᠵᠤ ᠪᠤᠰᠤᠳ ᠪᠡᠯᠡᠭ ᠰᠡᠯᠲᠡ ᠶᠢᠨ ᠳᠡᠭᠡᠷ᠎ᠡ ᠨᠢ ᠲᠠᠯᠪᠢᠭᠠᠲᠠᠢ ᠬᠠᠷᠠᠭᠳᠠᠳᠠᠭ ᠪᠠᠶᠢᠭᠰᠠᠨ ᠪᠢᠯᠡ᠃ ᠤᠳᠤ ᠬᠡᠪ ᠤᠨ ᠴᠠᠢ ᠨᠢ ᠬᠦᠨᠳᠦ ᠪᠡᠯᠡᠭ ᠤᠨ ᠶᠣᠰᠣ ᠪᠠᠷ ᠴᠠᠭᠠᠨ ᠰᠠᠷ᠎ᠠ ᠶᠢᠨ ᠪᠡᠯᠡᠭ ᠲᠤ ᠵᠠᠷᠤᠭᠳᠠᠵᠤ ᠪᠠᠶᠢᠭ᠎ᠠ ᠴᠤ ᠪᠠᠭᠴᠠ ᠬᠠᠷᠢᠨ ᠣᠷᠣ ᠲᠠᠰᠤ ᠬᠠᠷᠠᠭᠳᠠᠬᠤ ᠦᠭᠡᠢ ᠪᠣᠯᠵᠠᠢ᠃ ᠨᠣᠮ ᠤᠨ ᠪᠡᠯᠡᠭ ᠴᠤ ᠨᠢᠭᠡᠨ ᠶᠣᠰᠣᠨ ᠳᠠᠭᠠᠨ ᠢᠷᠦᠭᠡᠯ ᠪᠡᠯᠭᠡ ᠲᠠᠢ ᠬᠦᠨᠳᠦ ᠪᠡᠯᠡᠭ ᠪᠤᠯᠬᠤ ᠨᠢ ᠯᠠᠪᠲᠠᠢ ᠪᠤᠶᠤ᠃ ᠬᠠᠷᠢᠨ ᠬᠡᠪ ᠤᠨ ᠴᠠᠢ᠂ ᠴᠠᠭᠠᠨ ᠢᠳᠡᠭᠡ ᠲᠠᠢ ᠠᠳᠠᠯᠢ ᠪᠠᠷ ᠠᠶᠢᠯ ᠪᠣᠯᠭᠠᠨ ᠳᠤ ᠪᠠᠷᠢᠳᠠᠭ ᠬᠦᠨᠳᠦ ᠪᠡᠯᠡᠭ ᠢᠶᠠᠷ ᠬᠡᠷᠡᠭᠯᠡᠬᠦ ᠦᠭᠡᠢ ᠴᠤ ᠭᠡᠰᠡᠨ ᠠᠨᠳᠠ ᠨᠥᠬᠦᠳ᠂ ᠬᠡᠦᠬᠡᠳ ᠪᠠᠭᠠᠴᠤᠳ ᠲᠠᠭᠠᠨ ᠭᠠᠷ ᠤᠨ ᠪᠡᠯᠡᠭ ᠪᠣᠯᠭᠠᠨ ᠬᠦᠷᠭᠡᠵᠦ ᠪᠤᠯᠬᠤ ᠠᠵᠢ᠃          ᠲᠡᠭᠡᠪᠡᠯ ᠪᠢᠳᠠ ᠶᠠᠭᠤᠨ ᠳᠤ ᠨᠣᠮ ᠤᠨ ᠪᠡᠯᠡᠭ ᠲᠠᠢ ᠴᠠᠭᠠᠯᠠᠬᠤ ᠶᠢ ᠤᠷᠢᠶᠠᠯᠠᠬᠤ ᠪᠤᠢ︖ ᠡᠨᠡ ᠲᠤᠬᠠᠢ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠣᠶᠣᠯ ᠲᠡᠦᠬᠡ ᠰᠤᠳᠤᠯᠬᠤ ᠣᠷᠳᠣᠨ ᠤ ᠰᠤᠳᠤᠯᠤᠭᠴᠢ ᠭᠡᠰᠢᠭᠦᠨ᠂ ᠬᠠᠩᠭᠠᠢ ᠨᠣᠮ ᠤᠨ ᠬᠤᠷᠢᠶ᠎ᠠ ᠶᠢᠨ ᠡᠵᠡᠨᠳᠡᠨ G  ·  ᠴᠣᠭᠲᠤ ᠪᠠᠭᠰᠢ᠂ ᠲᠡᠭᠷᠢ ᠶᠢᠨ ᠪᠣᠲᠣᠭᠤ ᠰᠣᠶᠣᠯ ᠨᠣᠮ ᠤᠨ ᠦᠷᠭᠦᠭᠡ ᠶᠢᠨ ᠡᠵᠡᠨᠳᠡᠨ ᠬᠤᠩ ᠮᠸᠢ ᠲᠠᠢ ᠪᠣᠯᠤᠭᠰᠠᠨ ᠵᠣᠭᠤᠭ ᠢᠶᠠᠨ ᠡ᠊ᠨᠳᠡ ᠲᠣᠯᠢᠳᠠᠭᠤᠯᠵᠤ ᠪᠠᠶᠢᠨ᠎ᠠ᠃          - ᠨᠣᠮ ᠤᠩᠰᠢᠬᠤ ᠨᠢ ᠬᠥᠮᠥᠰ ᠤᠨ ᠤᠢ ᠪᠢᠯᠢᠭ ᠢ ᠨᠡᠭᠡᠭᠡᠭᠳᠡᠭᠦᠯᠵᠦ᠂ ᠠᠷᠪᠢᠨ ᠵᠦᠢᠯ ᠤᠨ ᠮᠡᠳᠡᠯᠭᠡ ᠶᠢ ᠬᠤᠷᠠᠮᠳᠤᠭᠤᠯᠵᠤ ᠦᠭᠳᠡᠭ᠃ ᠨᠣᠮ ᠤᠩᠰᠢᠳᠠᠭ ᠬᠥᠮᠥᠨ ᠪᠠ ᠨᠣᠮ ᠤᠩᠰᠢᠳᠠᠭ ᠦᠭᠡᠢ ᠬᠥᠮᠥᠨ ᠦᠭᠡ ᠶᠠᠷᠢᠶ᠎ᠠ᠂ ᠦᠢᠯᠡ ᠠᠵᠢᠯᠯᠠᠭ᠎ᠠ ᠳᠡᠭᠡᠷ᠎ᠡ ᠪᠠᠨ ᠢᠯᠭᠠᠭ᠎ᠠ ᠲᠠᠢ ᠪᠠᠶᠢᠳᠠᠭ᠃ ᠨᠣᠮ ᠪᠣᠯ ᠤᠶᠤᠨ ᠤ ᠲᠦᠯᠬᠢᠭᠦᠷ᠂ ᠪᠢᠳᠠ ᠨᠣᠮ ᠤᠩᠰᠢᠬᠤ ᠵᠤᠷᠰᠢᠯ ᠲᠠᠢ ᠪᠠᠶᠢᠪᠠᠯ ᠲᠠᠭᠠᠷᠠᠨ᠎ᠠ᠃          - ᠴᠠᠭᠠᠨ ᠰᠠᠷ᠎ᠠ ᠪᠣᠯᠪᠠᠯ ᠬᠥᠮᠥᠨ ᠪᠦᠭᠦᠨ ᠪᠡᠯᠡᠭ ᠰᠡᠯᠲᠡ ᠲᠦᠭᠦᠭᠡᠷᠳᠡᠭ᠃ ᠡᠨᠡ ᠰᠠᠶᠢᠬᠠᠨ ᠤᠯᠠᠮᠵᠢᠯᠠᠯᠲᠤ ᠪᠠᠶᠠᠷ ᠳᠤᠷᠠᠰᠬᠠᠯ ᠤᠨ ᠡᠳᠦᠷ ᠢᠶᠠᠨ ᠲᠣᠬᠢᠶᠠᠯᠳᠤᠭᠤᠯᠤᠨ ᠨᠣᠮ ᠤᠨ ᠪᠡᠯᠡᠭ ᠢᠶᠠᠨ ᠳᠡᠭᠡᠳᠦᠯᠡᠬᠦ ᠨᠢ ᠳᠠᠩᠴᠤ ᠤᠳᠬ᠎ᠠ ᠠᠭᠤᠯᠭ᠎ᠠ ᠲᠠᠢ ᠶᠤᠮ᠃          - ᠨᠣᠮ ᠤᠨ ᠪᠡᠯᠡᠭ ᠬᠦᠷᠭᠡᠬᠦ ᠳᠡᠭᠡᠨ ᠨᠣᠮ ᠲᠤᠰᠬᠤ ᠬᠥᠮᠥᠨ ᠤ ᠳᠤᠷ᠎ᠠ ᠪᠠᠭ᠋ᠠᠷᠬᠠᠯ ᠳᠤ ᠵᠣᠬᠢᠴᠠᠭᠤᠯᠬᠤ  ᠨᠢ ᠬᠠᠮᠤᠭ ᠤᠨ ᠴᠢᠬᠤᠯᠠ ᠪᠠᠶᠢᠳᠠᠭ᠃ ᠤᠩᠰᠢᠬᠤ ᠳᠤᠷ᠎ᠠ ᠲᠠᠢ ᠨᠣᠮ ᠢ ᠨᠢ ᠬᠦᠷᠭᠡᠪᠡᠯ ᠲᠡᠭᠦᠨ ᠤ ᠪᠠᠭ᠋ᠠᠷᠬᠠᠯ ᠳᠤᠨᠢ ᠬᠦᠷᠴᠦ ᠤᠩᠰᠢᠬᠤ ᠪᠣᠯᠣᠨ᠎ᠠ᠃ ᠶᠡᠷᠦᠨᠢ ᠨᠣᠮ ᠤᠨ ᠪᠡᠯᠡᠭ ᠲᠤ ᠲᠡᠦᠬᠡ ᠰᠣᠶᠣᠯ᠂ ᠤᠷᠠᠨ ᠵᠣᠬᠢᠶᠠᠯ᠂ᠡᠮ ᠡᠮᠨᠡᠯᠭᠡ ᠶᠢᠨ ᠨᠣᠮ ᠠᠴᠠ ᠭᠠᠳᠠᠨ᠎ᠠ ᠰᠡᠬᠡᠭᠡᠷᠡᠯ ᠤᠨ ᠠᠭᠤᠯᠭ᠎ᠠ ᠲᠠᠢ ᠨᠣᠮ ᠰᠤᠳᠤᠷ ᠢ ᠬᠦᠷᠭᠡᠬᠦ ᠨᠢ ᠬᠥᠮᠥᠰ ᠤᠨ ᠲᠠᠭᠠᠰᠢᠶᠠᠯ ᠳᠤ ᠬᠦᠷᠴᠦ ᠴᠢᠳᠠᠳᠠᠭ ᠬᠡᠮᠡᠨ G  ·  ᠴᠣᠭᠲᠤ ᠭᠤᠸᠠᠢ ᠵᠣᠭᠤᠭ ᠢᠶᠠᠨ ᠳᠡᠯᠭᠡᠬᠦ ᠳᠤ ᠳᠠᠩᠴᠤ ᠤᠳᠬ᠎ᠠ ᠠᠭᠤᠯᠭ᠎ᠠ ᠲᠠᠢ ᠰᠠᠨᠠᠭᠳᠠᠯ᠎ᠠ᠃ G  ·  ᠴᠣᠭᠲᠤ ᠪᠠᠭᠰᠢ ᠪᠣᠯ ᠠᠯᠠᠱᠠ ᠠᠶᠢᠮᠠᠭ ᠤᠨ ᠤᠯᠤᠰ ᠲᠦᠷᠦ ᠶᠢᠨ ᠵᠥᠪᠯᠡᠯᠭᠡᠨ ᠠᠴᠠ ᠠᠵᠢᠯ ᠤᠨ ᠠᠮᠠᠷᠠᠯᠲᠠ ᠪᠠᠨ ᠠᠪᠤᠭᠰᠠᠨ ᠠᠬᠠᠮᠠᠳ ᠰᠣᠶᠣᠯ ᠤᠨ ᠵᠢᠳᠬᠦᠯᠲᠡᠨ᠂ 80 ᠭᠠᠷᠤᠢ ᠨᠣᠮ ᠢ ᠵᠣᠬᠢᠶᠠᠨ ᠲᠤᠭᠤᠷᠪᠢᠭᠰᠠᠨ ᠪᠤᠶᠤ ᠡᠮᠬᠢᠳᠬᠡᠨ ᠨᠠᠶᠢᠷᠠᠭᠤᠯᠵᠤ ᠬᠡᠪᠯᠡᠭᠦᠯᠦᠭᠰᠡᠨ ᠪᠥᠭᠡᠳ ᠨᠣᠮ ᠤᠨ ᠰᠠᠩ ᠡᠷᠭᠢᠯᠡᠭᠡᠳ 25 ᠵᠢᠯ ᠪᠣᠯᠵᠤ ᠪᠠᠶᠢᠭ᠎ᠠ ᠶᠤᠮ᠃ ᠬᠠᠩᠭᠠᠢ ᠨᠣᠮ ᠤᠨ ᠬᠤᠷᠢᠶ᠎ᠠ ᠳᠤ ᠮᠣᠩᠭᠤᠯ ᠬᠢᠲᠠᠳ ᠨᠣᠮ ᠪᠠᠶᠢᠬᠤ ᠪᠠᠷ ᠪᠠᠷᠠᠬᠤ ᠦᠭᠡᠢ ᠭᠠᠵᠠᠷ ᠣᠷᠣᠨ ᠤ ᠰᠣᠶᠣᠯ ᠲᠡᠦᠬᠡ ᠶᠢᠨ ᠨᠣᠮ᠂ ᠮᠣᠩᠭᠤᠯ ᠰᠣᠶᠣᠯ ᠲᠡᠦᠬᠡ ᠶᠢᠨ ᠨᠣᠮ ᠂ ᠬᠡᠦᠬᠡᠳ ᠤᠨ ᠤᠩᠰᠢᠬᠤ ᠨᠣᠮ᠂ ᠬᠢᠴᠢᠶᠡᠯ ᠪᠣᠯᠪᠠᠰᠤᠷᠠᠯ ᠤᠨ ᠨᠣᠮ᠂ ᠤᠷᠠᠨ ᠵᠣᠬᠢᠶᠠᠯ᠂ ᠦᠯᠢᠭᠡᠷ ᠲᠤᠮᠤᠭ ᠁ ᠭᠡᠳ ᠲᠦᠷᠦᠯ ᠵᠠᠨᠠᠷ ᠢᠶᠠᠷ ᠲᠤᠶᠢᠯ ᠤᠨ ᠤᠯᠠᠨ ᠨᠣᠮ ᠰᠤᠳᠤᠷ ᠥᠷᠥᠭᠡᠰᠦᠲᠡᠢ ᠪᠠᠶᠢᠯ᠎ᠠ᠃          ᠨᠡᠬᠡᠷᠡᠨ ᠨᠣᠮ ᠤᠩᠰᠢᠳᠠᠭ ᠬᠥᠮᠥᠨ ᠤ ᠦᠭᠡ ᠬᠡᠯᠡᠯᠭᠡ ᠪᠠᠶᠠᠯᠢᠭ ᠪᠠᠶᠢᠳᠠᠭ ᠢᠶᠠᠷ ᠪᠠᠷᠠᠬᠤ ᠦᠭᠡᠢ ᠮᠡᠳᠡᠬᠦ ᠣᠶᠢᠯᠠᠭᠠᠬᠤ ᠵᠦᠢᠯ ᠨᠢ ᠴᠤ ᠪᠤᠰᠤᠳ ᠠᠴᠠ ᠢᠯᠡᠭᠦᠦ ᠪᠠᠶᠢᠳᠠᠭ ᠠᠵᠢ᠃ ᠪᠠᠶᠠᠨᠬᠤᠲᠠ ᠶᠢᠨ ᠲᠡᠭᠷᠢ ᠶᠢᠨ ᠪᠣᠲᠣᠭᠤ ᠰᠣᠶᠣᠯ ᠨᠣᠮ ᠤᠨ ᠦᠷᠭᠦᠭᠡ ᠶᠢᠨ ᠡᠵᠡᠨᠳᠡᠨ ᠬᠤᠩ ᠮᠸᠢ ᠨᠣᠮ ᠤᠨ ᠦᠷᠭᠦᠭᠡ ᠪᠠᠨ ᠨᠡᠭᠡᠭᠡᠭᠡᠳ ᠨᠢᠭᠡᠨᠲᠡ 22 ᠵᠢᠯ ᠤᠨ ᠨᠢᠭᠤᠷ ᠦᠵᠡᠵᠦ ᠪᠠᠶᠢᠭ᠎ᠠ ᠠᠵᠢ᠃ ᠲᠡᠭᠦᠨ ᠤ ᠨᠣᠮ ᠤᠨ ᠳᠡᠯᠭᠡᠭᠦᠷ ᠲᠤ ᠬᠦᠷᠬᠦ ᠳᠤ ᠤᠯᠠᠨ ᠠᠷᠪᠢᠨ ᠵᠦᠢᠯ ᠤᠨ ᠪᠡᠯᠡᠭ ᠪᠠᠷᠢᠴᠢᠬᠠᠮᠠᠷ ᠬᠠᠶᠢᠷᠴᠠᠭ ᠲᠠᠢ ᠬᠡᠦᠬᠡᠳ ᠤᠨ ᠨᠣᠮ᠂ ᠦᠯᠢᠭᠡᠷ ᠲᠤᠮᠤᠭ᠂ ᠰᠣᠶᠣᠯ ᠲᠡᠦᠬᠡ ᠶᠢᠨ ᠨᠣᠮ ᠰᠤᠳᠤᠷ ᠥᠷᠥᠭᠡᠰᠦᠲᠡᠢ ᠬᠠᠷᠠᠭᠳᠠᠵᠤ᠂ ᠡᠨᠡ ᠨᠣᠮ ᠨᠢ ᠶᠠᠭᠤ ᠶᠢ ᠪᠢᠴᠢᠭᠰᠡᠨ᠂ ᠲᠡᠷᠡ ᠨᠣᠮ ᠨᠢ ᠶᠠᠮᠠᠷ ᠬᠥᠮᠥᠨ ᠤ ᠬᠡᠳᠦᠨ ᠣᠨ ᠳᠤ ᠬᠡᠪᠯᠡᠭᠳᠡᠭᠰᠡᠨ ᠨᠣᠮ ᠬᠡᠮᠡᠨ ᠤᠯᠠᠨ ᠢ ᠲᠠᠶᠢᠯᠪᠤᠷᠢᠯᠠᠨ ᠶᠠᠷᠢᠨ᠎ᠠ ᠠᠵᠢ᠃          - ᠪᠢ ᠨᠣᠮ ᠤᠨ ᠳᠡᠯᠭᠡᠭᠦᠷ ᠡᠷᠭᠢᠯᠡᠭᠰᠡᠨ ᠠᠴᠠ ᠨᠠᠭᠠᠰᠢ ᠵᠢᠯ ᠪᠣᠯᠭᠠᠨ ᠤ ᠴᠠᠭᠠᠨ ᠰᠠᠷ᠎ᠠ ᠶᠢ ᠲᠣᠬᠢᠶᠠᠯᠳᠤᠭᠤᠯᠤᠨ ᠲᠦᠷᠦᠯ ᠰᠠᠳᠤᠨ ᠤ ᠪᠠᠨ ᠬᠡᠦᠬᠡᠳ ᠪᠠᠭᠠᠴᠤᠳ ᠲᠤ ᠨᠣᠮ ᠤᠨ ᠪᠡᠯᠡᠭ ᠭᠠᠷᠳᠠᠭᠤᠯᠤᠭᠰᠠᠭᠠᠷ ᠢᠷᠡᠭᠰᠡᠨ᠂ ᠵᠣᠭᠤᠰ ᠢᠶᠠᠷ ᠨᠤᠭᠤᠯᠵᠤ ᠪᠤᠳᠤᠪᠠᠯ ᠪᠠᠷᠤᠭ ᠲᠦᠮᠡᠨ ᠲᠥᠭᠦᠷᠢᠭ ᠳᠥᠬᠦᠭᠰᠡᠨ ᠪᠠᠶᠢᠬ᠎ᠠ᠃          - ᠪᠢ ᠥᠪᠡᠷ ᠢᠶᠠᠨ ᠴᠤ ᠨᠣᠮ ᠬᠠᠳᠠᠭᠠᠯᠠᠬᠤ ᠳᠤᠷ᠎ᠠ ᠲᠠᠢ᠃ ᠨᠣᠮ ᠤᠩᠰᠢᠬᠤ ᠪᠣᠯ ᠥᠪᠡᠷ ᠤᠨ ᠪᠡᠶ᠎ᠡ ᠳᠡᠭᠡᠨ ᠣᠷᠣᠭᠤᠯᠵᠤ ᠪᠠᠶᠢᠭ᠎ᠠ ᠬᠠᠮᠤᠭ ᠤᠨ ᠬᠢᠮᠳᠠᠬᠠᠨ ᠪᠡᠯᠡ ᠤᠷᠤᠭᠤᠯᠤᠯᠳᠠ ᠮᠥᠨ᠃ ᠡ᠊ᠨᠳᠡ ᠠᠴᠠ ᠪᠢᠳᠠ ᠥᠪᠡᠷ ᠤᠨ ᠪᠡᠶ᠎ᠡ ᠪᠠ ᠦᠷ᠎ᠡ ᠬᠡᠦᠬᠡᠳ᠂ ᠴᠢᠨᠠᠭᠰᠢᠯᠠᠨ ᠨᠡᠶᠢᠭᠡᠮ ᠨᠡᠶᠢᠳᠡ ᠳᠤ ᠲᠤᠰᠠ ᠲᠠᠢ ᠶᠡᠭᠡ ᠦᠢᠯᠡᠰ ᠢ ᠪᠦᠲᠦᠭᠡᠵᠦ ᠪᠣᠯᠣᠨ᠎ᠠ᠃ ᠨᠣᠮ ᠤᠩᠰᠢᠬᠤ ᠨᠢ ᠥᠪᠡᠷ ᠢ ᠪᠠᠨ ᠤᠯᠠᠮ ᠬᠦᠴᠦᠷᠬᠡᠭ ᠪᠣᠯᠭᠠᠳᠠᠭ ᠬᠡᠮᠡᠨ ᠬᠤᠩ ᠮᠸᠢ ᠶᠠᠷᠢᠨ᠎ᠠ᠃ ᠶᠡᠷᠦᠨᠢ ᠲᠡᠭᠦᠨ ᠤ ᠨᠣᠮ ᠤᠨ ᠦᠷᠭᠦᠭᠡ ᠠᠴᠠ ᠪᠡᠯᠡᠭ ᠤᠨ ᠨᠣᠮ᠂ ᠱᠠᠩᠨᠠᠯ ᠤᠨ ᠨᠣᠮ ᠭᠡᠳ ᠨᠣᠮ ᠰᠤᠳᠤᠷ ᠠᠪᠳᠠᠭ ᠬᠥᠮᠥᠰ ᠨᠡᠯᠢᠶᠡᠳ ᠪᠠᠶᠢᠭ᠎ᠠ ᠶᠢ ᠣᠶᠢᠯᠠᠭᠠᠵᠤ ᠪᠢᠯᠡ᠃          ᠨᠣᠮ ᠪᠢᠳᠠᠨ ᠳᠤ ᠬᠢᠵᠠᠭᠠᠯᠠᠰᠢ ᠦᠭᠡᠢ ᠶᠡᠭᠡ ᠪᠠᠶᠠᠷ ᠪᠠᠭ᠋ᠠᠳᠤᠯ ᠪᠠ ᠦᠭᠡ ᠪᠠᠷ ᠢᠯᠡᠳᠬᠡᠬᠦ ᠶᠢᠨ ᠠᠷᠭ᠎ᠠ ᠦᠭᠡᠢ ᠰᠡᠷᠡᠯ ᠲᠠᠭᠠᠰᠢᠶᠠᠯ ᠢ ᠦᠭᠳᠡᠭ᠃ ᠲᠠ ᠨᠣᠮ ᠤᠨ ᠶᠢᠷᠲᠢᠨᠴᠦ ᠳᠤ ᠠᠯᠬᠤᠭᠠᠳ ᠣᠷᠣᠪᠠᠯ ᠲᠠᠷᠠ ᠨᠢ ᠭᠦᠪᠡᠭᠡ ᠬᠢᠵᠠᠭᠠᠷ ᠦᠭᠡᠢ ᠦᠷᠭᠦᠯᠵᠢᠯᠡᠬᠦ ᠤᠶᠤᠨ ᠤ ᠶᠡᠭᠡ ᠣᠷᠣᠨ ᠵᠠᠢ ᠳᠤ ᠠᠯᠤᠰ ᠠᠴᠠ ᠠᠨᠢᠪᠴᠢᠨ ᠬᠠᠷᠠᠭᠳᠠᠬᠤ ᠤᠯᠠᠨ ᠬᠡᠷᠡᠯᠳᠦ ᠤᠳᠤ ᠪᠠᠷ ᠪᠦᠷᠢᠯᠳᠦᠭᠰᠡᠨ ᠢ ᠮᠡᠳᠡᠵᠦ ᠪᠤᠯᠬᠤ ᠶᠤᠮ᠃ ᠡ᠊ᠨᠳᠡ ᠲᠠᠨ ᠤ ᠭᠠᠷ ᠢᠶᠠᠷ ᠢᠶᠠᠨ ᠪᠠᠷᠢᠵᠤ ᠦᠵᠡᠭᠡ ᠦᠭᠡᠢ᠂ ᠨᠢᠳᠦ ᠪᠠᠷ ᠢᠶᠠᠨ ᠬᠠᠷᠠᠵᠤ ᠥᠩᠭᠡᠷᠡᠭᠡ ᠦᠭᠡᠢ ᠦᠨᠡᠲᠦ ᠰᠣᠶᠣᠯ ᠤᠨ ᠠᠭᠤᠷᠬᠠᠢ᠂ ᠤᠷᠠᠨ ᠰᠡᠳᠬᠢᠮᠵᠢ ᠶᠢᠨ ᠲᠠᠯᠠᠢ ᠪᠤᠢ᠃ ᠨᠣᠮ ᠤᠶᠤᠨ ᠰᠠᠨᠠᠭᠠᠨ ᠳᠤ ᠴᠢᠨᠢ ᠰᠢᠮ᠎ᠡ ᠲᠡᠵᠢᠭᠡᠯ᠂ ᠦᠷᠭᠦᠯᠵᠢ ᠤᠷᠤᠭᠰᠢ ᠪᠠᠨ ᠲᠡᠮᠡᠦᠯᠬᠦ ᠶᠢᠨ ᠲᠦᠯᠬᠢᠴᠡ ᠬᠦᠴᠦᠨ ᠣᠯᠭᠤᠳᠠᠭ ᠠᠴᠠ ᠲᠠᠨ ᠢ ᠤᠯᠠᠮ ᠬᠦᠴᠦᠷᠬᠡᠭ ᠪᠣᠯᠭᠠᠳᠠᠭ᠃ ᠡ᠊ᠨᠳᠡ ᠠᠴᠠ ᠲᠠ ᠡᠷᠴᠢ ᠬᠦᠴᠦ ᠰᠢᠨ᠎ᠡ ᠢᠲᠡᠭᠡᠯ ᠵᠣᠷᠢᠭ ᠢ ᠠᠪᠴᠤ ᠪᠤᠯᠳᠠᠭ ᠢᠶᠠᠷ ᠠᠯᠢᠪᠠ ᠬᠦᠴᠢᠷ ᠢ ᠢᠯᠠᠬᠤ ᠢᠲᠡᠭᠡᠯ ᠵᠣᠷᠢᠭ ᠲᠠᠢ ᠪᠣᠯᠵᠤ ᠂ ᠤᠬᠠᠭᠠᠯᠢᠭ ᠰᠢᠢᠳᠬᠦ ᠲᠦᠮᠡᠨ ᠠᠷᠭ᠎ᠠ ᠶᠢ ᠡᠵᠡᠮᠰᠢᠵᠦ ᠴᠢᠳᠠᠨ᠎ᠠ᠃          ᠨᠣᠮ ᠤᠨ ᠪᠡᠯᠡᠭ ᠲᠠᠢ ᠴᠠᠭᠠᠯᠠᠰᠤᠭᠠᠢ︕          ᠨᠣᠮ ᠤᠨ ᠴᠠᠭᠠᠨ ᠪᠤᠶᠠᠨ ᠳᠡᠯᠭᠡᠷᠡᠲᠦᠭᠡᠢ︕
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号