﹇ᠳᠥᠷᠪᠡᠨ ᠣᠶᠢᠷᠠᠳ﹈ ᠲᠡᠭᠷᠢ ᠳᠤᠤᠭᠠᠷᠴᠤ ᠠᠶᠤᠩᠭ᠎ᠠ ᠪᠠᠭᠤᠬᠤ ᠲᠠᠢ ᠬᠤᠯᠪᠣᠭᠳᠠᠭᠰᠠᠨ ᠵᠠᠩ ᠦᠢᠯᠡ
ᠨᠡᠶᠢᠲᠡᠯᠡᠭᠰᠡᠨ ᠴᠠᠭ᠄
2024/12/31
                             ● ᠪᠠ᠊᠆ · ᠤᠷᠲᠤᠨᠠᠰᠤᠲᠤ              ᠮᠣᠩᠭᠤᠯᠴᠤᠳ ᠡᠷᠲᠡᠨ ᠠᠴᠠ ᠪᠠᠨ ᠠᠪᠤᠭᠠᠳ ᠲᠡᠭᠷᠢ ᠶᠢ ᠬᠠᠷᠢᠴᠠᠯᠠᠰᠢ ᠦᠭᠡᠢ ᠷᠢᠳᠢ ᠰᠢᠳᠢ ᠲᠠᠢ ᠬᠡᠮᠡᠨ ᠪᠢᠰᠢᠷᠡᠵᠦ᠂ ︽ᠡᠴᠢᠭᠡ ᠲᠡᠭᠷᠢ︾᠂ ︽ᠪᠤᠷᠬᠠᠨ ᠲᠡᠭᠷᠢ︾᠂ ︽ᠲᠦᠮᠡᠨ ᠨᠢᠳᠦᠲᠡᠢ ᠲᠡᠭᠷᠢ ᠠᠪᠤ︾ ᠬᠡᠮᠡᠨ ᠬᠦᠨᠳᠦᠳᠬᠡᠨ ᠳᠠᠭᠤᠳᠠᠵᠤ᠂ ᠠᠯᠢᠪᠠ ᠦᠢᠯᠡ ᠶᠠᠪᠤᠳᠠᠯ ᠤᠨ ᠦᠷ᠎ᠡ ᠳ᠋ᠦᠩ ᠢ ᠲᠡᠭᠷᠢ ᠶᠢᠨ ᠰᠠᠨᠠᠭ᠎ᠠ ᠪᠠᠷ ᠪᠣᠯᠣᠯ᠎ᠠ ᠭᠡᠵᠦ ᠦᠵᠡᠳᠡᠭ᠃ ᠲᠡᠭᠷᠢ ᠳᠣᠭᠰᠢᠷᠠᠨ ᠬᠦᠴᠦᠲᠡᠢ ᠳᠤᠤᠭᠠᠷᠬᠤ ᠶᠢ ︽ᠲᠡᠭᠷᠢ ᠠᠪᠤ ᠠᠭᠤᠷᠯᠠᠨ ᠭᠢᠯᠢᠩᠨᠡᠵᠦ ᠪᠠᠶᠢᠨ᠎ᠠ ︾ ᠭᠡᠵᠦ ᠠᠶᠤᠵᠤ ᠡᠮᠢᠶᠡᠨ ᠥᠷᠥᠰᠢᠶᠡᠯ ᠡᠨᠡᠷᠢᠯ ᠭᠤᠶᠤᠵᠦ ᠳᠠᠭᠠᠳᠬᠠᠨ ᠵᠠᠯᠪᠠᠷᠢᠳᠠᠭ ᠢᠶᠠᠷ ᠦᠯᠦ ᠪᠠᠷᠠᠮ ᠡᠷᠭᠦᠯ ᠰᠠᠴᠤᠯᠢ ᠴᠤ ᠡᠷᠭᠦᠳᠡᠭ ᠪᠠᠶᠢᠪᠠ᠃              ᠠᠷᠠᠳ ᠤᠨ ᠳᠤᠮᠳᠠ ︽ᠲᠡᠭᠷᠢ ᠳᠤᠤᠭᠠᠷᠪᠠᠯ ᠬᠤᠪᠢᠯᠵᠠ ᠦᠬᠦᠨ᠎ᠡ︾᠂ ︽ᠲᠡᠭᠷᠢ ᠳᠤᠤᠭᠠᠷᠬᠤ ᠦᠭᠡᠢ ᠪᠣᠯ ᠬᠠᠯᠠᠭᠠᠢ ᠢᠳᠡᠵᠦ ᠪᠤᠯᠬᠤ ᠦᠭᠡᠢ︾ ᠭᠡᠬᠦ ᠮᠡᠲᠦ ᠶᠢᠨ ᠠᠮᠢᠳᠤᠷᠠᠯ ᠤᠨ ᠮᠡᠳᠡᠯᠭᠡ ᠪᠣᠯᠤᠭᠰᠠᠨ ᠦᠭᠡ ᠨᠦᠭᠦᠳ ᠪᠠᠶᠢᠳᠠᠭ ᠮᠥᠷᠲᠡᠭᠡᠨ ᠬᠤᠷᠴᠢᠨ ᠳᠤ ᠲᠡᠭᠷᠢ ᠳᠤᠤᠭᠠᠷᠬᠤ ᠦᠶ᠎ᠡ ᠳᠤ ︽ᠬᠤᠷᠣᠬᠠᠢ ᠰᠢᠪᠠᠵᠢ ᠶᠢ ᠠᠷᠢᠯᠭᠠᠵᠤ ᠪᠠᠶᠢᠨ᠎ᠠ︾ ᠭᠡᠵᠦ ᠬᠠᠨᠵᠤᠨ ᠤ ᠪᠠᠨ ᠰᠢᠷᠣᠢ ᠶᠢ ᠱᠦᠭᠦᠷᠳᠡᠵᠦ᠂ ᠭᠡᠷ ᠡᠷᠦᠭᠡ ᠪᠠᠨ ᠴᠡᠪᠡᠷᠯᠡᠨ ᠠᠷᠢᠭᠤᠳᠬᠠᠳᠠᠭ ᠵᠠᠩᠰᠢᠯ ᠤᠳᠤ ᠪᠤᠯᠳᠠᠯ᠎ᠠ ᠤᠯᠠᠮᠵᠢᠯᠠᠭᠳᠠᠵᠤ ᠪᠠᠶᠢᠭᠰᠠᠭᠠᠷ᠃              ᠦᠵᠦᠮᠦᠴᠢᠨ ᠳᠤ ᠲᠡᠭᠷᠢ ᠬᠦᠴᠦᠲᠡᠢ ᠳᠤᠤᠭᠠᠷᠬᠤ ᠦᠶ᠎ᠡ ᠳᠤ ᠭᠡᠷ ᠤᠨ ᠡᠵᠡᠨ ᠬᠥᠮᠥᠨ ︽ᠭᠦ᠋᠂ ᠭᠦ᠋ ︾ ᠭᠡᠵᠦ ᠳᠡᠭᠡᠷ᠎ᠡ ᠲᠠᠭᠤ ᠪᠠᠷ ᠪᠠᠷᠬᠢᠷᠠᠳᠠᠭ᠃ ᠢᠩᠭᠢᠪᠡᠯ ︽ᠲᠡᠭᠷᠢ ᠶᠢᠨ ᠲᠠᠭᠤ ᠬᠤᠯᠠᠳᠠᠨ᠎ᠠ︾ ᠭᠡᠳᠡᠭ᠃ ᠴᠠᠭᠠᠨ ᠬᠤᠪᠴᠠᠰᠤ ᠡᠮᠦᠰᠴᠦ ᠪᠠᠶᠢᠭᠰᠠᠨ ᠬᠥᠮᠥᠨ ᠪᠣᠯ ᠪᠠᠷᠢᠨ ᠳᠣᠣᠷ᠎ᠠ ᠪᠠᠨ ᠲᠠᠶᠢᠯᠵᠦ᠂ ᠥᠭᠡᠷ᠎ᠡ ᠬᠠᠷ᠎ᠠ ᠪᠠᠷᠠᠭᠠᠨ ᠥᠩᠭᠡ ᠶᠢᠨ ᠬᠤᠪᠴᠠᠰᠤ ᠰᠣᠯᠢᠵᠤ᠂ ᠮᠣᠩᠭᠤᠯ ᠭᠡᠷ ᠤᠨ ᠪᠠᠭᠠᠨ᠎ᠠ᠂ ᠬᠤᠯᠠᠩ ᠵᠡᠷᠭᠡ ᠪᠠᠨ ᠪᠠᠭᠤᠯᠭᠠᠨ ᠬᠡᠪᠲᠡᠭᠦᠯᠵᠦ ᠲᠠᠯᠪᠢᠳᠠᠭ᠃ ᠶᠠᠮᠠᠷ ᠨᠢᠭᠡᠨ ᠬᠥᠮᠥᠨ ᠵᠠᠪᠠᠯ ᠭᠠᠳᠠᠨ᠎ᠠ ᠭᠠᠷᠬᠤ ᠴᠢᠬᠤᠯᠠᠲᠠᠢ ᠪᠣᠯ ᠮᠠᠯᠠᠭᠠᠢ ᠡᠮᠦᠰᠴᠦ᠂ ᠠᠯᠴᠢᠭᠤᠷ ᠣᠷᠢᠶᠠᠬᠤ ᠪᠤᠶᠤ ᠲᠣᠯᠣᠭᠠᠢ ᠳᠡᠭᠡᠷ᠎ᠡ ᠪᠠᠨ ᠶᠠᠭᠤᠮ᠎ᠠ ᠲᠠᠯᠪᠢᠵᠤ ᠭᠠᠷᠳᠠᠭ᠃ ᠳᠠᠭᠤᠤ ᠭᠢᠩᠰᠢᠬᠦ ᠪᠤᠶᠤ ᠬᠡᠦᠬᠡᠳ ᠢ ᠤᠭᠢᠯᠠᠭᠤᠯᠬᠤ᠂ ᠡᠭᠦᠳᠡᠨ ᠭᠤᠣᠯ ᠳᠤ ᠠᠰᠯᠠᠵᠤ ᠵᠤᠬᠰᠤᠬᠤ᠂ ᠲᠣᠭᠤᠭ᠎ᠠ ᠰᠢᠨᠠᠭ᠎ᠠ ᠣᠷᠣᠭᠤᠯᠵᠤ ᠭᠠᠷᠭᠠᠬᠤ ᠶᠢ ᠲᠠᠰᠤ ᠴᠡᠭᠡᠷᠯᠡᠳᠡᠭ᠃              ᠮᠣᠩᠭᠤᠯᠴᠤᠳ ᠲᠡᠭᠷᠢ ᠳᠤᠤᠭᠠᠷᠬᠤ ᠦᠶᠡᠰ ᠥᠷᠥᠰᠢᠶᠡᠯ ᠡᠨᠡᠷᠢᠯ ᠬᠠᠶᠢᠷᠠᠯᠠᠬᠤ ᠶᠢ ᠭᠤᠶᠤᠨ ᠳᠠᠭᠠᠳᠬᠠᠬᠤ ᠳᠠᠭᠠᠨ᠄               ᠳᠠᠭᠤᠲᠤ ᠲᠡᠭᠷᠢ ᠮᠢᠨᠤ              ᠲᠣᠭᠲᠠᠭᠠᠵᠤ ᠬᠠᠶᠢᠷᠠᠯᠠ              ᠳᠣᠲᠣᠭᠠᠳᠤ ᠦᠷᠭᠦᠭᠡ ᠶᠢ ᠮᠢᠨᠢ              ᠥᠷᠥᠰᠢᠶᠡᠵᠦ ᠬᠠᠶᠢᠷᠠᠯᠠ              ᠠᠶᠤᠩᠭᠠᠲᠤ ᠲᠡᠭᠷᠢ ᠮᠢᠨᠤ              ᠠᠶᠠᠳᠠᠵᠤ ᠬᠠᠶᠢᠷᠠᠯᠠ              ᠠᠳᠤᠭᠤ ᠮᠠᠯ ᠢ ᠮᠢᠨᠤ              ᠠᠪᠤᠷᠠᠵᠤ ᠬᠠᠶᠢᠷᠠᠯᠠ              ᠭᠢᠯᠪᠠᠭᠠᠲᠤ ᠲᠡᠭᠷᠢ ᠮᠢᠨᠤ              ᠭᠡᠶᠢᠭᠦᠯᠵᠦ ᠬᠠᠶᠢᠷᠠᠯᠠ              ᠭᠡᠷ ᠬᠤᠲᠠᠯᠠᠭᠠᠷ ᠢ ᠮᠢᠨᠤ              ᠪᠣᠯᠭᠤᠭᠠᠵᠤ ᠬᠠᠶᠢᠷᠠᠯᠠ ᠭᠡᠵᠦ ᠰᠢᠪᠰᠢᠭᠡᠳ ᠭᠠᠳᠠᠭᠰᠢ ᠪᠠᠨ ᠰᠦ ᠶᠢᠨ ᠰᠠᠴᠤᠯᠢ ᠡᠷᠭᠦᠳᠡᠭ᠃ ᠬᠡᠷᠪᠡ ᠬᠡᠭᠡᠷ᠎ᠡ ᠭᠠᠳᠠᠨ᠎ᠠ ᠠᠳᠤᠭᠤ ᠮᠠᠯ ᠳᠤ ᠶᠠᠪᠤᠵᠤ ᠪᠠᠶᠢᠭᠰᠠᠨ ᠪᠣᠯ ᠥᠨᠳᠥᠷ ᠭᠠᠵᠠᠷ ᠬᠥᠳᠡᠯᠦᠯ ᠦᠭᠡᠢ ᠰᠠᠭᠤᠭᠠᠳ ᠠᠯᠠᠭ᠎ᠠ ᠪᠠᠨ ᠬᠠᠪᠰᠤᠷᠤᠨ ᠵᠠᠯᠪᠠᠷᠢᠵᠤ ᠳᠠᠭᠠᠳᠬᠠᠳᠠᠭ᠃              ᠪᠤᠷᠢᠶᠠᠳᠴᠤᠳ ᠲᠡᠭᠷᠢ ᠳᠤᠤᠭᠠᠷᠴᠤ ᠴᠠᠭᠢᠯᠭᠠᠨ ᠭᠢᠯᠪᠠᠵᠤ ᠪᠠᠶᠢᠬᠤ ᠦᠶ᠎ᠡ ᠳᠤ᠄               ᠥᠨᠳᠥᠷ ᠭᠡᠪᠡᠯ ᠠᠭᠤᠯᠠ ᠶᠢ ᠨᠢᠷᠭᠡᠭ              ᠥᠨᠥᠴᠢᠨ ᠭᠡᠪᠡᠯ ᠨᠠᠮ᠎ᠠ ᠶᠢ ᠨᠢᠷᠭᠡᠭ              ᠬᠠᠨ ᠴᠠᠭᠠᠨ ᠶᠠᠰᠤ ᠲᠠᠢ ᠪᠢᠯᠡ              ᠬᠠᠷᠢᠶᠠᠳ ᠪᠤᠷᠢᠶᠠᠳ ᠣᠪᠣᠭ ᠲᠠᠢ ᠪᠢᠯᠡ              ᠬᠠᠪᠠ ᠵᠢᠭᠠᠰᠤᠨ ᠮᠢᠬ᠎ᠠ ᠢᠳᠡᠭᠡ ᠦᠭᠡᠢ ᠪᠢᠯᠡ              ᠬᠠᠢ ᠬᠡ᠂ ᠬᠠᠢ ᠬᠡ ᠭᠡᠬᠦ ᠪᠤᠶᠤ              ᠥᠨᠢᠷ ᠭᠡᠪᠡᠯ ᠨᠠᠮ᠎ᠠ ᠶᠢ ᠨᠢᠷᠭᠡᠭ              ᠥᠷᠭᠡᠨ ᠭᠡᠪᠡᠯ ᠲᠠᠯᠠᠢ ᠶᠢ ᠨᠢᠷᠭᠡᠭ              ᠳᠡᠯᠢᠭᠦᠦ ᠢᠳᠡᠭᠰᠡᠨ ᠪᠣᠯ ᠳᠡᠯᠪᠡ ᠨᠢᠷᠭᠡᠭ              ᠰᠠᠷᠬᠢᠨᠠᠭ ᠢᠳᠡᠭᠰᠡᠨ ᠪᠣᠯ ᠰᠠᠯᠪᠠ ᠨᠢᠷᠭᠡᠭ ᠭᠡᠬᠦ ᠮᠡᠲᠦ ᠪᠠᠷ ᠰᠢᠪᠰᠢᠳᠡᠭ᠃              ᠬᠠᠯᠬ᠎ᠠ ᠶᠢᠨ ᠰᠢᠷᠠᠨᠤᠳ ᠣᠪᠣᠭ ᠤᠨ ᠬᠢᠨ ᠪᠣᠯ᠄               ᠭᠤᠴᠢᠨ ᠭᠤᠷᠪᠠᠨ ᠬᠤᠷᠮᠤᠰᠳᠠ              ᠭᠤᠨᠢᠭᠠᠷ ᠰᠢᠷᠠᠨᠤᠳ ᠤᠨ ᠦᠷ᠎ᠡ ᠰᠠᠳᠤ ᠪᠠᠶᠢᠨ᠎ᠠ               ᠲᠠᠬᠢ ᠲᠠᠢ ᠭᠡᠪᠡᠯ ᠨᠠᠮ᠎ᠠ ᠶᠢ ᠨᠢᠷᠭᠡᠭ              ᠲᠠᠯᠠᠩ ᠲᠠᠢ ᠭᠡᠪᠡᠯ ᠮᠣᠷᠢ ᠶᠢ ᠮᠢᠨᠢ ᠨᠢᠷᠭᠡᠭ ᠭᠡᠬᠦ ᠪᠤᠶᠤ              ᠬᠠᠨ ᠴᠠᠭᠠᠨ ᠶᠠᠰᠤ ᠲᠠᠢ ᠪᠢᠯᠡ              ᠬᠠᠰ ᠨᠣᠮᠢᠨ ᠵᠢᠩᠰᠡ ᠲᠠᠢ ᠪᠢᠯᠡ              ᠬᠠᠭᠠᠨ ᠲᠡᠭᠷᠢ ᠢᠵᠠᠭᠤᠷ ᠲᠠᠢ ᠪᠢᠯᠡ ᠭᠡᠵᠦ ᠲᠡᠭᠷᠢ ᠵᠦᠭ ᠬᠠᠨᠳᠤᠨ ᠰᠢᠪᠰᠢᠳᠡᠭ᠃              ᠥᠩᠭᠡᠷᠡᠭᠰᠡᠨ ᠳᠤ ᠠᠶᠤᠩᠭ᠎ᠠ ᠳᠤ ᠲᠠᠭᠠᠷᠢᠬᠳᠠᠨ ᠬᠥᠮᠥᠨ ᠮᠠᠯ ᠡ᠊ᠡᠳᠡᠵᠦ ᠦᠷᠡᠭᠳᠡᠬᠦ ᠶᠠᠪᠤᠳᠠᠯ ᠭᠠᠷᠪᠠᠯ ᠪᠦᠭᠡ ᠵᠠᠯᠠᠵᠤ ᠨᠣᠮ ᠭᠦᠷᠢᠮ ᠤᠩᠰᠢᠭᠤᠯᠤᠨ ᠳᠣᠮ ᠳᠠᠷᠤᠯᠭ᠎ᠠ ᠭᠢᠯᠭᠡᠵᠦ᠂ ᠭᠡᠷ ᠡᠷᠦᠭᠡ᠂ ᠬᠤᠳᠠ ᠬᠤᠷᠤᠭ᠎ᠠ᠂ ᠮᠠᠯ ᠰᠦᠷᠦᠭ ᠢᠶᠠᠨ ᠪᠦᠭᠦᠨ ᠢ ᠠᠷᠢᠭᠤᠯᠠᠨ ᠤᠳᠤᠵᠦ᠂ ᠰᠠᠩ ᠵᠤᠯᠠ ᠡᠷᠭᠦᠵᠦ ᠲᠡᠭᠷᠢ ᠲᠠᠭᠢᠳᠠᠭ ᠦᠵᠡᠭᠳᠡᠯ ᠨᠡᠶᠢᠳᠡᠮ ᠣᠷᠣᠰᠢᠵᠤ ᠪᠠᠶᠢᠪᠠ᠃ ᠣᠯᠠᠩᠬᠢ ᠪᠦᠭᠡ ᠠᠶᠤᠩᠭ᠎ᠠ ᠳᠤ ᠲᠠᠭᠠᠷᠢᠬᠳᠠᠬᠰᠠᠨ ᠬᠥᠮᠥᠨ ᠮᠠᠯ ᠤᠨ ᠮᠠᠩᠨᠠᠢ ᠳᠤᠮᠳᠠ ᠵᠢᠳᠠ ᠪᠠᠷ ︽+︾ ᠲᠡᠮᠳᠡᠭ ᠵᠢᠷᠤᠵᠤ ᠳᠣᠮ ᠳᠠᠷᠤᠯᠭ᠎ᠠ ᠬᠢᠳᠡᠭ᠃              ᠦᠵᠦᠮᠦᠴᠢᠨ ᠳᠤ ᠠᠶᠤᠩᠭ᠎ᠠ ᠳᠤ ᠲᠠᠭᠠᠷᠢᠬᠳᠠᠬᠰᠠᠨ ᠬᠥᠮᠥᠨ ᠢ ᠬᠤᠷᠢᠨ ᠲᠦᠷᠪᠡᠨ ᠴᠠᠭ ᠤᠨ ᠳᠣᠲᠣᠷ᠎ᠠ ᠬᠥᠳᠡᠯᠦᠯ ᠦᠭᠡᠢ ᠪᠠᠷ ᠲᠤᠬᠠᠢ ᠶᠢᠨ ᠣᠷᠣᠨ ᠳᠤᠨᠢ ᠬᠡᠪᠲᠡᠭᠦᠯᠵᠦ᠂ ᠭᠠᠳᠠᠭᠤᠷ ᠨᠢ ᠮᠣᠳᠣ ᠪᠠᠷ ᠲᠣᠭᠤᠷᠢᠭ ᠵᠢᠷᠤᠭᠠᠰᠤ ᠵᠢᠷᠤᠭᠠᠳ ︽ᠲᠡᠭᠷᠢ ᠳᠠᠭᠤᠳᠠᠭᠴᠢ︾ ᠭᠡᠳᠡᠭ ᠲᠤᠰᠬᠠᠢ ᠪᠦᠭᠡ ᠶᠢ ᠵᠠᠯᠠᠨ ᠠᠪᠴᠢᠷᠠᠵᠤ᠂ ᠠᠶᠢᠷᠠᠭ ᠤᠨ ᠭᠠᠩ ᠳᠤᠨᠢ ᠭᠢᠳᠤᠭ᠎ᠠ ᠬᠢᠵᠦ ᠪᠦᠯᠢᠬᠦ ᠶᠢᠨ ᠳᠠᠭᠠᠤ ᠨᠣᠮ ᠭᠦᠷᠢᠮ ᠤᠩᠰᠢᠭᠤᠯᠵᠤ᠂ ᠳᠣᠮ ᠳᠠᠷᠤᠯᠭ᠎ᠠ ᠭᠢᠯᠭᠡᠳᠡᠭ ᠪᠠᠶᠢᠵᠠᠢ᠃ ᠪᠤᠷᠢᠶᠠᠳᠴᠤᠳ ᠠᠶᠤᠩᠭ᠎ᠠ ᠳᠤ ᠲᠠᠭᠠᠷᠢᠬᠳᠠᠬᠰᠠᠨ ᠬᠥᠮᠥᠨ ᠢ ᠤᠭ ᠣᠷᠣᠨ ᠠᠴᠠ ᠨᠢ ᠰᠢᠯᠵᠢᠭᠦᠯᠦᠯ ᠦᠭᠡᠢ ᠪᠠᠷ ᠬᠡᠪᠲᠡᠭᠦᠯᠵᠦ᠂ ᠪᠡᠶ᠎ᠡ ᠳᠡᠭᠡᠷ᠎ᠡ ᠨᠢ ᠬᠦᠢᠲᠡᠨ ᠤᠰᠤ ᠰᠦᠷᠴᠢᠵᠦ᠂ ᠪᠦᠭᠡ ᠵᠠᠯᠠᠵᠤ ᠪᠦᠭᠡᠯᠡᠭᠦᠯᠳᠡᠭ᠃ ᠡ᠊ᠡᠳᠡᠭᠰᠡᠳ ᠢ ᠤᠳᠤᠵᠦ ᠠᠷᠢᠭᠤᠯᠠᠭᠠᠳ ᠶᠢᠰᠦᠨ ᠬᠦᠦ ᠪᠠᠷ ᠬᠡᠭᠦᠷ ᠢ ᠨᠢ ᠭᠤᠷᠪᠠᠨ ᠡᠳᠦᠷ ᠭᠤᠷᠪᠠᠨ ᠰᠥᠨᠢ ᠰᠠᠬᠢᠭᠤᠯᠵᠤ᠂ ᠲᠠᠰᠤᠷᠠᠯ ᠦᠭᠡᠢ ᠭᠤᠨᠢᠭᠲᠤ ᠳᠠᠭᠤᠤ ᠭᠢᠩᠰᠢᠭᠦᠯᠦᠨ᠂ ᠤᠢ ᠶᠢᠨ ᠭᠦᠨ ᠳᠤ ᠠᠪᠠᠴᠢᠵᠤ ᠣᠷᠣᠰᠢᠭᠤᠯᠳᠠᠭ᠃ ᠵᠠᠷᠢᠮ ᠭᠠᠵᠠᠷ ᠠᠶᠤᠩᠭ᠎ᠠ ᠳᠤ ᠲᠠᠭᠠᠷᠢᠬᠳᠠᠨ ᠨᠥᠭᠴᠢᠭᠰᠡᠳ ᠢ ᠪᠤᠶᠢᠳᠠ ᠪᠥᠭᠯᠡᠭᠦᠦ ᠭᠠᠵᠠᠷ ᠠᠪᠠᠴᠢᠵᠤ ᠣᠷᠣᠰᠢᠭᠤᠯᠤᠭᠠᠳ ᠶᠢᠰᠦᠨ ᠬᠦᠦ ᠰᠣᠩᠭᠤᠵᠤ᠂ ᠲᠤᠰ ᠪᠦᠷᠢ ᠴᠠᠭᠠᠨ ᠬᠤᠪᠴᠠᠰᠤ ᠡᠮᠦᠰᠦᠭᠦᠯᠦᠨ ᠴᠠᠭᠠᠨ ᠮᠣᠷᠢ ᠤᠨᠤᠭᠤᠯᠵᠦ ᠪᠤᠯᠠᠰᠢ ᠶᠢ ᠨᠢ ᠡᠷᠭᠢᠨ ᠥᠨᠳᠥᠷ ᠲᠠᠭᠤ ᠪᠠᠷ ᠬᠠᠰᠬᠢᠷᠤᠨ ᠳᠠᠪᠬᠢᠭᠤᠯᠳᠠᠭ᠃ ᠬᠠᠷᠢᠨ ᠠᠳᠡᠭᠰᠡᠳ ᠲᠤ ᠪᠤᠶᠠᠨ ᠨᠣᠮ ᠦᠢᠯᠡᠳᠬᠦ ᠦᠭᠡᠢ ᠮᠥᠷᠲᠡᠭᠡᠨ ᠬᠡᠭᠦᠷ ᠢ ᠨᠢ ᠤᠩᠭᠤᠨ ᠳᠤ ᠣᠷᠣᠭᠤᠯᠳᠠᠭ ᠦᠭᠡᠢ᠃ ᠭᠡᠷ ᠤᠨ ᠡᠵᠡᠨ ᠨᠢ ᠵᠠᠭᠤ ᠬᠤᠨᠤᠭ ᠤᠨ ᠳᠣᠲᠣᠷ᠎ᠠ ᠠᠶᠢᠯ ᠳᠤ ᠣᠷᠣᠬᠤ ᠦᠭᠡᠢ ᠬᠥᠯ ᠴᠡᠭᠡᠷᠯᠡᠳᠡᠭ᠃ ᠡ᠊ᠡᠳᠡᠭᠰᠡᠨ ᠮᠠᠯ ᠢ ᠪᠣᠯ ᠮᠢᠬ᠎ᠠ ᠶᠢ ᠨᠢ ᠭᠦᠨᠳᠡᠳᠡᠭ ᠦᠭᠡᠢ᠂ ᠤᠭ ᠣᠷᠣᠨ ᠳᠤᠨᠢ ᠪᠤᠯᠠᠵᠤ ᠲᠠᠯᠪᠢᠬᠤ ᠪᠤᠶᠤ ᠥᠨᠳᠥᠷ ᠠᠭᠤᠯᠠ ᠶᠢᠨ ᠣᠷᠣᠢ ᠳᠤ ᠲᠠᠯᠪᠢᠵᠤ᠂ ᠮᠠᠯ ᠡ᠊ᠡᠳᠡᠭᠰᠡᠨ ᠭᠠᠵᠠᠷ ᠨᠢᠭᠡ ᠵᠢᠯ ᠤᠨ ᠳᠣᠲᠣᠷ᠎ᠠ ᠪᠤᠰᠤᠳ ᠮᠠᠯ ᠢ ᠪᠡᠯᠴᠢᠭᠡᠷᠯᠡᠭᠦᠯᠳᠡᠭ ᠦᠭᠡᠢ ᠴᠡᠭᠡᠷ ᠲᠠᠢ ᠪᠠᠶᠢᠳᠠᠭ᠃              ᠬᠤᠷᠴᠢᠨ ᠳᠤ ᠠᠶᠤᠩᠭ᠎ᠠ ᠳᠤ ᠡ᠊ᠡᠳᠡᠭᠰᠡᠳ ᠢ ᠲᠡᠭᠷᠢ ᠳᠤ ᠡᠰᠡ ᠲᠠᠭᠠᠯᠠᠭᠳᠠᠯ᠎ᠠ ᠬᠡᠮᠡᠨ ᠦᠵᠡᠵᠦ᠂ ᠲᠤᠰᠬᠠᠶᠢᠯᠠᠨ ᠪᠦᠭᠡ ᠵᠠᠯᠠᠵᠤ ᠳᠣᠮ ᠳᠠᠷᠤᠯᠭ᠎ᠠ ᠭᠢᠯᠭᠡᠳᠡᠭ᠃ ᠵᠠᠯᠠᠭᠳᠠᠵᠤ ᠢᠷᠡᠭᠰᠡᠨ ︽ᠲᠡᠭᠷᠢ ᠳᠠᠭᠤᠳᠠᠭᠴᠢ︾ ᠨᠢ ᠶᠡᠭᠡ ᠯᠡ ᠠᠭᠤᠷᠯᠠᠭᠰᠠᠨ ᠶᠠᠩᠵᠤᠲᠠᠢ ᠬᠦᠷᠴᠦ ᠢᠷᠡᠭᠡᠳ ︽ᠶᠡᠷᠡ ᠶᠢᠰᠦᠨ ᠲᠡᠭᠷᠢ ᠶᠢᠨ ᠠᠯᠢ ᠲᠡᠭᠷᠢ ᠨᠢ ᠪᠠᠭᠤᠭᠰᠠᠨ ᠶᠤᠮ︖︾ ᠭᠡᠬᠦ ᠪᠤᠶᠤ ︽ᠠᠲᠠᠭᠠᠲᠤ ᠲᠡᠭᠷᠢ ᠠᠪᠤ ᠮᠢᠨᠢ᠂ ᠠᠴᠢᠷ ᠦᠷ᠎ᠡ ᠪᠠᠨ ᠢᠩᠭᠢᠵᠦ ᠵᠣᠪᠠᠭᠠᠬᠤ ᠴᠢᠨᠢ ᠶᠠᠭᠤ ᠪᠤᠢ︖ ᠪᠣᠷᠣᠭᠠᠨ ᠬᠤᠷ᠎ᠠ ᠤᠷᠤᠭᠤᠯᠬᠤ ᠪᠠᠷ ᠢᠶᠠᠨ ᠣᠷᠣᠭᠤᠯᠤᠨ᠎ᠠ ᠪᠠ᠂ ᠪᠠᠭᠤᠬᠤ ᠦᠭᠡᠢ ᠭᠠᠵᠠᠷ ᠪᠠᠭᠤᠵᠤ᠂ ᠪᠦᠭᠦᠳᠡ ᠤᠯᠠᠨ ᠢ ᠦᠢᠮᠡᠭᠦᠯᠳᠡᠭ ᠨᠢ ᠶᠠᠭᠤ ᠶᠤᠮ︖︾ ᠭᠡᠵᠦ ᠪᠤᠷᠤᠭᠤᠰᠢᠶᠠᠨ ᠵᠢᠮᠡᠯᠡᠬᠦ ᠶᠢᠨ ᠳᠠᠭᠠᠤ ᠮᠠᠯ ᠰᠦᠷᠦᠭ ᠢ ᠨᠢ ᠡᠶᠢᠰᠢ ᠲᠡᠶᠢᠰᠢ ᠲᠠᠭᠤᠵᠤ᠂ ᠳᠤᠷ᠎ᠠ ᠪᠠᠷ ᠢᠶᠠᠨ ᠠᠭᠠᠰᠢᠯᠠᠳᠠᠭ᠃ ᠲᠡᠭᠡᠭᠡᠳ ᠲᠤᠰᠬᠠᠢ ᠳᠣᠮ ᠳᠠᠷᠤᠯᠭ᠎ᠠ ᠪᠠᠨ ᠠᠯᠬᠤᠮ ᠲᠠᠷᠠᠭ᠎ᠠ ᠲᠠᠢ ᠬᠢᠵᠦ ᠪᠠᠷᠠᠭᠠᠳ ᠤᠷᠭ᠎ᠠ ᠪᠠᠷ ᠬᠡᠮᠵᠢᠭᠦᠷ ᠪᠤᠯᠭᠠᠵᠦ᠂ ᠲᠤᠬᠠᠢ ᠶᠢᠨ ᠭᠠᠵᠠᠷ ᠠᠴᠠ ᠨᠡᠯᠢᠶᠡᠳ ᠵᠠᠶᠢᠲᠠᠢ ᠥᠨᠳᠥᠷ ᠭᠠᠵᠠᠷ ᠠᠪᠠᠴᠢᠵᠤ᠂ ᠡ᠊ᠡᠳᠡᠭᠰᠡᠳ ᠢ ᠡᠮᠦᠨᠡᠰᠢ ᠬᠠᠷᠠᠭᠤᠯᠤᠨ ᠰᠥᠭᠦᠳᠬᠡᠵᠦ ᠣᠷᠣᠰᠢᠭᠤᠯᠳᠠᠭ᠃ ᠶᠠᠪᠤᠬᠤ ᠳᠠᠭᠠᠨ ᠲᠡᠭᠷᠢ ᠳᠤᠤᠭᠠᠷᠴᠤ᠂ ᠴᠠᠭᠢᠯᠭᠠᠨ ᠭᠢᠯᠪᠠᠵᠤ ᠪᠠᠶᠢᠬᠤ ᠳᠤ ᠠᠶᠢᠷᠠᠭ ᠪᠦᠯᠢᠬᠦ᠂ ᠦᠨᠢᠶ᠎ᠡ ᠰᠠᠭᠠᠬᠤ᠂ ᠮᠣᠷᠢ ᠠᠮᠠᠭᠠᠶᠢᠯᠠᠬᠤ᠂ ᠴᠠᠭᠠᠨ ᠥᠩᠭᠡ ᠶᠢᠨ ᠬᠤᠪᠴᠠᠰᠤ ᠪᠤᠶᠤ ᠨᠣᠶᠢᠲᠠᠨ ᠴᠢᠭᠢᠭᠲᠡᠢ ᠬᠤᠪᠴᠠᠰᠤ ᠡᠮᠦᠰᠬᠦ᠂ ᠤᠷᠭᠤᠭ᠎ᠠ ᠮᠣᠳᠣᠨ ᠤ ᠳᠣᠣᠷ᠎ᠠ ᠵᠤᠬᠰᠤᠬᠤ᠂ ᠮᠠᠯᠠᠭᠠᠢ ᠦᠭᠡᠢ ᠪᠠᠷ ᠭᠠᠳᠠᠭᠤᠷ ᠶᠠᠪᠤᠬᠤ ᠵᠡᠷᠭᠡ ᠶᠢ ᠴᠡᠭᠡᠷᠯᠡᠭᠦᠯᠦᠨ ᠵᠠᠬᠢᠳᠠᠭ ᠪᠠᠶᠢᠵᠠᠢ᠃              ᠬᠥᠬᠡᠨᠠᠭᠤᠷ ᠮᠤᠵᠢ ᠶᠢᠨ ᠳᠡᠭᠡᠳᠦ ᠮᠣᠩᠭᠤᠯᠴᠤᠳ ᠬᠠᠪᠤᠷ ᠲᠡᠭᠷᠢ ᠠᠩᠬ᠎ᠠ ᠳᠤᠤᠭᠠᠷᠬᠤ ᠳᠤ ︽ᠯᠾᠠᠷᠠᠵᠠᠯᠠᠬᠤ︾ ᠭᠡᠵᠦ ᠰᠢᠪᠰᠢᠭᠡᠳ ᠭᠠᠳᠠᠨ᠎ᠠ ᠭᠠᠷᠴᠤ ᠭᠡᠷ ᠤᠨ ᠤᠶᠢᠷᠠᠯᠴᠠᠭ᠎ᠠ ᠲᠣᠮᠣ ᠴᠢᠯᠠᠭᠤ ᠶᠢ ᠬᠥᠷᠪᠡᠭᠦᠯᠵᠦ ᠲᠠᠯᠪᠢᠳᠠᠭ᠂ ᠢᠩᠭᠢᠪᠡᠯ ᠨᠢᠭᠡ ᠵᠢᠯ ᠤᠨ ᠳᠣᠲᠣᠷ᠎ᠠ ᠭᠡᠷ ᠲᠤ ᠮᠣᠭᠠᠢ ᠣᠷᠣᠬᠤ ᠦᠭᠡᠢ ᠪᠤᠶᠤ ᠮᠣᠭᠠᠢ ᠦᠵᠡᠪᠡᠯ ᠠᠶᠤᠵᠤ ᠰᠣᠴᠢᠬᠤ ᠦᠭᠡᠢ ᠪᠣᠯᠣᠨ᠎ᠠ ᠭᠡᠵᠦ ᠦᠵᠡᠳᠡᠭ᠃                            ᠮᠣᠩᠭᠤᠯ ᠤᠯᠠᠮᠵᠢᠯᠠᠯᠲᠤ ᠳᠣᠮ ᠰᠢᠪᠰᠢᠯᠭᠡ              ᠨᠣᠮ ᠠᠴᠠ ᠨᠠᠶᠢᠷᠠᠭᠤᠯᠤᠨ ᠠᠪᠤᠪᠠ
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号