| ᠥᠨᠳᠥᠷ ᠶᠡᠭᠡ ᠴᠣᠯᠠ ᠲᠠᠢ ᠪᠣᠯ | ᠦᠵᠦᠭᠦᠷ ᠪᠠᠶᠠᠨ ᠳᠠᠩᠰᠠ ᠲᠠᠢ ᠪᠣᠯ | ᠦᠷᠭᠦᠯᠵᠢ ᠰᠠᠶᠢᠬᠠᠨ ᠪᠤᠶᠠᠨ ᠲᠠᠢ ᠪᠣᠯ︕ | ᠮᠢᠩᠭᠠᠨ ᠴᠠᠭᠠᠨ ᠭᠡᠭᠦᠦ ᠲᠠᠢ | ᠤᠶᠠᠵᠤ ᠭᠦᠢᠴᠡᠬᠦ ᠦᠭᠡᠢ ᠵᠡᠯ᠎ᠡ ᠲᠠᠢ | ᠲᠠᠯᠪᠢᠵᠤ ᠭᠦᠢᠴᠡᠬᠦ ᠦᠭᠡᠢ ᠪᠠᠶᠢᠷᠢ ᠲᠠᠢ | ᠪᠠᠶᠠᠨ ᠬᠠᠨ ᠨᠡᠷ᠎ᠡ ᠲᠠᠢ | ᠪᠠᠳᠠᠷᠠᠨ ᠵᠢᠷᠭᠠᠵᠤ ᠶᠠᠪᠤ︕ | ᠪᠤᠴᠠᠯᠲᠠ ᠦᠭᠡᠢ ᠬᠤᠷᠳᠤᠨ ᠵᠣᠷᠢᠭᠲᠤ | ᠬᠡᠢ ᠮᠣᠷᠢ ᠲᠠᠨᠢ ᠳᠡᠯᠭᠡᠷᠡᠬᠦ ᠪᠣᠯᠲᠤᠭᠠᠢ | ᠠᠯᠳᠠᠷ ᠨᠡᠷ᠎ᠡ ᠲᠠᠨᠢ ᠳᠡᠯᠭᠡᠷᠡᠬᠦ ᠪᠣᠯᠲᠤᠭᠠᠢ︕ | ᠬᠥᠨᠳᠡᠯᠡᠨ ᠤ ᠭᠤᠣᠯ ᠢᠶᠠᠷ ᠵᠡᠯ᠎ᠡ ᠪᠠᠨ ᠬᠢᠵᠦ ᠶᠠᠪᠤ | ᠬᠥᠰᠢᠶ᠎ᠡ ᠴᠢᠯᠠᠭᠤ ᠪᠠᠷ ᠭᠠᠳᠠᠰᠤ ᠪᠠᠨ ᠪᠣᠯᠭᠠᠵᠤ ᠶᠠᠪᠤ︕ | ᠬᠠᠳᠠᠨ ᠠᠴᠠ ᠪᠠᠲᠤ ᠭᠡᠷ ᠲᠠᠢ | ᠬᠠᠷᠭᠠᠨ᠎ᠠ ᠠᠴᠠ ᠣᠯᠠᠨ ᠮᠠᠯ ᠲᠠᠢ ᠶᠠᠪᠤ︕ | ᠠᠭᠤᠯᠠ ᠠᠴᠠ ᠪᠠᠲᠤ ᠭᠡᠷ ᠲᠠᠢ | ᠤᠷᠭᠤᠮᠠᠯ ᠠᠴᠠ ᠠᠷᠪᠢᠨ ᠮᠠᠯ ᠲᠠᠢ ᠶᠠᠪᠤ︕ | ᠬᠠᠯᠢᠮ ᠥᠭᠡᠬᠦ ᠪᠠᠷ ᠵᠣᠭᠤᠭ ᠢᠶᠠᠨ ᠰᠡᠷᠭᠦᠭᠡᠵᠦ | ᠬᠠᠷ᠎ᠠ ᠠᠷᠢᠬᠢ ᠪᠠᠷ ᠤᠮᠳᠠ ᠪᠠᠨ ᠳᠠᠷᠤᠵᠤ | ᠬᠠᠩᠪᠤ ᠲᠣᠷᠭ᠎ᠠ ᠪᠠᠷ ᠬᠥᠨᠵᠢᠯᠡ ᠪᠠᠨ ᠬᠢᠵᠦ | ᠬᠥᠰᠢᠶ᠎ᠡ ᠴᠢᠯᠠᠭᠤ ᠪᠠᠷ ᠭᠠᠳᠠᠰᠤ ᠪᠠᠨ ᠪᠣᠯᠭᠠᠵᠤ ᠶᠠᠪᠤ︕ | ᠪᠠᠶᠠᠨ ᠶᠠᠪᠤ | ᠪᠠᠳᠠᠷᠠᠵᠤ ᠶᠠᠪᠤ | ᠪᠠᠷᠴᠢᠳ ᠦᠭᠡᠢ ᠵᠢᠷᠭᠠᠵᠤ ᠶᠠᠪᠤ︕ | |