ᠰᠢᠨ᠎ᠡ ᠵᠢᠯ᠂ ᠴᠠᠭᠠᠨ ᠰᠠᠷ᠎ᠠ ᠶᠢᠨ ᠬᠤᠣᠰ ᠤᠶᠠᠩᠭ᠎ᠠ
ᠨᠡᠶᠢᠲᠡᠯᠡᠭᠰᠡᠨ ᠴᠠᠭ᠄
2024/12/31
ᠰᠢᠮᠡᠳᠦ ᠰᠠᠷᠬᠤᠳ ᠰᠥᠩᠨᠡᠭᠰᠡᠨ ᠰᠢᠨ᠎ᠡ ᠵᠢᠯ ᠤᠨ ᠪᠠᠶᠠᠷ  ᠰᠠᠶᠢᠬᠠᠨ ᠤ ᠪᠡᠯᠭᠡ  ᠪᠦᠷᠢᠳᠦᠭᠰᠡᠨ ᠥᠯᠵᠡᠶᠢᠲᠦ ᠬᠠᠪᠤᠷ ᠤᠨ ᠢᠪᠡᠭᠡᠯ   ᠮᠣᠩᠭᠤᠯ ᠤᠨ ᠰᠠᠶᠢᠬᠠᠨ ᠵᠠᠩᠰᠢᠯ ᠢᠶᠠᠷ ᠢᠶᠠᠨ ᠬᠠᠳᠠᠭ ᠳᠡᠯᠭᠡᠨ ᠵᠣᠯᠭᠠᠯᠴᠠᠶ᠎ᠠ  ᠮᠣᠷᠠᠯ ᠤᠨ ᠰᠠᠶᠢᠬᠠᠨ ᠶᠣᠰᠣ ᠪᠠᠷ ᠬᠦᠬᠦᠷ ᠰᠣᠯᠢᠯᠴᠠᠨ ᠮᠡᠨᠳᠦᠴᠢᠯᠡᠶ᠎ᠡ  ᠠᠯᠢᠪᠠ ᠪᠦᠬᠦᠨ ᠥᠭᠡᠳᠡᠯᠡᠨ ᠳᠠᠪᠰᠢᠬᠤ ᠰᠢᠨ᠎ᠡ ᠵᠢᠯ  ᠠᠮᠵᠢᠯᠲᠠ ᠪᠦᠲᠦᠭᠡᠯ  ᠡᠯᠪᠡᠭᠵᠢᠨ ᠵᠤᠵᠠᠭᠠᠷᠠᠬᠤ ᠰᠢᠨ᠎ᠡ ᠬᠠᠪᠤᠷ  ᠠᠮᠵᠢᠯᠲᠠ ᠶᠡᠬᠡᠲᠡᠢ ᠬᠠᠭᠤᠴᠢᠨ ᠵᠢᠯ ᠢᠶᠠᠨ ᠦᠳᠡᠶ᠎ᠡ  ᠠᠬᠢᠨ ᠲᠠᠪᠰᠢᠬᠤ ᠰᠢᠨ᠎ᠡ ᠬᠠᠪᠤᠷ ᠢᠶᠠᠨ ᠤᠭᠲᠤᠶ᠎ᠠ   ᠬᠠᠪᠤᠷ ᠮᠦᠰᠢᠶᠡᠭᠰᠡᠨ ᠰᠢᠨ᠎ᠡ ᠵᠢᠯ ᠳᠤ ᠰᠠᠶᠢᠨ ᠤ ᠪᠡᠯᠭᠡ ᠲᠡᠭᠦᠰ  ᠬᠠᠳᠠᠭ  ᠳᠡᠯᠭᠡᠭᠰᠡᠨ ᠠᠶᠢᠯᠴᠢᠨ ᠭᠡᠶᠢᠴᠢᠳ ᠮᠠᠩᠨᠠᠢ ᠲᠡᠨᠢᠢᠮ᠎ᠡ ᠪᠠᠶᠠᠷ  ᠲᠥᠷᠥ ᠤᠯᠤᠰ ᠲᠦᠪᠰᠢᠷᠡᠨ ᠡᠩᠬᠡᠵᠢᠭᠰᠡᠨ ᠰᠢᠨ᠎ᠡ ᠵᠢᠯ ᠤᠨ ᠪᠠᠶᠠᠷ  ᠲᠦᠮᠡᠨ ᠢᠷᠡᠭᠡᠳ ᠪᠠᠶᠠᠵᠢᠨ ᠴᠢᠨᠡᠭᠡᠯᠢᠭᠵᠢᠭᠰᠡᠨ ᠴᠠᠭᠠᠨ ᠰᠠᠷ᠎ᠠ ᠶᠢᠨ ᠨᠠᠶᠢᠷ  ᠦᠦᠷ ᠴᠠᠶᠢᠮᠠᠭᠴᠠ ᠪᠠᠶᠠᠷ ᠤᠨ ᠫᠤᠤᠵᠢᠩ ᠢᠶᠠᠷ ᠴᠠᠭᠠᠨ ᠰᠠᠷ᠎ᠠ ᠪᠠᠨ ᠪᠡᠯᠭᠡᠯᠡᠮᠦᠢ  ᠡᠭᠦᠳᠡ ᠰᠡᠬᠦᠮᠡᠬᠴᠡ ᠪᠢᠯᠢᠭ ᠤᠨ ᠬᠠᠳᠠᠭ ᠢᠶᠠᠷ ᠰᠢᠨ᠎ᠡ ᠶᠢᠨ ᠵᠣᠴᠢᠨ ᠢᠶᠠᠨ ᠤᠭᠲᠤᠮᠤᠢ  ᠴᠠᠭ ᠲᠥᠷᠥ ᠶᠢᠨ ᠪᠠᠳᠠᠷᠠᠯ ᠳᠤ ᠬᠡᠢ ᠮᠣᠷᠢ ᠲᠠᠢ ᠶᠠᠪᠤᠶ᠎ᠠ  ᠴᠠᠭᠠᠨ ᠰᠠᠷ᠎ᠠ ᠶᠢᠨ ᠪᠠᠶᠠᠷ ᠲᠤ ᠬᠡᠰᠢᠭ ᠪᠤᠶᠠᠨ ᠢᠶᠠᠨ ᠬᠤᠷᠤᠶᠢᠯᠠᠶ᠎ᠠ  
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号