| ᠵᠧ᠂ ᠠᠭᠠᠷᠤ ᠽᠠᠨᠳᠠᠨ ᠬᠠᠲᠠᠪᠴᠢ ᠲᠠᠢ | ᠠᠷᠴᠠᠲᠤ ᠽᠠᠨᠳᠠᠨ ᠬᠠᠭᠠᠯᠭ᠎ᠠ ᠲᠠᠢ | ᠥᠷᠭᠦᠭᠡ ᠴᠠᠭᠠᠨ ᠭᠡᠷ ᠢ ᠨᠢ ᠡᠪᠦᠭᠡᠨ ᠬᠤᠭᠤᠷᠴᠢ ᠢᠷᠥᠭᠡᠶ᠎ᠡ︕ | ᠵᠧ᠂ ᠡᠴᠢᠭᠡ ᠡᠬᠡ ᠶᠢᠨ ᠢᠪᠡᠭᠡᠯ ᠬᠠᠶᠢᠷ᠎ᠠ ᠪᠠᠷ | ᠡᠷᠲᠡᠨ ᠤ ᠤᠯᠠᠮᠵᠢᠯᠠᠯᠲᠤ ᠶᠣᠰᠣ ᠶᠢ ᠳᠠᠭᠠᠵᠤ | ᠡᠯᠪᠡᠭ ᠠᠮᠢᠳᠤᠷᠠᠯ ᠲᠠᠢ ᠠᠵᠤ ᠲᠥᠷᠥᠵᠦ ᠶᠠᠪᠤᠬᠤ | ᠢᠰᠡᠭᠡᠢ ᠴᠠᠭᠠᠨ ᠭᠡᠷ ᠢᠶᠠᠨ ᠪᠠᠷᠢᠭᠰᠠᠨ | ᠨᠠᠷᠠᠨ ᠬᠤᠲᠠᠯᠠᠭᠰᠠᠨ ᠬᠠᠯᠠᠭᠤᠨ ᠭᠤᠯᠣᠮᠲᠠ ᠨᠢ ᠪᠣᠯᠪᠠᠯ | ᠤᠷᠲᠤ ᠴᠠᠭᠠᠨ ᠲᠤᠭᠤᠷᠭ᠎ᠠ ᠲᠠᠢ | ᠤᠷᠠᠨ ᠲᠠᠩᠨᠠᠢ ᠬᠠᠶᠠᠭᠠᠪᠴᠢ ᠲᠠᠢ | ᠳᠠᠯᠠᠢ ᠴᠠᠭᠠᠨ ᠳᠡᠭᠡᠪᠦᠷ ᠲᠠᠢ | ᠳᠥᠷᠪᠡ ᠪᠠᠷ ᠰᠢᠷᠢᠮᠡᠯ ᠳᠥᠷᠪᠡᠨ ᠪᠦᠰᠡᠯᠡᠭᠦᠷ ᠲᠠᠢ | ᠪᠥᠮᠪᠥᠢ ᠴᠠᠭᠠᠨ ᠦᠷᠭᠦᠭᠡᠨ ᠳᠤ ᠪᠠᠨ | ᠥᠷᠯᠥᠭᠡ ᠪᠦᠷᠢ ᠰᠠᠶᠢᠨ ᠤ ᠢᠷᠦᠭᠡᠯ ᠲᠠᠢ | ᠦᠳᠡᠰᠢ ᠪᠣᠯᠭᠠᠨ ᠵᠢᠷᠭᠠᠯ ᠤᠨ ᠢᠷᠦᠭᠡᠯ ᠲᠠᠢ | ᠥᠨᠢᠳᠡ ᠪᠠᠶᠠᠰᠬᠤᠯᠠᠩ ᠲᠠᠢ ᠠᠮᠢᠳᠤᠷᠠᠨ ᠵᠢᠷᠭᠠᠭᠠᠷᠠᠢ︕ | ᠬᠤᠭᠤᠷ ᠢᠶᠠᠨ ᠲᠡᠳᠡᠨ ᠨᠠᠶᠢᠷᠯᠠᠶ᠎ᠠ | ᠬᠤᠨᠳᠠᠭ᠎ᠠ ᠪᠠᠨ ᠡᠷᠭᠦᠨ ᠨᠠᠶᠢᠷᠯᠠᠶ᠎ᠠ | ᠬᠤᠷᠸ᠎ᠠ ᠳᠡᠯᠡᠬᠡᠢ ᠶᠢ ᠤᠶᠠᠷᠠᠲᠠᠯ᠎ᠠ | ᠬᠤᠲᠠᠯᠠ ᠣᠯᠠᠨ ᠢᠶᠠᠨ ᠲᠠᠶᠢᠯᠠᠶ᠎ᠠ | ᠥᠯᠥᠭᠡᠢ ᠪᠣᠯᠤᠭᠰᠠᠨ ᠨᠤᠲᠤᠭ ᠲᠤ ᠪᠠᠨ | ᠥᠨᠢᠷ ᠣᠯᠠᠨ ᠢᠶᠠᠨ ᠲᠠᠶᠢᠯᠠᠶ᠎ᠠ | ᠶᠢᠷᠲᠢᠨᠴᠦ ᠳᠡᠯᠡᠬᠡᠢ ᠰᠣᠨᠣᠷ ᠲᠤ ᠪᠠᠨ | ᠢᠷᠦᠭᠡᠯ ᠡᠷᠭᠦᠨ ᠠᠮᠢᠳᠤᠷᠠᠵᠠᠭᠠᠶ᠎ᠠ᠃ | | |