﹇ᠳᠥᠷᠪᠡᠨ ᠣᠶᠢᠷᠠᠳ﹈ ᠰᠢᠨᠵᠢᠶᠠᠩ ᠤᠨ ᠣᠶᠢᠷᠠᠳ ᠠᠶᠠᠯᠭᠤᠨ ᠤ ᠥᠪᠡᠷᠮᠢᠴᠡ ᠬᠡᠯᠡᠴᠡ ᠶᠢᠨ ᠲᠣᠪᠴᠢ ᠲᠠᠶᠢᠯᠪᠤᠷᠢ ︵ᠠᠷᠪᠠ︶ 
ᠨᠡᠶᠢᠲᠡᠯᠡᠭᠰᠡᠨ ᠴᠠᠭ᠄
2024/12/31
             ᠣ · ᠲᠠᠶᠢᠪᠤᠩ ᠴᠤᠭᠯᠠᠭᠤᠯᠤᠨ ᠲᠠᠶᠢᠯᠪᠤᠷᠢᠯᠠᠪᠠ              ᠨᠢᠳᠦᠨ ᠤᠯᠠᠭᠠᠨ ᠮᠥᠩᠭᠦᠨ ᠴᠠᠭᠠᠨ᠄ ᠵᠣᠭᠤᠰ ᠲᠤ ᠰᠢᠨᠤᠬᠠᠶᠢᠷᠠᠬᠤ ᠦᠭᠡᠢ ᠬᠥᠮᠥᠨ ᠦᠭᠡᠢ᠃              ᠨᠢᠳᠦ ᠢᠷᠮᠡᠬᠦ ᠶᠢᠨ ᠵᠠᠭᠤᠷ᠎ᠠ᠄ ᠭᠱᠠᠨ ᠵᠠᠭᠤᠷ᠎ᠠ᠃              ᠨᠢᠳᠦ ᠪᠠᠨ ᠠᠨᠢᠵᠤ ᠴᠢᠬᠢ ᠪᠠᠨ ᠪᠥᠭᠯᠡᠬᠦ᠄ ᠬᠡᠷᠡᠭ ᠠᠴᠠ ᠵᠠᠶᠢᠴᠠᠬᠤ᠃ ᠬᠡᠨᠡᠭ ᠦᠭᠡᠢ ᠴᠢᠷᠠᠶᠢᠯᠠᠬᠤ᠃              ᠨᠢᠳᠦ ᠪᠠᠨ ᠠᠨᠢᠭᠰᠠᠨ ᠮᠢᠰ᠄ ᠪᠤᠰᠤᠳ ᠤᠨ ᠥᠭᠭᠦᠭᠰᠡᠨ ᠢ ᠨᠢ ᠵᠦᠭᠡᠷ ᠠᠪᠴᠤ᠂ ᠠᠴᠢ ᠲᠤᠰᠠ ᠶᠢ  ᠨᠢ ᠭᠦᠷᠳᠡᠭᠡᠳ ᠲᠠᠯᠠᠷᠬᠠᠬᠤ ᠶᠢ ᠤᠬᠲᠤ ᠮᠡᠳᠡᠬᠦ ᠦᠭᠡᠢ ᠬᠥᠮᠥᠨ ᠢ ᠶᠣᠵᠣᠯᠠᠭᠰᠠᠨ ᠦᠭᠡ᠃              ᠨᠢᠳᠦ ᠪᠠᠨ ᠠᠨᠢᠭᠠᠳ ᠴᠢᠬᠢ ᠪᠠᠨ ᠠᠳᠬᠤᠬᠤ᠄ ᠮᠡᠳᠡᠭᠰᠡᠨ ᠴᠤ ᠮᠡᠳᠡᠭᠡ ᠦᠭᠡᠢ ᠶᠤᠮ ᠰᠢᠭ ᠲᠡᠰᠪᠦᠷᠢᠯᠡᠵᠦ ᠥᠩᠭᠡᠷᠡᠬᠦ᠃              ᠨᠢᠳᠦ ᠪᠠᠷ ᠢᠶᠠᠨ ᠪᠠᠷᠢᠵᠤ ᠢᠳᠡᠮᠡᠷ᠄ ᠠᠭᠤᠷ ᠲᠠᠢ ᠬᠠᠷᠠᠴᠠ ᠪᠠᠷ ᠬᠠᠷᠠᠬᠤ᠃ ︵ᠮᠢᠳᠡᠭᠮ᠎ᠡ ᠶᠣᠨᠳᠣᠨ ᠢ ︿ᠭᠡᠯᠡ﹀ ᠭᠡᠰᠡᠨ ᠮᠠᠶ᠋ᠢᠭ ᠲᠠᠢ ᠨᠢᠳᠦ ᠪᠠᠷ ᠢᠶᠠᠨ ᠪᠠᠷᠢᠵᠤ ᠢᠳᠡᠮᠡᠷ ᠪᠠᠷᠤᠭᠲᠠᠢ ᠰᠢᠷᠳᠠᠨ ᠁᠃ - ᠳᠤ · ᠨᠠᠶᠢᠳᠠᠢ ᠄ ︽ᠠᠷᠭᠠᠯ ᠤᠨ ᠴᠠᠭᠠᠨ ᠴᠡᠴᠡᠭ︾᠂ P.253︶               ᠨᠠᠢᠮᠠᠨ ᠬᠥᠯ ᠲᠠᠢ ᠪᠠᠷᠰᠠᠨ ᠰᠢᠭ᠄ ᠳᠤᠷ᠎ᠠ ᠪᠠᠷ ᠢᠶᠠᠨ ᠶᠠᠪᠤᠬᠤ᠃ ᠬᠥᠨᠳᠡᠯᠡᠨ ᠭᠤᠯᠳᠤ ᠳᠠᠪᠬᠢᠬᠤ᠃              ᠨᠢᠳᠦᠨ ᠠᠴᠠ ᠨᠢ ᠭᠠᠯ ᠭᠠᠷᠤᠭᠰᠠᠨ ᠬᠡᠪᠲᠡᠢ᠄ ᠬᠢᠯᠢᠩ ᠤᠨ ᠭᠠᠯ ᠪᠠᠳᠠᠷᠠᠬᠤ᠃ ︵ ᠁ ᠶᠠᠩᠬᠠᠨ ᠥᠯᠥᠭᠴᠢᠨ ᠭᠡᠵᠦ ᠬᠠᠷᠢᠶᠠᠭᠠᠳ ᠦᠰᠦ ᠠᠴᠠ ᠨᠢ ᠲᠠᠲᠠᠵᠤ ᠴᠢᠷᠬᠦ ᠳᠤ ᠨᠢᠳᠦ ᠠᠴᠠ ᠨᠢ ᠭᠠᠯ ᠭᠠᠷᠤᠭᠰᠠᠨ ᠰᠢᠭ᠋ ᠪᠤᠯᠬᠤ ᠳᠤ ᠁᠃ - ᠫᠤ · ᡀᠬᠠᠪᠠ᠄ ︽ᠳᠤᠯᠠᠭᠠᠨ ᠡᠪᠦᠯ︾᠂ P.153︶               ᠨᠢᠳᠦ ᠨᠢᠭᠤᠷ ᠦᠭᠡᠢ᠄ ① ᠢᠴᠢᠬᠦ ᠡᠮᠢᠶᠡᠬᠦ ᠶᠢ ᠮᠡᠳᠡᠬᠦ ᠦᠭᠡᠢ᠃ ② ᠪᠣᠯᠬᠢ ᠪᠦᠳᠦᠭᠦᠯᠢᠭ᠃ ︵ᠴᠣ ᠴᠣ ᠭᠡᠳ ᠨᠢᠳᠦ ᠨᠢᠭᠤᠷ ᠦᠭᠡᠢ ᠰᠠᠪᠠᠶᠢᠳᠠᠨ᠎ᠠ᠃ - ᠡ᠊ · ᠭᠡᠨᠵᠡᠢ᠄ ︽ᠦᠷ ᠤᠨ ᠡᠮᠦᠨ᠎ᠡ︾᠂ P.97︶               ᠨᠢᠳᠦ ᠠᠨᠢᠬᠤ᠄ ᠦᠬᠦᠬᠦ᠃              ᠨᠢᠳᠦ ᠬᠠᠭᠠᠬᠤ᠄ ᠦᠬᠦᠬᠦ᠃              ᠨᠢᠳᠦᠨ ᠠᠮᠠᠨ ᠪᠤᠯᠬᠤ᠄ ᠡᠵᠡᠨ ᠪᠤᠯᠬᠤ᠃ ᠬᠠᠷᠠᠵᠤ ᠬᠠᠷᠠᠭᠠᠯᠵᠠᠨ ᠥᠮᠥᠭ ᠲᠦᠰᠢᠭ ᠪᠤᠯᠬᠤ᠃ ︵ᠨᠠᠮ᠎ᠠ ᠶᠢ ᠶᠠᠪᠤᠬᠤᠯ᠎ᠠ ᠡᠨᠡ ᠣᠷᠴᠢᠯᠠᠩ ᠳᠡᠭᠡᠷ᠎ᠡ ᠭᠠᠭᠴᠠᠭᠠᠷ ᠢᠶᠠᠨ ᠬᠤᠴᠤᠷᠠᠨ᠎ᠠ᠂ ᠴᠢ ᠨᠢᠳᠦᠨ ᠠᠮᠠᠨ ᠡᠰᠡ ᠪᠣᠯᠬᠤᠯ᠎ᠠ ᠲᠡᠭᠦᠨ ᠢ ᠬᠠᠯᠠᠶᠢᠳᠠᠭ ᠬᠥᠮᠥᠨ ᠪᠠᠶᠢᠬᠤ ᠦᠭᠡᠢ ᠭᠡᠵᠦ ᠨᠢᠯᠪᠤᠰᠤ ᠨᠢ ᠬᠠᠭᠰᠠᠭᠰᠠᠨ ᠨᠢᠳᠦᠨ ᠠᠴᠠ ᠨᠢ ᠡᠴᠦᠰ ᠤᠨ ᠨᠢᠭᠡ ᠮᠥᠬᠦᠯᠢᠭ ᠨᠢᠯᠪᠤᠰᠤ ᠲᠤᠰᠤᠯᠠᠬᠤ ᠦᠶ᠎ᠡ ᠳᠤ᠃ - ᠳᠤ · ᠨᠠᠶᠢᠳᠠᠢ᠄ ︽ᠮᠥᠩᠬᠡ ᠶᠢᠨ ᠬᠠᠶᠢᠷ᠎ᠠ︾ ᠂ P.45︶               ᠨᠢᠳᠦᠨ ᠳᠡᠭᠡᠨ ᠤᠬᠠᠭᠠᠨ ᠲᠠᠢ᠄ ᠨᠢᠳᠦᠨ ᠡᠮᠦᠨᠡᠬᠢ ᠪᠠᠨ ᠪᠤᠳᠤᠬᠤ᠃              ᠨᠢᠳᠦᠨ ᠤ ᠡᠷᠭᠢᠴᠡ ᠪᠠᠷ ᠪᠠᠶᠢᠬᠤ᠄ ᠪᠤᠰᠤᠳ ᠤᠨ ᠵᠠᠬᠢᠷᠤᠯ ᠳᠤ ᠪᠠᠶᠢᠬᠤ᠃              ᠨᠢᠳᠦᠨ ᠲᠤᠰᠬᠤ᠄ ᠳᠤᠷᠠᠯᠠᠬᠤ᠃              ᠨᠢᠳᠦᠨ ᠣᠷᠣᠢ ᠳᠡᠭᠡᠷ᠎ᠡ ᠨᠢ ᠭᠠᠷᠬᠤ᠄ ᠠᠶᠤᠵᠤ ᠰᠠᠨᠳᠤᠷᠬᠤ᠃ ︵ᠡᠨᠡ ᠦᠭᠡ ᠳᠤ ᠡᠮᠡᠭᠡᠨ ᠤ ᠨᠢᠳᠦᠨ ᠣᠷᠣᠢ ᠳᠡᠭᠡᠷ᠎ᠡ ᠪᠠᠨ ᠭᠠᠷᠴᠤ ᠁᠃ - ᠪᠠ᠊᠆ · ᠵᠠᠰᠠᠨ᠎ᠠ᠄ ︽ᠴᠢᠳᠦᠷ︾ P.166︶               ᠨᠢᠳᠦ ᠨᠢ ᠥᠭᠡᠬᠦᠯᠡᠬᠦ᠄ ᠶᠡᠬᠡᠷᠬᠡᠭ ᠵᠠᠩ ᠲᠠᠢ ᠬᠥᠮᠥᠨ ᠢ ᠬᠡᠯᠡᠵᠦ ᠪᠤᠢ᠃              ᠨᠢᠳᠦᠨ ᠤ ᠬᠤᠵᠢᠷ ᠭᠠᠷᠭᠠᠬᠤ᠄ ᠰᠡᠳᠬᠢᠯ ᠢᠶᠠᠨ ᠪᠠᠶᠠᠰᠬᠠᠬᠤ᠃ ᠭᠠᠶᠢᠬᠠᠵᠤ ᠰᠣᠨᠢᠭᠤᠴᠢ ᠵᠠᠩ ᠢᠶᠠᠨ ᠬᠠᠩᠭᠠᠬᠤ᠃ ︵ᠶᠠᠪᠤ᠂ ᠲᠡᠨᠳᠡ ᠭᠦᠷᠦᠭᠡᠳ ᠨᠢᠳᠦᠨ ᠤ ᠪᠠᠨ ᠬᠤᠵᠢᠷ ᠢ ᠭᠠᠷᠭᠠᠶ᠎ᠠ ᠭᠡᠵᠦ ᠬᠡᠯᠡᠭᠡᠳ ᠲᠡᠷᠡ ᠬᠦ ᠬᠥᠮᠥᠰ ᠪᠠᠭᠯᠠᠷᠠᠭᠰᠠᠨ ᠭᠠᠵᠠᠷ ᠲᠤ ᠬᠦᠷᠴᠦ ᠣᠳᠪᠠ᠃ - ᠫᠤ · ᠪᠠᠳᠮᠠᠷ᠎ᠠ᠄ ︽ᠬᠠᠯᠠ ᠪᠠᠷ ᠬᠠᠯᠲᠤᠷᠢᠭᠰᠠᠨ ᠵᠠᠶᠠᠭ᠎ᠠ ︾᠂ P.150︶               ᠨᠢᠳᠦᠨ ᠬᠠᠯᠲᠤᠷᠢᠬᠤ᠄ ᠦᠵᠡᠵᠦ ᠲᠡᠪᠳᠡᠭᠦ ᠦᠭᠡᠢ᠂ ᠰᠢᠭᠤᠳ ᠬᠠᠷᠠᠵᠤ ᠴᠢᠳᠠᠬᠤ ᠦᠭᠡᠢ᠃              ᠨᠢᠳᠦᠨ ᠠᠶᠤᠮᠠᠲᠠᠭᠠᠢ ᠭᠠᠷ ᠪᠠᠭᠠᠲᠤᠷ᠄ ᠬᠠᠷᠠᠬᠤ ᠳᠤ ᠠᠶᠤᠳᠠᠰᠤ ᠲᠥᠷᠥᠭᠦ ᠴᠤ ᠬᠢᠵᠦ ᠣᠷᠣᠯᠳᠤᠪᠠᠯ ᠲᠦᠪᠡᠭ ᠦᠭᠡᠢ᠃ ᠵᠣᠷᠢᠭᠲᠠᠢ ᠪᠠᠷ ᠬᠢᠵᠦ ᠬᠥᠳᠡᠯᠮᠦᠷᠢᠯᠡᠪᠡᠯ ᠠᠮᠵᠢᠯᠲᠠ ᠣᠯᠣᠨ᠎ᠠ ᠭᠡᠰᠡᠨ ᠤᠳᠬ᠎ᠠ ᠲᠠᠢ᠃              ᠨᠢᠳᠦ ᠬᠠᠶᠠᠬᠤ᠄ ᠬᠠᠯᠢᠶᠠᠬᠤ᠂ ᠠᠩᠬᠠᠷᠬᠤ᠂ ᠳᠤᠷᠠᠯᠠᠬᠤ᠃              ᠨᠢᠳᠦᠨ ᠤ ᠬᠠᠳᠬᠠᠭᠠᠴᠢᠨ ᠪᠤᠯᠬᠤ᠄ ᠮᠠᠭᠤ ᠦᠵᠡᠭᠳᠡᠬᠦ᠃              ᠨᠢᠯᠪᠤᠬᠰᠡᠨ ᠨᠢᠯᠪᠤᠰᠤ ᠪᠠᠨ ᠢᠳᠡᠬᠦ᠄ ᠬᠡᠯᠡᠭᠰᠡᠨ ᠦᠭᠡᠨ ᠳᠡᠭᠡᠨ ᠡᠰᠡ ᠬᠦᠷᠬᠦ᠃              ᠨᠢᠳᠦᠨ ᠮᠠᠰᠢ ᠬᠤᠷᠴᠠ ᠪᠣᠯᠪᠠ ᠴᠦ ᠲᠠᠭᠤ ᠰᠣᠨᠣᠰᠴᠤ ᠴᠢᠳᠠᠬᠤ ᠦᠭᠡᠢ᠄ ᠶᠠᠭᠤᠮ᠎ᠠ ᠪᠦᠭᠦᠨ ᠥᠪᠡᠷ ᠤᠨ ᠬᠢᠵᠠᠭᠠᠷᠯᠠᠭᠳᠠᠮᠠᠯ ᠰᠢᠨᠵᠢ ᠲᠠᠢ᠂ ᠪᠦᠭᠦᠨ ᠢ ᠮᠡᠳᠡᠳᠡᠭ ᠣᠯᠠᠨ ᠴᠢᠳᠠᠪᠬᠢᠲᠤ ᠶᠠᠭᠤᠮ᠎ᠠ ᠭᠡᠵᠦ ᠪᠠᠶᠢᠳᠠᠭ ᠦᠭᠡᠢ ᠭᠡᠰᠡᠨ ᠤᠳᠬ᠎ᠠ ᠲᠠᠢ᠃              ᠨᠢᠳᠦᠨ ᠠᠶᠤᠬᠤ ᠠᠴᠠ ᠪᠢᠰᠢ ᠭᠠᠷ ᠠᠶᠤᠳᠠᠭ ᠦᠭᠡᠢ᠄ ᠬᠠᠷᠠᠬᠤ ᠳᠤ ᠠᠶᠤᠳᠠᠰᠤ ᠲᠥᠷᠥᠭᠦ ᠴᠤ ᠬᠢᠵᠦ ᠣᠷᠣᠯᠳᠤᠪᠠᠯ ᠲᠦᠪᠡᠭ ᠦᠭᠡᠢ᠃ ᠵᠣᠷᠢᠭᠲᠠᠢ ᠪᠠᠷ ᠬᠢᠵᠦ ᠬᠥᠳᠡᠯᠮᠦᠷᠢᠯᠡᠪᠡᠯ ᠠᠮᠵᠢᠯᠲᠠ ᠣᠯᠣᠨ᠎ᠠ ᠭᠡᠰᠡᠨ ᠤᠳᠬ᠎ᠠ ᠲᠠᠢ᠃              ᠨᠢᠳᠦᠨ ᠳᠤ ᠦᠵᠡᠭᠦᠯᠵᠦ ᠨᠢᠭᠡ ᠢᠳᠡᠭᠡᠳ ᠨᠢᠳᠦᠨ ᠲᠠᠯᠳᠠ ᠬᠤᠶᠠᠷ ᠢᠳᠡᠭᠡᠳ᠄ ᠬᠤᠪᠳᠤᠭ ᠵᠠᠩ᠃              ᠨᠢᠳᠦᠨ ᠳᠡᠭᠡᠨ ᠳᠠᠪᠤᠰᠤ ᠬᠢᠯᠭᠡᠮᠡᠷ᠄ ᠤᠭᠢᠯᠠᠭᠤᠯᠬᠤ᠃              ᠨᠢᠳᠦ ᠴᠢᠴᠢᠮ᠎ᠡ ᠬᠠᠷᠠᠩᠭᠤᠢ᠄ ᠲᠦᠨᠡᠷ ᠬᠠᠷᠠᠩᠭᠤᠢ᠃              ᠨᠢᠳᠦ ᠪᠠᠷ ᠢᠶᠠᠨ ᠢᠳᠡᠵᠦ ᠤᠷᠭᠢᠨ ᠠᠯᠳᠠᠬᠤ᠄ ᠮᠠᠭᠤᠬᠠᠢ ᠬᠠᠷᠠᠴᠠ ᠪᠠᠷ ᠰᠢᠷᠦᠭᠦᠨ ᠰᠢᠷᠲᠡᠭᠦ᠃ ︵ᠵᠠᠩ ᠶᠢᠩᠵᠠᠩ ᠬᠦᠢᠲᠡᠨ ᠢᠶᠠᠷ ᠢᠨᠢᠶᠡᠭᠡᠳ᠂ ᠸᠠᠩ ᠰᠢᠶᠠᠵᠠᠩ ᠢ ᠨᠢᠳᠦ ᠪᠠᠷ ᠢᠶᠠᠨ ᠢᠳᠡᠵᠦ ᠤᠷᠭᠢᠨ ᠠᠯᠳᠠᠭᠠᠳ᠃ - ᠬᠤᠩᠭᠤᠷ ᠤᠨ ᠪᠠᠳᠠᠢ᠄ ︽ᠳᠣᠯᠭᠢᠶᠠᠨᠲᠤ ᠬᠠᠶᠢᠳᠠᠭ︾᠂ P.143︶               ᠨᠢᠳᠦ ᠪᠠᠨ ᠪᠦᠯᠲᠡᠷᠡᠲᠡᠯ᠎ᠡ ᠬᠠᠯᠢᠶᠠᠬᠤ᠄ ᠭᠠᠶᠢᠬᠠᠬᠤ᠃ ᠶᠡᠬᠡᠳᠡ ᠬᠦᠰᠡᠵᠦ ᠡᠷᠡᠮᠡᠯᠵᠡᠬᠦ᠃              ᠨᠢᠳᠦᠨ ᠤ ᠪᠤᠭ ᠰᠢᠳᠤᠨ ᠤ ᠬᠤᠭ ᠪᠤᠯᠬᠤ᠄ ᠪᠤᠰᠤᠳ ᠲᠤ ᠮᠠᠭᠤ ᠦᠵᠡᠭᠳᠡᠬᠦ᠃              ᠨᠢᠳᠦ ᠨᠢ ᠵᠢᠳᠠ ᠪᠤᠯᠬᠤ᠄ ᠠᠭᠤᠷᠯᠠᠵᠤ ᠵᠠᠩᠨᠠᠭᠰᠠᠨ ᠰᠢᠷᠦᠭᠦᠨ ᠬᠠᠷᠠᠴᠠ᠃ ︵︽ᠮᠢᠨᠤ ᠠᠪᠤ ᠳᠤ ᠠᠪᠰᠠ ᠬᠢᠳᠡᠭ ᠮᠣᠳᠣᠨ ᠡᠨᠡ ᠠᠷᠤ ᠪᠠᠯ ᠠᠴᠠ ᠣᠯᠳᠠᠳᠠᠭ ᠦᠭᠡᠢ ᠵᠢᠭᠢ ᠤᠤ︖︾ ᠭᠡᠵᠦ ᠪᠤᠯᠲᠠᠭᠠᠷ ᠪᠦᠷ ᠠᠭᠤᠷᠯᠠᠭᠠᠳ ᠨᠢᠳᠦ ᠨᠢ ᠵᠢᠳᠠ ᠪᠣᠯᠪᠠ᠃ - ᠪᠠ᠊᠆ · ᠵᠠᠰᠠᠨ᠎ᠠ᠄ ︽ᠭᠠᠭᠴᠠ ᠬᠠᠷ᠎ᠠ ᠮᠣᠳᠣ︾ P.7︶               ᠨᠢᠳᠦ ᠪᠠᠨ ᠴᠢᠷᠮᠡᠭᠦ᠄ ᠴᠢᠮᠡᠭᠡ ᠳᠣᠬᠢᠶ᠎ᠠ ᠥᠭᠬᠦ᠃              ᠨᠢᠳᠦ ᠴᠢᠷᠮᠡᠭᠦ ᠶᠢᠨ ᠬᠤᠭᠤᠷᠣᠨᠳᠤ᠄ ᠬᠤᠷᠤᠮᠬᠠᠨ ᠵᠠᠭᠤᠷ᠎ᠠ              ᠨᠢᠳᠦ ᠲᠠᠯᠳᠠ ᠭᠠᠵᠠᠷ᠄ ᠡᠰᠡ ᠦᠵᠡᠭᠳᠡᠬᠦ ᠭᠠᠵᠠᠷ᠃              ᠨᠢᠳᠦᠨ ᠬᠤᠯᠠ ᠴᠢᠬᠢᠨ ᠲᠠᠯᠳᠠ᠄ ᠰᠡᠳᠬᠢᠯ ᠲᠠᠪᠠ ᠪᠠᠷ᠃              ᠨᠢᠳᠦᠨ ᠳᠤᠨᠢ ᠵᠠᠶᠢᠷ ᠭᠦᠶᠦᠬᠦ᠄ ᠤᠭᠢᠯᠠᠬᠤ᠃ ︵ᠨᠠᠰᠤᠲᠠᠢ ᠡᠵᠢ ᠪᠠᠶᠠᠷᠯᠠᠬᠤ ᠪᠠᠴᠢᠮᠳᠠᠬᠤ ᠬᠤᠣᠰᠯᠠᠵᠤ ᠨᠢᠳᠦᠨ ᠳᠤ ᠨᠢ ᠵᠠᠶᠢᠷ ᠭᠦᠶᠦᠵᠦ᠂ ᠳᠣᠷᠵᠢ ᠶᠢ ᠨᠢᠭᠡ ᠲᠠᠳᠠᠨ ᠦᠨᠦᠰᠪᠡ᠃ - ᠯ᠊ · ᠪᠠᠲᠤᠸ᠋ᠴᠢᠷ᠄ ︽ᠨᠠᠷᠠᠳᠤ ᠶᠢᠨ ᠨᠢᠭᠡ ᠡᠳᠦᠷ︾᠂ P.174︶               ᠨᠢᠳᠦᠨ ᠰᠢᠳᠤᠨ ᠪᠤᠯᠬᠤ᠄ ᠡᠵᠡᠨ ᠪᠤᠯᠬᠤ᠃              ᠨᠢᠭᠤᠷ ᠬᠠᠭᠠᠷᠠᠭᠠᠳ ᠦᠭᠡᠢ᠄ ᠠᠭᠤᠯᠵᠠᠭᠠᠳ ᠦᠭᠡᠢ᠃              ᠨᠢᠭᠤᠷ ᠬᠠᠭᠠᠷᠠᠬᠤ᠄ ᠢᠴᠢᠵᠦ ᠰᠢᠷᠪᠡᠶᠢᠳᠡᠭᠦ ᠦᠭᠡᠢ ᠪᠤᠯᠬᠤ᠂ ᠠᠭᠤᠯᠵᠠᠬᠤ᠃              ᠨᠢᠭᠤᠷ ᠲᠠᠭᠠᠨ ᠠᠷᠠᠰᠤ ᠬᠠᠯᠠᠬᠤ᠄ ① ᠢᠴᠢᠬᠦ ᠶᠢ ᠮᠡᠳᠡᠬᠦ ᠦᠭᠡᠢ② ᠶᠠᠮᠠᠷ ᠬᠡᠷᠡᠭ ᠬᠢᠭᠰᠡᠨ ᠴᠤ ᠢᠴᠢᠳᠡᠭ ᠦᠭᠡᠢ᠃ ︵ᠢᠴᠢᠭᠦᠷᠢ ᠦᠭᠡᠢ ᠬᠥᠮᠥᠨ ᠤ ᠨᠢᠭᠤᠷ ᠵᠤᠵᠠᠭᠠᠨ᠂ ᠡᠪᠡᠳᠴᠢᠨ ᠦᠭᠡᠢ ᠬᠥᠮᠥᠨ ᠤ ᠮᠠᠬᠠᠪᠤᠳ ᠵᠤᠵᠠᠭᠠᠨ ᠭᠡᠳᠡᠭ ᠰᠢᠭ ᠨᠢᠭᠤᠷ ᠲᠠᠭᠠᠨ ᠠᠷᠠᠰᠤ ᠬᠠᠯᠠᠭᠰᠠᠨ ᠢᠴᠢᠭᠦᠷᠢ ᠵᠤᠳᠤᠭᠤᠷᠢ ᠦᠭᠡᠢ ᠡᠨᠡ ᠶᠠᠩᠬᠠᠨ ᠡᠬᠡᠨᠡᠷ ᠤᠨ ᠲᠥᠯᠥᠭᠡ ᠁᠃ - ᠳᠤ · ᠨᠠᠶᠢᠳᠠᠢ᠄ ︽ᠰᠠᠯᠬᠢᠲᠤ ᠶᠢᠨ ᠳᠠᠪᠠᠭᠠᠨ ᠤ ᠲᠠᠭᠤᠨ︾᠂ P.99︶               ᠨᠢᠴᠦᠭᠦᠨ ᠬᠤᠨᠢ ᠶᠢ ᠬᠢᠷᠭᠠᠳᠠᠭ ᠦᠭᠡᠢ᠄ ᠨᠥᠬᠦᠴᠡᠯ ᠪᠣᠯᠣᠮᠵᠢ ᠪᠦᠷᠢᠳᠦᠭᠡ ᠦᠭᠡᠢ ᠪᠣᠯ ᠬᠥᠩᠭᠡᠨ ᠬᠠᠭᠤᠮᠠᠭᠠᠢ ᠪᠠᠷ ᠬᠥᠳᠡᠯᠵᠦ ᠪᠤᠯᠬᠤ ᠦᠭᠡᠢ᠃              ᠨᠢᠴᠠᠭ ᠲᠠᠴᠠᠭ ᠪᠤᠯᠬᠤ᠄ ᠶᠠᠭᠠᠷᠠᠵᠤ ᠶᠠᠪᠤᠬᠤ᠃ ᠦᠢᠮᠡᠭᠡᠨ ᠱᠤᠤᠭᠢᠶᠠᠨ ᠲᠠᠢ ᠳᠠᠭᠤ ᠭᠠᠷᠬᠤ᠃ ︵ᠮᠣᠷᠢᠨ ᠳᠠᠭᠠᠨ ᠮᠣᠷᠳᠠᠮᠠᠭᠴᠠ᠂ ᠨᠢᠴᠠᠭ ᠲᠠᠴᠠᠭ ᠪᠣᠯᠣᠭᠠᠳ ᠲᠠᠬ᠎ᠠ ᠲᠠᠢ ᠮᠣᠷᠢᠨ ᠤ ᠬᠥᠯ ᠠᠴᠠ ᠭᠠᠯ ᠰᠠᠴᠤᠷᠠᠨ᠂ ᠤᠳᠠᠭᠰᠠᠨ ᠦᠭᠡᠢ ᠰᠥᠨᠢ ᠶᠢᠨ ᠬᠠᠷᠠᠩᠭᠤᠢ ᠳᠤ ᠲᠠᠯᠳᠠ ᠣᠷᠣᠪᠠ᠃ - ᠳᠤ · ᠨᠠᠶᠢᠳᠠᠢ᠄ ︽ᠭᠢᠯᠢᠴᠠᠭᠠᠨ ᠨᠠᠭᠤᠷ ᠤᠨ ᠵᠡᠷᠭᠡᠯᠭᠡᠨ︾᠂ P.622︶               ᠨᠢᠷ ᠴᠠᠷ ᠬᠢᠬᠦ᠄ ᠱᠤᠤᠭᠢᠯᠳᠤᠬᠤ᠃ ︵ᠡᠭᠦᠨ ᠢ ᠳᠠᠭᠠᠯᠳᠤᠭᠠᠳ ᠵᠠᠷᠢᠮ ᠨᠢᠭᠡ ᠢᠳᠡᠷ ᠨᠠᠰᠤᠨ ᠪᠠ ᠵᠠᠯᠠᠭᠤ ᠬᠥᠮᠥᠰ ᠴᠤ ᠭᠠᠷᠴᠤ ᠢᠷᠡᠭᠡᠳ ᠨᠢᠷ ᠴᠠᠷ ᠪᠣᠯᠣᠯ᠎ᠠ᠃ - ᠲ᠊ · ᠨᠠᠮᠵᠢᠯ᠄ ︽ᠵᠡᠭᠦᠳᠦᠨ ᠤ ᠬᠤᠩᠭᠤᠷ ᠭᠤᠪᠢ ︾᠂ P.82︶               ᠨᠢᠷ ᠴᠤᠷ ᠭᠡᠬᠦ᠄ ᠱᠤᠤᠭᠢᠯᠳᠤᠬᠤ᠃ ︵ᠪᠠᠭ᠎ᠠ ᠬᠥᠪᠡᠭᠦᠳ ᠤᠨ ᠤᠬᠢᠯᠠᠯᠳᠤᠭᠰᠠᠨ ᠲᠠᠭᠤᠨ ᠡᠷᠳᠡᠨᠢ ᠶᠢᠨ ᠭᠡᠷ ᠵᠦᠭ ᠠᠴᠠ ᠨᠢᠷ ᠴᠤᠷ ᠭᠡᠵᠦ ᠪᠠᠶᠢᠬᠤ ᠰᠢᠭ᠋ ᠪᠣᠯᠣᠯ᠎ᠠ᠃ - ᠡ᠊ · ᠭᠡᠨᠵᠡᠢ᠄ ︽ᠦᠷ ᠤᠨ ᠡᠮᠦᠨ᠎ᠡ︾᠂ P.3︶               ᠨᠢᠷ ᠨᠢᠷ ᠭᠡᠳ᠄ ᠱᠤᠤᠭᠢᠯᠳᠤᠬᠤ᠃              ᠨᠢᠷ ᠭᠦᠷ ᠪᠤᠯᠬᠤ᠄ ᠱᠤᠤᠭᠢᠯᠳᠤᠬᠤ᠃ ︵ᠣᠷᠣᠢ ᠭᠡᠷ ᠲᠡᠭᠡᠨ ᠬᠠᠷᠢᠵᠤ ᠢᠷᠡᠬᠦᠯ᠎ᠡ ᠠᠪᠦ‍ ᠨᠢᠭᠡ ᠶᠡᠭᠡ ᠬᠠᠶᠢᠰᠤᠨ ᠮᠢᠬ᠎ᠠ ᠴᠢᠨᠠᠭᠠᠳ ᠲᠡᠳᠡᠭᠡᠷ ᠬᠥᠮᠥᠰ ᠲᠠᠢ ᠪᠠᠨ ᠢᠳᠡᠵᠦ ᠤᠤᠭᠤᠭᠠᠳ ᠨᠡᠯᠢᠶᠡᠳ ᠬᠠᠯᠠᠮᠰᠠᠭᠰᠠᠨ ᠨᠢᠷ ᠭᠦᠷ ᠪᠣᠯᠤᠭᠰᠠᠨ ᠪᠠᠶᠢᠵᠠᠢ᠃ - ᠳᠤ · ᠨᠠᠶᠢᠳᠠᠢ᠄ ︽ᠪᠤᠭᠤᠷᠤᠯ ᠭᠢᠷᠭᠤᠶᠢᠳᠤ︾᠂ P.392︶               
 
ᠢᠷᠡᠯᠲᠡ᠄ ᠠᠯᠠᠱᠠ ᠶᠢᠨ ᠡᠳᠦᠷ ᠤᠨ ᠰᠣᠨᠢᠨ 
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号