ᠰ | ᠵᠠ᠂ ᠲᠥᠭᠦᠷᠢᠭ ᠴᠠᠭᠠᠨ ᠦᠷᠭᠦᠭᠡᠨ ᠤ ᠲᠥᠪ ᠳᠤᠮᠳᠠ | ᠲᠦᠪᠰᠢᠨ ᠰᠠᠶᠢᠬᠠᠨ ᠲᠥᠷᠥᠯ ᠨᠥᠬᠦᠳ ᠤᠨ ᠢᠶᠠᠨ ᠳᠡᠷᠭᠡᠳᠡ | ᠪᠠᠶᠠᠯᠢᠭ ᠤᠨ ᠮᠠᠩᠯᠠᠢ ᠪᠣᠯᠤᠭᠰᠠᠨ | ᠪᠠᠶᠠᠰᠬᠤᠯᠠᠩ ᠦᠯᠡᠮᠵᠢ ᠴᠣᠭᠴᠠᠯᠠᠭᠰᠠᠨ ᠭᠡᠷ ᠤᠨ ᠳᠣᠲᠣᠷ᠎ᠠ | ᠪᠠᠶᠢᠰᠢᠩ ᠮᠡᠲᠦ ᠪᠠᠶᠢᠭᠤᠯᠤᠭᠰᠠᠨ ᠵᠤᠤᠬᠠᠨ ᠳᠤ | ᠪᠠᠭᠴᠠ ᠪᠠᠭᠴᠠ ᠪᠠᠷ ᠪᠠᠭᠰᠢᠷᠠᠭᠤᠯᠤᠭᠰᠠᠨ ᠲᠦᠯᠡᠰᠢ ᠪᠠᠨ | ᠪᠢᠯᠬᠠᠯᠵᠠᠲᠠᠯᠠ ᠨᠢ ᠲᠦᠯᠡᠵᠦ | ᠪᠠᠳᠠᠷᠠᠭᠰᠠᠨ ᠤᠯᠠᠭᠠᠨ ᠭᠠᠯ ᠢ ᠳᠦᠷᠡᠯᠵᠡᠭᠦᠯᠵᠦ | ᠪᠠᠲᠤ ᠰᠢᠷᠡᠮᠦᠨ ᠲᠣᠭᠤᠭ᠎ᠠ ᠶᠢ ᠪᠠᠨ ᠲᠠᠯᠪᠢᠭᠠᠳ | ᠪᠢᠯᠬᠠᠵᠤ ᠴᠠᠯᠭᠢᠭᠰᠠᠨ ᠪᠡᠯᠡᠭ ᠠᠶᠢᠷᠠᠭ ᠢᠶᠠᠨ ᠳᠦᠭᠦᠷᠭᠡᠵᠦ | ᠪᠢᠳᠡ ᠪᠦᠬᠦᠨ ᠳᠤ ᠬᠠᠶᠢᠷᠠᠯᠠᠬᠤ ᠭᠡᠭᠴᠢ ᠨᠢ | ᠪᠠᠳᠮ᠎ᠠ ᠰᠠᠷᠠᠨ ᠪᠦᠷᠭᠡᠷ ᠢ ᠲᠠᠯᠪᠢᠵᠤ | ᠪᠠᠰᠠ ᠳᠠᠷᠠᠭᠠᠯᠠᠨ ᠵᠢᠯᠠᠪᠴᠢ ᠶᠢ ᠴᠣᠭᠴᠠᠯᠠᠵᠤ | ᠬᠥᠨᠳᠡᠯᠡᠨ ᠶᠡᠭᠡ ᠣᠷᠢᠶᠠᠯᠲᠠ ᠪᠠᠷ ᠣᠷᠢᠶᠠᠵᠤ | ᠬᠦᠢᠲᠡᠨ ᠰᠠᠶᠢᠬᠠᠨ ᠤᠰᠤ ᠳᠦᠭᠦᠷᠭᠡᠵᠦ | ᠰᠢᠯᠤᠭᠤᠬᠠᠨ ᠰᠠᠶᠢᠬᠠᠨ ᠴᠣᠷᠭᠠ ᠶᠢ ᠬᠢᠵᠦ | ᠰᠢᠳᠤᠷᠭᠤ ᠰᠠᠶᠢᠬᠠᠨ ᠬᠠᠯᠪᠠᠭ᠎ᠠ ᠶᠢ ᠲᠣᠰᠴᠤ | ᠴᠢᠨ ᠪᠠᠲᠤ ᠯᠣᠩᠬᠤᠨ ᠳᠤ ᠰᠥᠩᠨᠡᠵᠦ ᠠᠪᠤᠭᠰᠠᠨ | ᠰᠢᠬᠢᠷ ᠪᠤᠷᠠᠮ ᠤᠨ ᠠᠮᠲᠠ ᠨᠠᠶᠢᠷᠠᠯᠳᠤᠭᠰᠠᠨ ᠮᠡᠲᠦ | ᠰᠠᠶᠢᠬᠠᠨ ᠠᠷᠢᠬᠢ ᠶᠢ | ᠠ ᠦᠰᠦᠭ ᠤᠨ ᠴᠢᠨᠠᠷ ᠲᠣᠭᠲᠠᠭᠰᠠᠨ | ᠠᠷᠪᠠᠨ ᠰᠠᠯᠠᠭᠠᠲᠦ ᠮᠣᠳᠣᠷ ᠲᠤ ᠲᠠᠨᠢ | ᠠᠭᠠᠷᠤ ᠽᠠᠨᠳᠠᠨ ᠬᠤᠨᠳᠠᠭᠠᠨ ᠳᠤ | ᠠᠮᠠᠰᠠᠷ ᠲᠡᠭᠰᠢ ᠳᠦᠭᠦᠷᠭᠡᠵᠦ | ᠠᠷᠢᠭᠤᠯᠠᠨ ᠳᠡᠪᠰᠢᠭᠦᠯᠦᠭᠡᠳ | ᠠᠶᠢᠯ ᠤᠨ ᠮᠠᠩᠯᠠᠢ | ᠠᠬ᠎ᠠ ᠶᠢᠨ ᠳᠡᠭᠡᠳᠦ | ᠠᠷᠪᠢᠨ ᠪᠤᠶᠠᠨ ᠲᠠᠢ | ᠠᠭᠯᠠᠭᠠ ᠶᠢᠨ ᠢᠷᠦᠭᠡᠯ ᠲᠠᠢ ᠲᠠᠩᠳᠠ | ᠠᠩᠬ᠎ᠠ ᠲᠡᠷᠢᠭᠦᠨ ᠠᠮᠰᠠᠬᠤ ᠶᠢ | ᠠᠶᠢᠯᠠᠳᠬᠠᠵᠤ ᠡᠷᠭᠦᠨ ᠳᠡᠪᠰᠢᠭᠦᠯᠦᠶ᠎ᠡ᠃ | | |