| | | ᠬᠠᠮᠤᠭ ᠤᠨ ᠠᠩᠬ ᠠ᠋ ᠢᠲ᠋ᠠᠯᠢ ᠶᠢᠨ ᠵᠢᠭᠤᠯᠴᠢᠨ ᠮᠠᠷᠺᠤ · ᠫᠣᠯᠣ ︽ᠣᠷᠴᠢᠯᠠᠩ ᠤᠨ ᠡᠯᠳᠡᠪ ᠰᠣᠨᠢᠨ︾ ᠬᠡᠮᠡᠬᠦ | ᠪᠦᠲᠦᠭᠡᠯ ᠳᠡᠭᠡᠨ ᠮᠣᠩᠭᠤᠯᠴᠣᠳ ᠤᠨ ᠶᠢᠷᠳᠢᠨᠴᠣ ᠶᠢ ᠪᠢᠴᠢᠵᠦ᠂ ᠲᠡᠭᠦᠨ ᠳᠡᠭᠡᠨ ᠮᠣᠩᠭᠤᠯᠴᠣᠳ ᠤᠨ ᠠᠬᠤᠢ | ᠰᠤᠶᠤᠯ ᠢ ᠳᠦᠷᠰᠦᠯᠡᠨ ᠲᠡᠯᠡᠬᠡᠢ ᠶᠢᠨ ᠰᠤᠨᠣᠷ ᠲᠤ ᠬᠦᠷᠭᠡᠵᠠᠢ᠃ ᠠᠳᠡ ᠴᠠᠭᠠᠨ ᠰᠠᠷ᠎ᠠ ᠶᠢ ᠬᠡᠷᠬᠢᠨ ᠲᠡᠮᠳᠡᠭᠯᠡᠳᠡᠭ | ᠲᠠᠯ᠎ᠠ ᠪᠠᠷ ᠮᠠᠷᠺᠤ ᠫᠣᠯᠣ ᠳᠤᠷᠠᠳᠬᠤ ᠳᠠᠭᠠᠨ᠄ ︽ᠮᠣᠩᠭᠤᠯ ᠤᠨ ᠶᠤᠰᠤᠨ ᠳᠤ ᠰᠢᠨ᠎ᠡ ᠵᠢᠯ ᠬᠤᠶᠠᠳᠣᠭᠠᠷ ᠰᠠᠷ᠎ᠠ ᠳᠤ | ᠡᠬᠢᠯᠡᠳᠡᠭ ᠁ ᠲᠡᠳᠡ ᠪᠦᠭᠦᠳᠡ ᠵᠠᠩᠰᠢᠯ ᠶᠤᠰᠤ ᠪᠠᠷ ᠡᠷᠡᠭᠲᠠᠢ᠂ ᠡᠮᠡᠭᠲᠠᠢ ᠢᠯᠭᠠᠯ ᠦᠭᠡᠢ ᠴᠢᠳᠠᠬᠤ ᠴᠢᠨᠡᠭᠡ ᠶᠢᠨ | ᠢᠶᠠᠨ ᠬᠢᠷᠢ ᠪᠠᠷ ᠴᠠᠭᠠᠨ ᠬᠤᠪᠴᠠᠰᠤ ᠡᠮᠦᠰᠳᠡᠭ᠃ ᠴᠠᠭᠠᠨ ᠬᠤᠪᠴᠠᠰᠤ ᠶᠢ ᠠᠵᠠ ᠵᠢᠷᠭᠠᠯ ᠤᠨ ᠪᠡᠯᠭᠡ ᠲᠡᠮᠳᠡᠭ | ᠬᠡᠮᠡᠬᠦ ᠲᠣᠯᠠ ᠲᠡᠭᠦᠨ ᠢ ᠶᠡᠭᠡ ᠬᠢᠳᠡᠭ᠃ ᠲᠡᠷᠡ ᠨᠢᠭᠡᠨ ᠵᠢᠯ ᠳᠡᠭᠡᠨ ᠠᠵᠠ ᠵᠢᠷᠭᠠᠯᠲᠠᠢ ᠠᠮᠤᠷ ᠲᠦᠪᠰᠢᠨ ᠪᠠᠶᠢᠬᠤ | ᠶᠢᠨ ᠲᠣᠯᠠ ᠲᠡᠶᠢᠨᠬᠦ ᠴᠠᠭᠠᠨ ᠬᠤᠪᠴᠠᠰᠤ ᠡᠮᠦᠰᠬᠦ ᠠᠵᠠᠢ᠃ ᠡᠨᠡ ᠡᠳᠦᠷ ᠶᠡᠭᠡ ᠬᠠᠭᠠᠨ ᠤ ᠬᠠᠷᠢᠶᠠᠲᠤ ᠵᠠᠰᠠᠭᠯᠠᠯ ᠤᠨ | ᠳᠤᠣᠷᠠᠬᠢ ᠪᠦᠬᠦ ᠠᠷᠠᠳ ᠣᠯᠠᠨ᠂ ᠣᠷᠤᠨ ᠳᠡᠯᠡᠬᠡᠢ᠂ ᠮᠣᠵᠢ ᠰᠠᠯᠪᠤᠷᠢ ᠬᠢᠭᠡᠳ ᠣᠯᠤᠰ ᠲᠠᠶᠠᠭᠠᠷ ᠴᠦᠮ ᠶᠡᠭᠡ | ᠬᠠᠭᠠᠨ ᠳᠤ ᠠᠷᠪᠢᠨ ᠪᠡᠯᠡᠭ ᠰᠡᠯᠲᠡ ᠠᠯᠳᠠ᠂ ᠮᠦᠩᠭᠦ᠂ ᠰᠤᠪᠣᠳ ᠲᠠᠨ᠎ᠠ᠂ ᠡᠷᠳᠡᠨᠢ ᠶᠢᠨ ᠴᠢᠯᠠᠭᠤ ᠬᠢᠭᠡᠳ ᠦᠨᠡᠲᠣ | ᠴᠠᠭᠠᠨ ᠪᠦᠰ ᠠᠷᠪᠢᠨ ᠶᠡᠭᠡ ᠪᠠᠷ ᠪᠡᠯᠡᠭᠯᠡᠨ ᠪᠠᠷᠢᠬᠤ ᠠᠵᠤᠭᠤ᠃ ᠲᠡᠷᠡ ᠨᠢᠭᠡᠨ ᠵᠢᠯ ᠳᠡᠭᠡᠨ ᠶᠡᠭᠡ ᠬᠠᠭᠠᠨ ᠤ | ᠬᠦᠷᠦᠩᠭᠡ ᠪᠠᠶᠠᠯᠢᠭ ᠣᠯᠠᠮ ᠶᠡᠭᠡ ᠪᠠᠷ ᠠᠷᠪᠢᠵᠢᠨ ᠳᠡᠯᠭᠡᠷᠡᠵᠣ᠂ ᠶᠡᠭᠡ ᠬᠠᠭᠠᠨ ᠳᠤ ᠪᠠᠶᠠᠷ ᠪᠠᠶᠠᠰᠬᠤᠯᠠᠩ ᠢ ᠬᠦᠷᠭᠡᠨ | ᠴᠡᠩᠬᠡᠯ ᠢ ᠪᠡᠯᠭᠡᠳᠡᠨ ᠬᠦᠰᠡᠵᠣ ᠡᠨᠡ ᠪᠦᠬᠦᠨ ᠢ ᠦᠢᠯᠡᠳᠳᠡᠭ ᠪᠠᠶᠢᠵᠠᠢ᠃ ᠲᠡᠭᠦᠨᠴᠢᠯᠡᠨ ᠨᠣᠶᠠᠳ ᠲᠠᠶᠢᠵᠢ᠂ | ᠪᠠᠭᠠᠳᠤᠷ ᠡᠷᠡᠰ ᠠᠴᠠ ᠡᠬᠢᠯᠡᠭᠡᠳ ᠡᠩ ᠤᠨ ᠬᠠᠷᠠᠴᠤ ᠠᠷᠠᠳ ᠤᠳ ᠬᠦᠷᠳᠡᠯ᠎ᠡ ᠴᠦᠮ ᠪᠡᠶ᠎ᠡ ᠪᠡᠶ᠎ᠡ ᠳᠡᠭᠡᠨ ᠴᠠᠭᠠᠨ | ᠦᠩᠭᠡ ᠶᠢᠨ ᠡᠳ᠋ ᠬᠠᠷᠢᠯᠴᠠᠨ ᠪᠡᠯᠡᠭᠯᠡᠵᠦ᠂ ᠵᠣᠯᠭᠠᠯᠳᠣᠨ ᠴᠡᠩᠭᠡᠯᠳᠦᠵᠦ᠂ ᠬᠦᠯ ᠲᠠᠢ ᠶᠡᠭᠡ ᠨᠠᠶᠢᠷ ᠬᠢᠬᠦ ᠶᠢᠨ ᠣᠴᠢᠷ | ᠪᠤᠯ ᠲᠡᠳᠡ ᠪᠦᠭᠦᠳᠡᠭᠡᠷ ᠲᠡᠷᠡ ᠨᠢᠭᠡᠨ ᠵᠢᠯ ᠳᠡᠭᠡᠨ ᠠᠵᠠ ᠵᠢᠷᠭᠠᠯᠲᠠᠢ ᠠᠮᠤᠷ ᠲᠦᠪᠰᠢᠨ ᠠᠵᠤ ᠲᠦᠷᠦᠬᠦ ᠶᠢᠨ | ᠪᠡᠯᠭᠡᠳᠡᠯ ᠪᠤᠯᠤᠨ᠎ᠠ᠃ ᠮᠥᠨ ᠬᠦ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠡᠳᠦᠷ᠂ ᠨᠢᠭᠡ ᠪᠤᠮ ᠭᠠᠷᠤᠢ ᠴᠠᠭᠠᠨ | ᠵᠢᠰᠦᠮ ᠤᠨ ᠠᠷᠭᠤᠮᠠᠭ ᠰᠠᠶᠢᠬᠠᠨ ᠬᠦᠯᠦᠭ ᠮᠤᠷᠢᠳ ᠢ ᠶᠡᠭᠡ ᠬᠠᠭᠠᠨ ᠳᠤ ᠪᠡᠯᠭᠡᠯᠡᠬᠦ ᠪᠦᠯᠦᠭᠡ᠃ ᠮᠦᠨ ᠡᠨᠡ ᠡᠳᠦᠷ | ᠠᠩ ᠠᠷᠢᠶᠠᠲᠠᠨ᠂ ᠵᠢᠭᠦᠷᠲᠡᠨ ᠰᠢᠪᠠᠭᠤ ᠬᠠᠳᠬᠤᠮᠠᠯ ᠭᠡᠭᠡᠯᠡᠭᠰᠡᠨ ᠴᠠᠭᠠᠨ ᠦᠩᠭᠡ ᠶᠢᠨ ᠲᠣᠬᠤᠰᠢ ᠨᠦᠮᠦᠷᠭᠡᠭᠰᠡᠨ | ᠲᠠᠪᠣᠨ ᠮᠢᠩᠭᠠᠨ ᠵᠠᠭᠠᠨ ᠠᠪᠴᠣ ᠢᠷᠡᠨ᠎ᠡ︾ [ ᠮᠠᠷᠺᠤ ᠫᠣᠯᠣ 1987᠄ 181 ] ᠭᠡᠵᠦ ᠦᠪᠡᠷ ᠤᠨ ᠲᠡᠮᠳᠡᠭᠯᠡᠯ ᠳᠤ | ᠪᠠᠨ ᠦᠯᠡᠳᠡᠭᠡᠭᠰᠡᠨ ᠠᠴᠠ ᠬᠤᠪᠢᠯᠠᠢ ᠬᠠᠭᠠᠨ ᠤ ᠣᠷᠳᠣᠨ ᠳᠤ ᠴᠠᠭᠠᠨ ᠰᠠᠷ᠎ᠠ ᠶᠢᠨ ᠪᠠᠶᠠᠷ ᠬᠡᠷᠬᠢᠨ ᠲᠡᠮᠳᠡᠭᠯᠡᠳᠡᠭ | ᠪᠠᠶᠢᠭᠰᠠᠨ ᠢ ᠮᠡᠳᠡᠵᠦ ᠪᠤᠯᠤᠨ᠎ᠠ᠃ | ᠴ᠊᠂ ᠲᠠᠮᠳᠢᠨᠰᠦ᠋ᠷᠦᠩ ︽ᠬᠤᠪᠢᠯᠠᠢ ᠰᠡᠴᠡᠨ ᠬᠠᠭᠠᠨ ᠤ ᠦᠶ᠎ᠡ ᠳᠤ ᠴᠠᠭᠠᠨ ᠰᠠᠷ᠎ᠠ ᠶᠢ ᠨᠠᠮᠤᠷ ᠠᠴᠠ | ᠰᠢᠯᠵᠢᠭᠦᠯᠵᠦ ᠬᠠᠪᠤᠷ ᠤᠨ ᠪᠠᠶᠠᠷ ᠲᠠᠢ ᠨᠢᠭᠡᠳᠭᠡᠵᠦ ᠬᠠᠪᠤᠷ ᠤᠨ ᠲᠡᠷᠢᠭᠦᠨ ᠰᠠᠷ᠎ᠠ ᠳᠤ ᠶᠣᠰᠣᠯᠠᠬᠤ ᠪᠣᠯᠣᠭᠰᠠᠨ | ᠪᠣᠯᠣᠯᠲᠠᠢ︾ [ ᠴ᠊᠂ ᠲᠠᠮᠳᠢᠨᠰᠦ᠋ᠷᠦᠩ᠂ 1944. ᠨᠣᠮᠧᠷ 8 ] ᠭᠡᠵᠦ ᠦᠵᠡᠭᠰᠡᠨ ᠪᠠᠶᠢᠳᠠᠭ᠃ ᠬᠠᠷᠢᠨ ᠳᠤᠷᠵᠢ | ᠪᠠᠨᠵᠧᠷᠤᠸᠧ ︽ᠮᠣᠩᠭᠤᠯ ᠤᠨ ᠰᠢᠨ᠎ᠡ ᠣᠨ ᠣᠷᠢᠳᠦ ᠨᠠᠮᠤᠷ ᠤᠨ 9 ᠳ᠋ᠦ᠋ᠭᠡᠷ ᠰᠠᠷ᠎ᠠ ᠳᠤ ᠡᠬᠢᠯᠡᠵᠦ ᠪᠠᠶᠢᠭᠰᠠᠨ | ᠪᠦᠭᠡᠳ ᠡᠨᠡ ᠰᠠᠷ᠎ᠠ ᠳᠤ ᠲᠠᠷᠠᠭ ᠡᠯᠪᠡᠭ ᠪᠠᠶᠢᠳᠠᠭ ᠲᠣᠯᠠ ᠴᠠᠭᠠᠨ ᠰᠠᠷ᠎ᠠ ᠭᠡᠳᠡᠭ ᠪᠣᠯᠪᠡ︾ [ ᠲᠣᠷᠵᠢ ᠪᠠᠨᠵᠧᠷᠤᠸᠧ | ᠂ 1935᠂ ] ᠭᠡᠮᠡᠨ ᠪᠢᠴᠢᠭᠰᠡᠨ ᠪᠤᠯ ᠭ᠊᠂ ᠴ᠊᠂ ᠴᠢᠸ᠋ᠪᠢᠺᠣᠸᠧ ︽ᠮᠣᠩᠭᠤᠯᠴᠣᠳ ᠤᠨ ᠨᠡᠭᠦᠳᠡᠯᠴᠢ ᠮᠠᠯᠴᠢᠨ | ᠠᠷᠠᠳ ᠤᠨ ᠬᠤᠪᠢ ᠳᠤ ᠮᠠᠯ ᠰᠦᠷᠦᠭ ᠨᠢ ᠦᠷ᠎ᠠ ᠲᠦᠯ ᠠᠪᠴᠣ ᠬᠦᠴᠦ ᠲᠠᠷᠭᠤ ᠨᠢ ᠢᠳᠡ ᠭᠦᠢᠴᠡᠭᠰᠡᠨ ᠨᠠᠮᠤᠷ | ᠤᠨ ᠰᠠᠷ᠎ᠠ ᠳᠤ ᠰᠢᠨ᠎ᠡ ᠵᠢᠯ ᠢᠶᠠᠨ ᠲᠡᠮᠳᠡᠭᠯᠡᠵᠦ ᠦᠪᠡᠷᠰᠡᠳ ᠲᠡᠭᠡᠨ ᠪᠤᠯᠤᠨ ᠮᠠᠯ ᠰᠦᠷᠦᠭ ᠲᠡᠭᠡᠨ ᠨᠠᠰᠤ ᠨᠡᠮᠡᠳᠡᠭ︾ | [ ᠴᠢᠸ᠋ᠪᠢᠺᠣᠸᠧ᠂ 1981. ] ᠭᠡᠵᠦ ᠲᠡᠮᠳᠡᠭᠯᠡᠵᠠᠢ᠃ ᠲᠡᠭᠦᠨᠴᠢᠯᠡᠨ ᠲᠡᠣᠬᠡᠴᠢ ᠴ᠊᠂ ᠳᠠᠯᠠᠢ ︽ᠮᠣᠩᠭᠤᠯᠴᠣᠳ ᠵᠢᠯ | ᠤᠨ ᠲᠦᠷᠪᠡᠨ ᠣᠯᠠᠷᠢᠯ ᠳᠤ ᠨᠢᠭᠡ ᠣᠳᠠᠭ᠎ᠠ ︽ᠰᠦᠨ ᠰᠠᠷ᠎ᠠ︾ ᠭᠡᠵᠦ ᠨᠡᠷᠡᠯᠡᠳᠡᠭ ᠵᠠᠩᠰᠢᠯ ᠲᠠᠢ ᠶᠠᠪᠣᠵᠤ ᠢᠷᠡᠵᠡᠢ᠃ | ᠡᠨᠡ ᠨᠢ ᠮᠣᠩᠭᠤᠯᠴᠣᠳ ᠡᠷᠲᠠ ᠦᠶ᠎ᠡ ᠳᠤ ᠴᠠᠭᠠᠨ ᠰᠠᠷ᠎ᠠ ᠪᠤᠶᠤ ᠰᠢᠨ᠎ᠡ ᠣᠨ ᠢᠶᠠᠨ ᠴᠠᠭᠠᠨ ᠢᠳᠡᠭᠡ ᠡᠯᠪᠡᠭ | ᠨᠠᠮᠤᠷ ᠤᠨ ᠰᠠᠷ᠎ᠠ ᠳᠤ ᠬᠢᠳᠡᠭ ᠪᠠᠶᠢᠭᠰᠠᠨ᠂ ᠡᠭᠦᠨ ᠠᠴᠠ ᠡᠭᠦᠳᠦᠨ ︽ᠴᠠᠭᠠᠨ ᠰᠠᠷ᠎ᠠ︾ ᠭᠡᠮᠡᠨ ᠨᠡᠷᠡᠯᠡᠭᠳᠡᠬᠦ | ᠪᠣᠯᠣᠭᠰᠠᠨ ᠪᠠᠶᠢᠨ᠎ᠠ︾ ᠭᠡᠵᠦ ᠦᠵᠡᠭᠰᠡᠨ᠃ | ᠲᠡᠣᠬᠡᠨ ᠲᠠᠯ ᠠ᠋ ᠠᠴᠠ ᠨᠢ ᠡᠳᠡᠭᠡᠷ ᠡᠷᠳᠡᠮᠲᠡᠳ ᠨᠡᠯᠢᠶᠡᠳ ᠰᠠᠶᠢᠨ ᠰᠣᠳᠣᠯᠵᠣ ᠡᠨᠡᠬᠦ ᠳ᠋ᠦᠩᠨᠡᠯᠲᠡ ᠪᠠᠨ ᠭᠠᠷᠭᠠᠭᠰᠠᠨ | ᠭᠡᠳᠡᠭ ᠨᠢ ᠬᠠᠷᠠᠭᠳᠠᠳᠠᠭ᠃ | | | | | |