| | ᠵᠠ | ᠬᠥᠬᠡ ᠮᠥᠩᠭᠦᠨ ᠲᠩᠷᠢ ᠶᠢᠨ ᠠᠭᠠᠷ ᠠᠴᠠ | ᠬᠥᠰᠢᠭᠡᠯᠡᠨ ᠲᠠᠲᠠᠭᠰᠠᠨ | ᠬᠥᠬᠡ ᠪᠠᠷᠠᠭᠠᠨ ᠡᠭᠦᠯᠡᠨ ᠳᠤ ᠨᠢ | ᠭᠠᠯ ᠮᠡᠲᠦ ᠴᠠᠬᠢᠯᠭᠠᠨ ᠭᠠᠷᠴᠤ | ᠭᠠᠶᠢᠬᠠᠮᠰᠢᠭᠲᠤ ᠬᠤᠷ᠎ᠠ ᠪᠠᠭᠤᠵᠤ | ᠭᠠᠳᠠᠭᠰᠠᠨ ᠰᠣᠯᠣᠩᠭ᠎ᠠ ᠲᠠᠲᠠᠵᠤ | ᠠᠷᠪᠠᠨ ᠥᠩᠭᠡ ᠶᠢᠨ ᠴᠡᠴᠡᠭ | ᠠᠯᠠᠭᠯᠠᠨ ᠳᠡᠯᠭᠡᠷᠡᠵᠦ | ᠠᠴᠢᠲᠠᠢ ᠰᠦᠷᠦᠭ ᠨᠢ ᠢᠳᠡᠭᠡᠰᠢᠯᠡᠵᠡᠢ᠃ | ᠵᠠ | ᠬᠤᠯᠠ ᠰᠠᠶᠢᠬᠠᠨ ᠵᠡᠯ᠎ᠡ ᠪᠠᠨ | ᠬᠤᠶᠢᠭᠤᠷ ᠢᠶᠠᠨ ᠲᠠᠲᠠᠵᠤ | ᠤᠷᠲᠤ ᠰᠠᠶᠢᠬᠠᠨ ᠵᠡᠯ᠎ᠡ ᠪᠠᠨ | ᠤᠷᠳᠤᠭᠤᠷ ᠢᠶᠠᠨ ᠲᠠᠲᠠᠵᠤ | ᠬᠥᠨᠳᠡᠢ ᠪᠠᠷ ᠳᠦᠭᠦᠷᠡᠩ | ᠬᠥᠬᠡ ᠠᠯᠠᠭ ᠠᠳᠤᠭᠤ ᠪᠠᠨ ᠴᠤᠭᠯᠠᠭᠤᠯᠵᠤ | ᠤᠷᠭᠠᠨ ᠤ ᠤᠷᠲᠤ ᠶᠢ ᠪᠠᠷᠢᠵᠤ | ᠬᠤᠶᠢᠪᠢᠨ ᠤ ᠴᠡᠭᠡᠯ ᠢ ᠤᠶᠠᠵᠤ | ᠬᠤᠢ ᠰᠠᠯᠬᠢ ᠰᠢᠭ᠋ | ᠬᠤᠷᠳᠤᠨ ᠮᠣᠷᠢ ᠪᠠᠨ ᠪᠠᠷᠢᠵᠤ | ᠬᠤᠯᠠᠨ᠂ ᠲᠠᠬᠢ ᠪᠣᠯᠤᠭᠰᠠᠨ | ᠤᠨᠠᠭ᠎ᠠ ᠪᠠᠨ ᠤᠷᠭᠠᠯᠠᠵᠤ | ᠳᠠᠯᠠᠨ ᠬᠥᠮᠦᠨ ᠳᠠᠷᠤᠵᠤ ᠨᠣᠭᠲᠣᠯᠠᠭᠠᠳ | ᠨᠠᠶᠠᠨ ᠬᠥᠮᠦᠨ ᠨᠠᠶᠢᠷᠠᠯᠠᠨ ᠴᠢᠭᠲᠠᠯᠠᠭᠠᠳ | ᠨᠠᠷᠢᠨ ᠭᠤᠷᠮᠤᠰᠤᠨ ᠵᠡᠯ᠎ᠡ ᠪᠠᠨ | ᠨᠠᠴᠢᠨ ᠵᠠᠭᠠᠨ ᠢᠶᠠᠷ ᠢᠶᠠᠨ ᠴᠢᠩᠭᠠᠷᠠᠭᠤᠯᠵᠤ | ᠤᠷᠲᠤ ᠰᠠᠶᠢᠬᠠᠨ ᠭᠠᠳᠠᠰᠤ ᠪᠠᠨ | ᠤᠷᠠᠨ ᠵᠠᠩᠰᠢᠯ ᠲᠠᠢ ᠮᠤᠨᠠ ᠪᠠᠷ ᠢᠶᠠᠨ ᠲᠦᠭᠵᠢᠭᠦᠯᠵᠦ | ᠤᠶᠠᠭᠰᠠᠨ ᠤᠨᠠᠭ᠎ᠠ ᠶᠤᠮ ᠪᠢᠵᠡ ᠡ᠃ | ᠵᠡᠯᠡᠯᠡᠭᠰᠡᠨ ᠤᠨᠠᠭ᠎ᠠ ᠴᠢᠨᠢ | ᠵᠡᠭᠡᠷ᠎ᠡ ᠭᠥᠷᠦᠭᠡᠰᠦᠨ ᠠᠴᠠ ᠣᠯᠠᠨ | ᠨᠣᠭᠲᠣᠯᠠᠭᠰᠠᠨ ᠤᠨᠠᠭ᠎ᠠ ᠴᠢᠨᠢ | ᠨᠤᠭᠲᠤᠷᠤ ᠰᠢᠪᠠᠭᠤᠨ ᠠᠴᠠ ᠣᠯᠠᠨ | ᠡᠬᠡ ᠶᠢᠨ ᠢᠶᠠᠨ ᠳᠡᠷᠭᠡᠳᠡ᠂ | ᠡᠩ ᠲᠠᠢ ᠴᠠᠭᠠᠨ | ᠢᠰᠡᠭᠡᠢ ᠪᠠᠨ ᠳᠡᠪᠢᠰᠴᠦ | ᠡᠯᠳᠡᠪ ᠵᠦᠢᠯ ᠤᠨ | ᠢᠳᠡᠭᠡ ᠤᠮᠳᠠᠭᠠᠨ ᠢᠶᠠᠨ | ᠡᠩᠨᠡᠭᠦᠯᠦᠨ ᠲᠠᠯᠪᠢᠵᠤ | ᠠᠵᠢᠨᠠᠢ ᠴᠠᠭᠠᠨ ᠬᠥᠯᠥᠭ ᠤᠨ ᠢᠶᠠᠨ ᠴᠡᠭᠡ ᠶᠢ | ᠠᠯᠲᠠᠨ ᠮᠥᠩᠭᠦᠨ ᠴᠠᠭᠠᠷᠢᠭ ᠲᠠᠢ | ᠠᠭᠠᠷᠤ ᠽᠠᠨᠳᠠᠨ ᠠᠭᠠᠷᠤᠤᠨ ᠳᠠᠭᠠᠨ | ᠠᠮᠠᠰᠠᠷ ᠲᠡᠭᠰᠢ ᠳᠦᠭᠦᠷᠭᠡᠭᠡᠳ | ᠠᠷᠪᠠᠨ ᠵᠦᠭ ᠲᠤ ᠨᠢ ᠰᠠᠴᠤᠯᠢ ᠪᠣᠯᠭᠠᠨ ᠡᠷᠭᠦᠵᠦ | ᠠᠳᠤᠭᠤᠨ ᠰᠦᠷᠦᠭ ᠤᠨ ᠢᠶᠠᠨ ᠪᠠᠶᠠᠷ ᠢ ᠶᠣᠰᠣᠯᠠᠵᠤ ᠪᠦᠬᠦᠢ ᠳᠤ | ᠠᠪᠤ ᠶᠢᠨ ᠢᠶᠠᠨ ᠪᠤᠶᠠᠨ ᠳᠤ | ᠠᠷᠪᠢᠨ ᠰᠠᠶᠢᠬᠠᠨ | ᠡᠵᠢ ᠶᠢᠨ ᠢᠶᠠᠨ ᠪᠤᠶᠠᠨ ᠳᠤ | ᠡᠯᠪᠡᠭ ᠰᠠᠶᠢᠬᠠᠨ | ᠶᠠᠭᠤ ᠰᠠᠨᠠᠭᠰᠠᠨ ᠶᠢᠰᠦᠨ ᠬᠦᠰᠡᠯ | ᠠᠯᠳᠠᠷ ᠨᠡᠷ᠎ᠡ ᠠᠷᠪᠠᠨ ᠴᠠᠭᠠᠨ ᠪᠤᠶᠠᠨ ᠨᠢ | ᠰᠦᠨ ᠳᠠᠯᠠᠢ ᠮᠡᠲᠦ ᠥᠷᠭᠡᠨ ᠳᠡᠯᠭᠡᠷᠡᠵᠦ | ᠪᠠᠳᠠᠷᠠᠨ ᠲᠤᠨᠤᠷᠠᠵᠤ ᠪᠠᠶᠢᠬᠤ ᠶᠢᠨ | ᠪᠡᠯᠭᠡ ᠲᠠᠢ ᠢᠷᠦᠭᠡᠯ ᠢ ᠨᠡᠶᠢᠲᠡ ᠶᠢᠨ ᠳᠤᠮᠳᠠ | ᠮᠠᠰᠢᠳᠠ ᠳᠡᠪᠰᠢᠭᠦᠯᠦᠨ ᠠᠶᠢᠯᠠᠳᠬᠠᠶ᠎ᠠ᠃ | |