﹇ᠢᠷᠦᠭᠡᠯ ᠮᠠᠭᠲᠠᠭᠠᠯ﹈ ᠠᠷᠪᠠᠨ ᠬᠤᠶᠠᠷ ᠵᠢᠯ ᠤᠨ ᠮᠠᠭᠲᠠᠭᠠᠯ
ᠨᠡᠶᠢᠲᠡᠯᠡᠭᠰᠡᠨ ᠴᠠᠭ᠄
2024/12/31
ᠠᠯᠲᠠᠨ ᠳᠡᠯᠡᠬᠡᠢ ᠳᠤ ᠨᠦᠬᠡ ᠲᠠᠢ ᠠᠮᠤ ᠦᠷ᠎ᠡ ᠶᠢᠨ ᠢᠲᠡᠰᠢ ᠲᠠᠢ ᠠᠤᠠᠬᠤ ᠶᠢᠨ ᠴᠢᠨᠡᠭᠡ ᠪᠡᠶ᠎ᠡ ᠲᠠᠢ ᠠᠮᠠ ᠴᠠᠭᠠᠨ ᠬᠤᠯᠤᠭᠠᠨ᠎ᠠ ᠵᠢᠯ᠃ ᠠᠪᠤᠷᠭᠤ ᠬᠤᠶᠠᠷ ᠡᠪᠡᠷ ᠲᠠᠢ ᠠᠷᠠᠯ ᠳᠦᠭᠦᠷᠡᠩ ᠪᠡᠶ᠎ᠡ ᠲᠠᠢ ᠠᠷᠰᠯᠠᠨ ᠵᠠᠭᠠᠨ ᠤ ᠴᠢᠲᠠᠯ ᠲᠠᠢ ᠠᠴᠢ ᠶᠡᠬᠡᠲᠡᠢ ᠦᠬᠡᠷ ᠵᠢᠯ᠃ ᠠᠭᠤᠯᠠ ᠮᠤᠲᠤᠨ ᠳᠤ ᠨᠤᠲᠤᠭ ᠲᠠᠢ ᠠᠷᠪᠠᠨ ᠪᠤᠬ᠎ᠠ ᠶᠢᠨ ᠢᠲᠡ ᠲᠠᠢ ᠠᠮᠢᠲᠠᠨ ᠪᠥᠬᠦᠨ ᠢ ᠠᠶᠤᠯᠭᠠᠲᠠᠭ ᠠᠭᠤᠷ ᠶᠡᠬᠡᠲᠡᠢ ᠪᠠᠷᠰ ᠵᠢᠯ᠃ ᠪᠤᠲᠠ ᠪᠤᠷᠭᠠᠰᠤᠨ ᠳᠤ ᠬᠡᠪᠲᠡᠷᠢ ᠲᠠᠢ ᠪᠤᠭᠤᠷᠤᠯ ᠰᠠᠭᠠᠷᠠᠯ ᠵᠢᠰᠦ ᠲᠠᠢ ᠪᠣᠰᠤᠬ᠋᠎ᠠ ᠬᠤᠶᠠᠷ ᠴᠢᠬᠢ ᠲᠠᠢ ᠪᠣᠰᠣᠨ ᠬᠠᠷᠠᠶᠢᠲᠠᠭ ᠲᠠᠤᠯᠠᠢ ᠵᠢᠯ᠃ ᠠᠭᠠᠷ ᠲᠩᠷᠢ ᠳᠤ ᠨᠤᠲᠤᠭ ᠲᠠᠢ ᠠᠶᠤᠩᠬ᠋᠎ᠠ ᠡᠭᠦᠯᠡ ᠶᠢᠨ ᠬᠥᠯᠥᠭ ᠲᠠᠢ ᠠᠷᠪᠠᠨ ᠨᠠᠢᠮᠠᠨ ᠣᠪᠢᠲᠠᠰ ᠲᠠᠢ ᠠᠪᠤᠷᠭᠤ ᠳᠠᠭᠤᠨ ᠲᠠᠢ ᠯᠤᠤ ᠵᠢᠯ᠃ ᠠᠭᠤᠯᠠ ᠶᠢᠨ ᠬᠠᠵᠠᠭᠤ ᠳᠤ ᠬᠡᠪᠲᠡᠰᠢ ᠲᠠᠢ ᠤᠷᠲᠤ ᠳᠡᠭᠡᠰᠦᠨ ᠪᠡᠶ᠎ᠡ ᠲᠠᠢ ᠤᠯᠤᠰ ᠪᠦᠬᠦᠨ ᠢ ᠰᠢᠷ ᠬᠢᠯᠭᠡᠳᠡᠭ ᠤᠷᠠᠨ ᠬᠡᠯᠡ ᠲᠠᠢ ᠮᠣᠭᠠᠢ ᠵᠢᠯ᠃ ᠠᠯᠤᠰ ᠭᠠᠵᠠᠷ ᠭᠦᠶᠦᠲᠡᠯ ᠲᠠᠢ ᠠᠲᠠᠷ ᠬᠡᠭᠡᠷ᠎ᠡ ᠨᠤᠲᠤᠭ ᠲᠠᠢ ᠠᠶᠠᠨ ᠵᠠᠮ  ᠳᠤ ᠳᠦᠰᠢᠭ ᠲᠠᠢ ᠠᠤᠬ᠋᠎ᠠ ᠬᠦᠴᠦᠲᠦ ᠮᠣᠷᠢᠨ ᠵᠢᠯ᠃ ᠳᠤᠭᠤᠢ ᠰᠠᠶᠢᠬᠠᠨ ᠰᠡᠭᠦᠯ ᠲᠠᠢ ᠳᠤᠭᠤᠷᠠᠭ ᠬᠤᠶᠠᠷ ᠡᠪᠡᠷ ᠲᠠᠢ ᠳᠤᠩ ᠴᠠᠭᠠᠨ ᠨᠣᠣᠰᠣ ᠲᠠᠢ ᠳᠤᠷᠠᠰᠬᠠᠯ ᠰᠠᠶᠢᠬᠠᠨ ᠬᠤᠨᠢᠨ ᠵᠢᠯ᠃ ᠬᠦᠷᠡᠩ ᠤᠯᠠᠭᠠᠨ ᠵᠢᠰᠦ ᠲᠠᠢ ᠬᠥᠮᠦᠨ ᠠᠲᠠᠯᠢ ᠠᠭᠠᠰᠢ ᠲᠠᠢ ᠬᠦᠪᠴᠢ ᠣᠢ ᠪᠠᠷ ᠬᠠᠷᠠᠶᠢᠯᠠᠲᠠᠭ ᠬᠦᠩᠭᠡᠨ ᠱᠠᠯᠠᠮᠠᠭᠠᠢ ᠪᠡᠴᠢᠨ ᠵᠢᠯ᠃ ᠴᠠᠪ ᠴᠠᠭᠠᠨ ᠪᠡᠶ᠎ᠡ ᠲᠠᠢ ᠴᠠᠭᠠᠨ ᠤᠯᠠᠭᠠᠨ ᠵᠢᠰᠦ ᠲᠠᠢ ᠴᠠᠭ ᠴᠠᠭ ᠲᠤ ᠪᠠᠨ ᠳᠤᠤᠭᠠᠷᠳᠠᠭ ᠴᠠᠭ ᠢ ᠮᠡᠳᠡᠭᠡᠯᠡᠳᠡᠭ ᠳᠠᠬᠢᠶ᠎ᠠ ᠵᠢᠯ᠃ ᠬᠦᠪ ᠬᠠᠪ ᠳᠠᠭᠤᠨ ᠲᠠᠢ ᠬᠤᠲᠠ ᠬᠤᠷᠤᠬ᠋᠎ᠠ ᠪᠠᠨ ᠮᠠᠨᠠᠲᠠᠭ ᠬᠦᠮᠦᠨ ᠤ ᠥᠪᠡᠷ ᠤᠨ ᠬᠢᠨ ᠢ ᠢᠯᠭᠠᠲᠠᠭ ᠬᠤᠲᠠᠴᠢ ᠰᠠᠶᠢᠬᠠᠨ ᠨᠣᠬᠠᠢ ᠵᠢᠯ᠃ ᠬᠦ᠋ ᠬᠠᠷ᠎ᠠ ᠪᠡᠶ᠎ᠡ ᠲᠠᠢ ᠬᠤᠷᠴᠢᠭᠢᠨᠠᠬᠤ ᠰᠣᠨᠢᠨ ᠳᠠᠭᠤᠨ ᠲᠠᠢ ᠬᠦᠷᠦᠰᠦᠲᠦ ᠭᠠᠵᠠᠷ ᠢ ᠤᠷᠪᠠᠭᠤᠯᠬᠤ ᠬᠦᠴᠦ ᠶᠡᠬᠡᠲᠡᠢ ᠭᠠᠭ᠋ᠠᠢ ᠵᠢᠯ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号