ᠠᠯᠲᠠᠨᠪᠠᠶᠠᠷ | | | | ᠲᠡᠮᠡᠭᠡ ᠲᠡᠮᠡᠭᠡ ᠭᠦᠶᠦᠳᠡᠯ ᠲᠠᠢ ᠰᠡᠮᠪᠡᠭᠡᠷ ᠬᠠᠷ᠎ᠠ ᠡᠭᠦᠯᠡ | ᠲᠡᠰᠢᠵᠦ ᠢᠷᠡᠬᠦ ᠨᠢ ᠪᠣᠷᠣᠭᠠᠨ ᠶᠤᠮ | ᠵᠢᠷᠤᠭ᠎ᠠ ᠵᠢᠷᠤᠭ᠎ᠠ ᠶᠠᠪᠤᠳᠠᠯ ᠲᠠᠢ ᠵᠣᠵᠢᠭ ᠴᠠᠭᠠᠨ ᠰᠠᠯᠬᠢ | ᠰᠢᠯᠢᠷᠡᠵᠦ ᠬᠤᠯᠠᠳᠬᠤ ᠨᠢ ᠣᠨ ᠴᠠᠭ ᠶᠤᠮ | ᠮᠢᠩᠭ᠎ᠠ ᠮᠢᠩᠭ᠎ᠠ ᠨᠠᠪᠴᠢ ᠲᠠᠢ ᠭᠠᠯ ᠰᠢᠷᠭᠠᠯ ᠲᠣᠣᠷᠠᠢ | ᠰᠢᠯᠭᠡᠭᠡᠵᠦ ᠬᠠᠷᠠᠭᠳᠠᠬᠤ ᠨᠢ ᠤᠯᠠᠷᠢᠯ ᠶᠤᠮ | ᠤᠷᠢ ᠵᠠᠯᠠᠭᠰᠠᠨ ᠪᠣᠷᠣᠭᠠᠨ ᠵᠦᠰᠡᠷᠡᠨ᠎ᠡ᠂ ᠨᠤᠲᠤᠭ ᠮᠢᠨᠢ | ᠣᠨ ᠴᠠᠭ ᠤᠨ ᠰᠠᠯᠬᠢ ᠢᠰᠭᠡᠷᠦᠨ᠎ᠡ᠂ ᠨᠤᠲᠤᠭ ᠮᠢᠨᠢ | ᠳᠥᠷᠪᠡᠨ ᠮᠥᠩᠬᠡ ᠳᠤ ᠲᠣᠭᠲᠠᠭᠤᠨ ᠪᠠᠶᠢᠨ᠎ᠠ᠂ ᠨᠤᠲᠤᠭ ᠮᠢᠨᠢ | ᠠᠳᠤᠭᠤ ᠲᠤᠷᠭᠢᠯᠳᠤᠬᠤ ᠨᠢ ᠠᠮᠠᠷᠠᠭ ᠠᠶᠠᠯᠭᠤ | ᠰᠠᠷᠠᠨ ᠮᠠᠩᠨᠠᠢ ᠲᠠᠢ ᠮᠥᠩᠭᠦᠨ ᠰᠥᠨᠢ ᠶᠢᠨ ᠳᠠᠭᠤᠤ | ᠣᠳᠣᠳ ᠠᠨᠢᠪᠴᠢᠬᠤ ᠨᠢ ᠵᠡᠭᠦᠳᠦᠨ ᠤ ᠭᠡᠷᠡᠯ | ᠨᠠᠷᠠᠨ ᠳᠤ ᠬᠡᠯᠡᠳᠡᠭ ᠦᠭᠡᠢ ᠳᠠᠯᠳᠠ ᠶᠢᠨ ᠨᠢᠭᠤᠴᠠ | ᠠᠭᠤᠯᠠᠰ ᠪᠤᠭᠤᠷᠤᠯᠲᠤᠬᠤ ᠨᠢ ᠴᠢᠨᠠᠳᠤ ᠶᠢᠨ ᠪᠢᠰᠢᠯᠭᠠᠯ | ᠠᠮᠤᠭᠤᠯᠠᠩ ᠤᠨ ᠳᠤᠮᠳᠠ ᠵᠠᠪᠢᠯᠠᠭᠰᠠᠨ ᠠᠰᠤᠷᠢ ᠶᠢᠨ ᠰᠠᠭᠤᠳᠠᠯ | ᠠᠷᠪᠠᠨ ᠲᠦᠮᠡᠨ ᠠᠳᠤᠭᠤ ᠢᠨᠴᠠᠭᠠᠨ᠎ᠠ᠂ ᠨᠤᠲᠤᠭ ᠮᠢᠨᠢ | ᠦᠢ ᠣᠯᠠᠨ ᠣᠳᠣ ᠮᠢᠰᠢᠶᠡᠨᠡ᠂ ᠨᠤᠲᠤᠭ ᠮᠢᠨᠢ | ᠥᠨᠳᠥᠷ ᠴᠡᠩᠬᠡᠷ ᠠᠭᠤᠯᠠᠰ ᠬᠠᠩᠬᠠᠶᠢᠨᠠ᠂ ᠨᠤᠲᠤᠭ ᠮᠢᠨᠢ | ᠬᠡᠤᠬᠡᠳ ᠤᠨ ᠨᠢᠳᠤᠨ ᠳᠣᠲᠣᠷ᠎ᠠ ᠨᠤᠲᠤᠭ ᠮᠢᠨᠢ ᠪᠣᠢ | ᠲᠠᠨᠠᠨ ᠴᠠᠭᠠᠨ ᠴᠠᠰᠤ ᠬᠠᠶᠠᠯᠠᠳᠠᠭ ᠢᠶᠠᠷ ᠢᠶᠠᠨ ᠬᠠᠶᠠᠯᠠᠵᠤ ᠪᠣᠢ | ᠪᠣᠷᠣ ᠭᠥᠷᠥᠭᠡᠰᠦᠨ ᠤ ᠬᠡᠪᠡᠯᠢ ᠳᠣᠲᠣᠷ᠎ᠠ ᠨᠤᠲᠤᠭ ᠮᠢᠨᠢ ᠪᠣᠢ | ᠪᠦᠯᠢᠶᠡᠨ ᠬᠠᠯᠠᠭᠤᠨ ᠵᠢᠷᠦᠬᠡ ᠴᠣᠬᠢᠯᠠᠳᠠᠭ ᠢᠶᠠᠷ ᠢᠶᠠᠨ ᠴᠣᠬᠢᠯᠠᠵᠤ ᠪᠣᠢ | ᠭᠤᠣᠯ ᠤᠨ ᠲᠡᠯᠡᠮᠡᠨ ᠤᠷᠤᠰᠬᠠᠯ ᠳᠤ ᠨᠤᠲᠤᠭ ᠮᠢᠨᠢ ᠪᠣᠢ | ᠷᠠᠰᠢᠶᠠᠨ ᠠᠮᠢ ᠲᠠᠢ ᠤᠰᠤ ᠤᠨᠳᠤᠷᠳᠠᠭ ᠢᠶᠠᠷ ᠢᠶᠠᠨ ᠤᠨᠳᠤᠷᠴᠤ ᠪᠣᠢ | ᠬᠡᠤᠬᠡᠳ ᠤᠨ ᠰᠤᠷ ᠤᠨ ᠤᠶᠠᠭ᠎ᠠ ᠶᠤᠮ ᠡ᠂ ᠨᠤᠲᠤᠭ ᠮᠢᠨᠢ | ᠭᠠᠯ ᠬᠠᠯᠠᠭᠤᠨ ᠠᠮᠢ ᠲᠠᠢ ᠨᠡᠭᠦᠳᠡᠯ ᠶᠤᠮ ᠡ᠂ ᠨᠤᠲᠤᠭ ᠮᠢᠨᠢ | ᠰᠤᠳᠠᠰᠤᠨ ᠳᠤᠮᠳᠠᠭᠤᠷ ᠭᠦᠶᠦᠳᠡᠭ ᠬᠠᠯᠠᠭᠤᠨ ᠴᠢᠰᠤ ᠶᠤᠮ ᠡ᠂ ᠨᠤᠲᠤᠭ ᠮᠢᠨᠢ | ᠰᠡᠮ ᠰᠡᠮᠬᠡᠨ ᠠᠯᠬᠤᠭ᠎ᠠ ᠲᠠᠢ ᠶᠠᠪᠤᠭᠤᠯ ᠬᠥᠬᠡ ᠵᠡᠷᠭᠡᠯᠭᠡᠨ | ᠰᠤᠨᠢᠶᠠᠵᠤ ᠪᠣᠰᠬᠤ ᠨᠢ ᠭᠤᠶᠢᠳᠠ ᠶᠤᠮ | ᠭᠤᠩᠬᠠᠭᠰᠠᠨ ᠭᠤᠩᠬᠠᠭᠰᠠᠨ ᠭᠠᠯᠪᠢᠷ ᠲᠠᠢ ᠳᠤᠷᠠᠯᠠᠯ ᠤᠨ ᠤᠯᠠᠭᠠᠨ ᠴᠡᠴᠡᠭ | ᠢᠨᠢᠶᠡᠵᠦ ᠬᠠᠷᠠᠭᠳᠠᠬᠤ ᠨᠢ ᠲᠠᠯ᠎ᠠ ᠶᠤᠮ | ᠳᠡᠭᠵᠢᠨ ᠳᠡᠭᠵᠢᠨ ᠭᠦᠶᠦᠳᠡᠯ ᠲᠠᠢ ᠣᠢ ᠶᠢᠨ ᠪᠢᠯᠢᠭᠲᠦ ᠭᠥᠷᠥᠭᠡᠰᠦ | ᠤᠷᠤᠮᠳᠠᠵᠤ ᠰᠣᠨᠣᠰᠤᠭᠳᠠᠬᠤ ᠨᠢ ᠬᠠᠩᠭᠠᠢ ᠶᠤᠮ | ᠨᠠᠷᠠ ᠲᠤᠨᠤᠷᠠᠭᠰᠠᠨ ᠭᠠᠵᠠᠷ ᠤᠨ ᠵᠤᠯᠠᠢ ᠶᠤᠮ᠂ ᠨᠤᠲᠤᠭ ᠮᠢᠨᠢ | ᠥᠩᠭᠡ ᠢᠯᠠᠭᠤᠭᠰᠠᠨ ᠬᠤᠷᠸ᠎ᠠ ᠶᠢᠨ ᠴᠢᠮᠡᠭ ᠶᠤᠮ᠂ ᠨᠤᠲᠤᠭ ᠮᠢᠨᠢ | ᠡᠭᠡᠰᠢᠭᠯᠡᠩ ᠪᠦᠷᠢᠳᠦᠭᠰᠡᠨ ᠶᠢᠷᠲᠢᠨᠴᠦ ᠶᠢᠨ ᠳᠠᠭᠤᠯᠠᠯ ᠶᠤᠮ᠂ ᠨᠤᠲᠤᠭ ᠮᠢᠨᠢ | 2019ᠣᠨ | |