ᠠᠯᠠᠱᠠ ᠵᠡᠬᠦᠨ ᠬᠤᠰᠢᠭᠤᠨ ᠤ ᠨᠠᠮ ᠵᠠᠰᠠᠭ ᠤᠨ ᠪᠠᠶᠢᠭᠤᠯᠤᠮᠵᠢ᠄ ᠤᠯᠤᠰ ᠳᠦᠷᠤ ᠶᠢᠨ ᠵᠦᠪᠯᠡᠯᠭᠡᠨ | 1956 ᠤᠨ ᠤ 12 ᠰᠠᠷ᠎ᠠ ᠶᠢᠨ 18 ᠤ ᠡᠳᠤᠷ ᠠᠴᠠ 20 ᠤ ᠡᠳᠤᠷ ᠪᠤᠯᠳᠠᠯ᠎ᠠ ᠤᠯᠤᠰ ᠳᠦᠷᠤ ᠶᠢᠨ | ᠵᠦᠪᠯᠠᠯᠭᠡᠨ ᠤ ᠠᠯᠠᠱᠠ ᠬᠤᠰᠢᠭᠤᠨ ᠤ ᠵᠦᠪᠯᠠᠯ ᠤᠨ ᠨᠢᠭᠡᠳᠤᠭᠡᠷ ᠤᠳᠠᠭᠠᠨ ᠤ ᠬᠤᠷᠠᠯᠳᠤᠭᠠᠨ ᠪᠤᠯᠪᠠ᠂ ᠡᠨᠡ ᠨᠢ | ᠳᠤᠮᠳᠠᠳᠤ ᠤᠯᠤᠰ ᠤᠨ ᠠᠷᠠᠳ ᠤᠨ ᠤᠯᠤᠰ ᠳᠦᠷᠤ ᠶᠢᠨ ᠵᠦᠪᠯᠡᠯᠭᠡᠨ ᠤ ᠬᠤᠷᠠᠯ ᠤᠨ ᠠᠯᠠᠱᠠ ᠬᠤᠰᠢᠭᠤᠨ ᠤ | ᠵᠦᠪᠯᠠᠯ ᠪᠠᠶᠢᠭᠤᠯᠤᠭᠳᠠᠭᠰᠠᠨ ᠢ ᠬᠠᠷᠠᠭᠤᠯᠵᠤ ᠪᠠᠶᠢᠭ᠎ᠠ ᠶᠤᠮ᠃ ᠭᠡᠪᠡᠴᠤ ︽ᠰᠤᠶᠤᠯ ᠤᠨ ᠶᠡᠭᠡ ᠬᠤᠪᠢᠰᠬᠠᠯ︾ ᠤᠨ | ᠳᠤᠮᠳᠠ ᠤᠯᠤᠰ ᠳᠦᠷᠤ ᠶᠢᠨ ᠵᠦᠪᠯᠠᠯᠭᠡᠨ ᠤ ᠠᠵᠢᠯ ᠵᠤᠭᠰᠤᠵᠤ᠂ 1980 ᠤᠨ ᠤ 12 ᠰᠠᠷ᠎ᠠ ᠳᠤ ᠳᠠᠭᠢᠨ | ᠰᠡᠷᠬᠦᠭᠡᠭᠳᠡᠵᠤ᠂ ︽ᠤᠷᠳᠤ ᠬᠤᠭᠤᠴᠠᠭ᠎ᠠ ᠪᠠᠷ ᠵᠡᠷᠭᠡᠴᠡᠨ ᠤᠷᠤᠰᠢᠵᠤ᠂ ᠬᠠᠷᠢᠯᠴᠠᠨ ᠭᠢᠨᠠᠯᠳᠠ ᠳᠠᠯᠪᠢᠵᠤ᠂ ᠦᠨᠡᠨ | ᠰᠡᠳᠭᠢᠯ ᠠᠴᠠ ᠪᠠᠨ ᠨᠦᠬᠦᠷᠯᠡᠵᠤ᠂ ᠵᠢᠷᠭᠠᠯ ᠵᠤᠪᠠᠯᠠᠩ ᠢᠶᠠᠨ ᠬᠠᠮᠳᠤᠳᠬᠠᠬᠤ︾ ᠴᠢᠭᠯᠡᠯᠳᠡ ᠶᠢᠨ ᠵᠢᠯᠤᠭᠤᠳᠤᠯᠭ᠎ᠠ | ᠳᠤᠤᠷ᠎ᠠ᠂ ᠤᠯᠤᠰ ᠳᠦᠷᠤ ᠶᠢᠨ ᠵᠦᠪᠯᠡᠯᠭᠡᠨ ᠭᠢᠬᠦ᠂ ᠠᠷᠠᠳᠴᠢᠯᠠᠯ ᠢᠶᠠᠷ ᠭᠢᠨᠠᠯᠳᠠ ᠳᠠᠯᠪᠢᠬᠤ᠂ ᠵᠠᠰᠠᠭ ᠲᠤ | ᠤᠷᠤᠯᠴᠠᠵᠤ ᠵᠠᠰᠠᠭ ᠤᠨ ᠶᠠᠪᠤᠳᠠᠯ ᠢ ᠵᠦᠪᠯᠡᠬᠦ ᠡᠬᠦᠷᠭᠡ ᠴᠢᠳᠠᠯ ᠢᠶᠠᠨ ᠬᠦᠢᠴᠡᠳᠭᠡᠬᠦ ᠪᠤᠯᠤᠭᠰᠠᠨ ᠪᠠᠶᠢᠨ᠎ᠠ᠃ | ᠤᠯᠤᠰ ᠳᠦᠷᠤ ᠶᠢᠨ ᠵᠦᠪᠯᠡᠯᠭᠡᠨ ᠤ ᠳᠤᠰᠬᠠᠢ ᠵᠦᠪᠯᠠᠯ ᠪᠤᠯ ᠤᠯᠤᠰ ᠳᠦᠷᠤ ᠶᠢᠨ ᠵᠦᠪᠯᠡᠯᠭᠡᠨ ᠤ | ᠪᠠᠶᠢᠩᠭᠤ ᠶᠢᠨ ᠵᠦᠪᠯᠠᠯ ᠪᠠ ᠳᠡᠷᠢᠬᠦᠯᠡᠭᠴᠢ ᠶᠢᠨ ᠬᠤᠷᠠᠯᠳᠤᠭᠠᠨ ᠤ ᠤᠳᠤᠷᠢᠳᠤᠯᠭ᠎ᠠ ᠳᠤᠤᠷ᠎ᠠ ᠭᠡᠰᠢᠬᠦᠳ ᠢ ᠵᠤᠭᠢᠶᠠᠨ | ᠪᠠᠶᠢᠭᠤᠯᠤᠨ ᠪᠠᠶᠢᠩᠭᠤ ᠶᠢᠨ ᠴᠢᠨᠠᠷᠳᠠᠢ ᠠᠵᠢᠯᠯᠠᠭ᠎ᠠ ᠦᠷᠨᠢᠬᠦᠯᠬᠦ ᠠᠵᠢᠯ ᠤᠨ ᠪᠠᠶᠢᠭᠤᠯᠤᠮᠵᠢ ᠪᠠᠶᠢᠵᠤ᠂ ᠤᠯᠤᠰ | ᠳᠦᠷᠤ ᠶᠢᠨ ᠵᠥᠪᠯᠡᠯᠭᠡᠨ ᠭᠢᠬᠦ ᠪᠠ ᠠᠷᠠᠳᠴᠢᠯᠠᠯ ᠢᠶᠠᠷ ᠭᠢᠨᠠᠯᠳᠠ ᠳᠠᠯᠪᠢᠵᠤ᠂ ᠵᠠᠰᠠᠭ ᠲᠤ ᠤᠷᠤᠯᠴᠠᠵᠤ ᠵᠠᠰᠠᠭ ᠤᠨ | ᠶᠠᠪᠤᠳᠠᠯ ᠢ ᠵᠦᠪᠯᠡᠬᠦ ᠠᠵᠢᠯ ᠢ ᠰᠡᠶᠢᠳᠤᠷ ᠭᠢᠬᠦ ᠶᠢᠨ ᠰᠠᠭᠤᠷᠢ ᠪᠤᠯᠤᠨ᠎ᠠ᠃ 2012 ᠤᠨ ᠪᠤᠯᠬᠤ ᠳᠤ ᠠᠯᠠᠱᠠ ᠵᠡᠬᠦᠨ | ᠬᠤᠰᠢᠭᠤᠨ ᠤ ᠤᠯᠤᠰ ᠳᠦᠷᠤ ᠶᠢᠨ ᠵᠦᠪᠯᠡᠯᠭᠡᠨ ᠳᠤ ᠠᠯᠪᠠᠨ ᠭᠡᠷ᠂ ᠰᠠᠨᠠᠯ ᠳᠤᠷᠠᠳᠤᠯᠭ᠎ᠠ ᠬᠠᠤᠯᠢ ᠴᠠᠭᠠᠵᠠ ᠶᠢᠨ | ᠺᠤᠮᠢᠰ᠂ ᠰᠤᠷᠭᠠᠨ ᠬᠦᠮᠤᠵᠢᠯ ᠡᠷᠡᠬᠦᠯ ᠬᠠᠮᠠᠭᠠᠯᠠᠯ ᠰᠤᠶᠤᠯ ᠪᠠᠶ᠎ᠠ ᠳᠠᠮᠢᠷ ᠳᠦᠯᠤᠪᠯᠡᠭᠡᠳᠤ ᠬᠦᠩᠭᠡᠵᠢᠯ ᠬᠦᠮᠤᠨ | ᠠᠮᠠ ᠶᠢᠨ ᠬᠦᠭᠵᠢᠯᠳᠡ ᠶᠢᠨ ᠺᠤᠮᠢᠰ᠂ ᠦᠨᠳᠤᠰᠤᠳᠡᠨ ᠱᠠᠰᠢᠨ ᠰᠤᠷᠳᠠᠬᠤᠨ ᠤᠯᠠᠨ ᠳᠦᠮᠠᠨᠴᠢ ᠪᠦᠯᠬᠦᠮ ᠲᠠᠢ | ᠬᠠᠷᠢᠯᠴᠠᠬᠤ ᠺᠤᠮᠢᠰ᠂ ᠠᠵᠤ ᠠᠬᠤᠢ ᠲᠧᠭᠨᠢᠭ ᠮᠡᠷᠭᠡᠵᠢᠯ ᠡᠭᠢ ᠪᠠᠶᠠᠯᠢᠭ ᠤᠷᠴᠢᠨ ᠳᠤᠭᠤᠷᠢᠨ ᠤ ᠺᠤᠮᠢᠰ᠂v ᠰᠤᠶᠤᠯ | ᠳᠡᠤᠭᠡ ᠶᠢᠨ ᠰᠤᠷᠤᠯᠴᠠᠯᠭ᠎ᠠ ᠶᠢᠨ ᠺᠤᠮᠢᠰ ᠵᠡᠷᠭᠡ ᠡᠬᠦᠷᠭᠡ ᠴᠢᠳᠠᠪᠭᠢᠳᠤ ᠪᠠᠶᠢᠭᠤᠯᠤᠮᠵᠢ ᠲᠠᠢ ᠪᠠᠶᠢᠨ᠎ᠠ᠃ | ᠤᠯᠤᠰ ᠳᠦᠷᠤ ᠶᠢᠨ ᠵᠦᠪᠯᠠᠯᠭᠡᠨ ᠤ ᠠᠯᠠᠱᠠ ᠵᠡᠬᠦᠨ ᠬᠤᠰᠢᠭᠤᠨ ᠤ ᠵᠦᠪᠯᠠᠯ ᠪᠠᠶᠢᠭᠤᠯᠤᠭᠳᠠᠭᠰᠠᠨ ᠠᠴᠠ | ᠨᠠᠰᠢ ᠠᠷᠪᠠᠨ ᠬᠤᠶᠠᠷ ᠬᠤᠭᠤᠴᠠᠭᠠᠨ ᠤ ᠬᠤᠷᠠᠯ ᠬᠤᠷᠠᠯᠳᠤᠵᠤ᠂ ᠡᠨᠡ ᠳᠡᠤᠭᠡᠨ ᠶᠠᠪᠤᠴᠠ ᠳᠤ ᠳᠡᠷᠢᠬᠦᠯᠡᠭᠴᠢ ᠶᠢᠨ | ᠳᠤᠰᠢᠶᠠᠯ ᠳᠤ ᠤᠷᠢᠳ ᠬᠤᠵᠢᠳ ᠹᠦᠵᠤᠷᠠᠢ ︵ᠮᠤᠩᠭᠤᠯ︶᠂ ᠰᠤᠳᠪᠠᠵᠠᠮᠰᠤ ︵ᠮᠤᠩᠭᠤᠯ︶᠂ ᠤᠯᠠᠮᠵᠠᠪ ︵ | ᠮᠤᠩᠭᠤᠯ︶᠂ ᠡᠾᠧ · ᠬᠥᠭᠵᠢᠯᠳᠦ ︵ᠮᠤᠩᠭᠤᠯ︶᠂ ᠬᠤᠸᠠᠩ · ᠠᠯᠳᠠᠨᠪᠠᠶᠠᠷ ︵ᠮᠤᠩᠭᠤᠯ︶᠂ ᠸᠠᠨ · ᠪᠠᠳᠤᠪᠤᠶᠠᠨ | ᠂ ᠬᠠᠰᠪᠠᠭᠠᠳᠤᠷ ︵ᠮᠤᠩᠭᠤᠯ︶᠂ ᠡᠷᠳᠡᠨᠢᠪᠠᠶᠠᠷ ︵ᠮᠤᠩᠭᠤᠯ︶᠂ ᠠᠯᠳᠠᠨ᠋ᠧᠴᠢᠷ ︵ᠮᠤᠩᠭᠤᠯ︶᠂ ᠯᠢ · ᠰᠤᠶᠤᠯᠳᠤ ︵ | ᠮᠤᠩᠭᠤᠯ︶᠂ ᠠᠯᠲᠠᠨᠴᠢᠯᠠᠭᠤ ︵ᠮᠤᠩᠭᠤᠯ︶ ᠵᠡᠷᠭᠡ ᠬᠦᠮᠤᠰ ᠪᠠᠶᠢᠭᠰᠠᠨ ᠪᠤᠶᠤ ᠪᠠᠶᠢᠨ᠎ᠠ᠃ | ᠵᠤᠬᠢᠶᠠᠭᠴᠢ ᠶᠢᠨ ᠳᠤᠪᠴᠢ ᠨᠠᠮᠳᠠᠷ | ᠦᠯᠵᠡᠢ᠂ ᠪᠢᠴᠢᠭ ᠤᠨ ᠨᠠᠷᠠ ᠫᠦ᠊ · ᠦᠯᠵᠡᠢ᠂ 1959 ᠤᠨ ᠤ ᠬᠠᠪᠤᠷ ᠤᠤᠯ ᠤᠨ ᠠᠯᠠᠱᠠ ᠬᠤᠰᠢᠭᠤᠨ | ᠤ ᠽᠤᠨ ᠤ ᠪᠠᠭ ᠤᠨ ᠮᠠᠯᠴᠢᠨ ᠫᠦᠷᠪᠤ᠂ ᠳᠦᠤᠳᠡᠢ ᠶᠢᠨ ᠤᠤᠭᠠᠨ ᠬᠦᠤ ᠪᠤᠯᠵᠤ ᠵᠠᠶᠠᠭᠠᠪᠠ᠃ 1983 ᠤᠨ ᠳᠤ | ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠯᠤᠰ ᠳᠦᠷᠤ ᠶᠢᠨ ᠬᠦᠮᠤᠵᠢᠯ ᠤᠨ ᠰᠠᠯᠪᠤᠷᠢ ᠠᠴᠠ | ᠳᠡᠬᠦᠰᠤᠨ ᠠᠷᠠᠳ ᠤᠨ ᠪᠠᠭᠰᠢ ᠪᠤᠯᠵᠤ᠂ ᠡᠳᠤᠭᠡ ᠠᠯᠠᠱᠠ ᠮᠤᠩᠭᠤᠯ ᠦᠨᠳᠤᠰᠤᠳᠡᠨ ᠤ ᠪᠦᠷᠢᠨ ᠳᠤᠮᠳᠠᠳᠤ | ᠰᠤᠷᠭᠠᠭᠤᠯᠢ ᠳᠤ ᠳᠤᠮᠳᠠᠳᠤ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ ᠪᠠᠷ ᠠᠵᠢᠯᠯᠠᠵᠤ ᠪᠤᠢ᠃ | ᠳᠡᠭᠡᠷ᠎ᠡ ᠵᠠᠭᠤᠨ ᠤ ᠨᠠᠶᠠᠭᠠᠳ ᠤᠨ ᠠᠴᠠ ᠡᠭᠢᠯᠠᠨ ᠤᠨᠤᠯ ᠰᠢᠬᠦᠮᠵᠢ᠂ ᠰᠤᠯᠠ ᠪᠢᠴᠢᠯᠭᠡ᠂ ᠠᠶᠠᠨ ᠤ | ᠳᠡᠮᠳᠡᠭᠯᠡᠯ᠂ ᠮᠡᠳᠡᠭᠡ ᠴᠢᠮᠡᠭᠡᠯᠡᠯ ᠵᠡᠷᠭᠡ ᠰᠲ᠋ᠢᠯᠢ ᠶᠢᠨ ᠵᠤᠭᠢᠶᠠᠯ ᠪᠦᠳᠤᠭᠡᠯ ᠤᠷᠤᠯᠳᠤᠵᠤ ᠰᠤᠨᠢᠨ ᠰᠡᠳᠬᠦᠯ ᠳᠤ | ᠨᠡᠶᠢᠳᠡᠯᠡᠬᠦᠯᠵᠤ ᠢᠷᠡᠭᠰᠡᠨ᠂ ᠰᠢᠨ᠎ᠡ ᠮᠢᠩᠭᠠᠨ ᠳᠤ ᠤᠷᠤᠭᠰᠠᠨ ᠠᠴᠠ ᠨᠠᠰᠢ ᠭᠤᠤᠯᠳᠠᠭᠤ ᠤᠷᠤᠨ ᠨᠤᠳᠤᠭ ᠤᠨ | ᠳᠡᠤᠭᠡ ᠰᠤᠶᠤᠯ ᠤᠨ ᠴᠢᠭᠯᠡᠯ ᠢᠶᠠᠷ ᠰᠤᠳᠤᠯᠭᠠᠨ ᠭᠢᠵᠤ᠂ ︽ᠦᠪᠤᠷ ᠮᠤᠩᠭᠤᠯ ᠤᠨ ᠨᠡᠶᠢᠭᠡᠮ ᠤᠨ ᠰᠢᠨᠵᠢᠯᠡᠬᠦ | ᠤᠬᠠᠭᠠᠨ︾᠂ ︽ᠮᠤᠩᠭᠤᠯ ᠤᠨ ᠰᠤᠳᠤᠯᠤᠯ︾᠂ ︽ᠪᠠᠷᠠᠭᠤᠨ ᠬᠤᠶᠢᠳᠤ ᠶᠢᠨ ᠦᠨᠳᠤᠰᠤᠳᠡᠨ ᠤ ᠶᠡᠭᠡ | ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ︾᠂ ︽ᠪᠠᠷᠠᠭᠤᠨ ᠮᠤᠩᠭᠤᠯ ᠰᠤᠳᠤᠯᠤᠯ︾᠂ ︽ | ᠳᠤᠮᠳᠠᠳᠤ ᠶᠢᠨ ᠦᠨᠳᠤᠰᠤᠳᠡᠨ︾ ᠵᠡᠷᠭᠡ ᠤᠷᠤᠨ ᠤ ᠳᠤᠳᠤᠨ᠎ᠠ ᠭᠠᠳᠠᠨᠠᠭᠢ ᠰᠤᠨᠢᠨ ᠰᠡᠳᠬᠦᠯ ᠳᠤ ᠡᠷᠳᠡᠮ | ᠰᠢᠨᠵᠢᠯᠡᠭᠡᠨ ᠤ ᠦᠬᠦᠯᠡᠯ ᠵᠤᠭᠢᠶᠠᠯ ᠢᠶᠠᠨ ᠨᠠᠶᠢᠳᠠᠯᠠᠵᠤ᠂ ᠪᠠᠰᠠ ︽ᠳᠡᠤᠭᠡ ᠰᠤᠶᠤᠯ ᠤᠨ ᠮᠦᠷᠳᠡᠯᠳᠡ︾᠂ ︽ | ᠠᠯᠠᠱᠠ ᠶᠢᠨ ᠮᠤᠩᠭᠤᠯ ᠦᠨᠳᠤᠰᠤᠳᠡᠨ ᠤ ᠰᠤᠷᠭᠠᠨ ᠬᠦᠮᠤᠵᠢᠯ ᠤᠨ ᠳᠤᠪᠴᠢ ᠳᠡᠤᠭᠡ︾᠂ ︽ᠠᠯᠠᠱᠠ | ᠬᠤᠰᠢᠭᠤᠨ ᠤ ᠠᠵᠤ ᠠᠬᠤᠢ ᠶᠢᠨ ᠳᠡᠤᠭᠡᠨ ᠰᠤᠳᠤᠯᠤᠯ︾ ᠵᠡᠷᠭᠡ ᠨᠤᠮ ᠢᠶᠠᠨ ᠭᠡᠪᠯᠡᠬᠦᠯᠤᠭᠡᠳ ᠪᠠᠶᠢᠨ᠎ᠠ᠃ | |