ᠠᠯᠠᠱᠠ ᠶᠢᠨ ᠮᠠᠯᠴᠢᠨ ᠲᠠᠷᠢᠶᠠᠴᠢᠨ ︽ᠴᠡᠪᠡᠷ ᠳᠤᠯᠠᠭᠠᠯᠠᠭ᠎ᠠ︾᠎ ᠠᠴᠠ ᠠᠰᠢᠭ ᠭᠦᠷᠲᠡᠭᠦ ᠪᠣᠯᠣᠯ᠎ᠠ
ᠨᠡᠶᠢᠲᠡᠯᠡᠭᠰᠡᠨ ᠴᠠᠭ᠄
2024/3/10
ᠨᠠᠷᠠᠨ᠎ᠠ᠂ ᠡᠷᠳᠡᠨᠢᠬᠦᠦ     ᠮᠥᠩᠭᠦᠨ ᠡᠪᠦᠯ ᠤᠨ ᠠᠯᠠᠱᠠ ᠨᠤᠲᠤᠭ ᠲᠤ ᠲᠡᠭᠷᠢ ᠴᠡᠯᠮᠡᠭ ᠠᠭᠠᠷ ᠲᠤᠩᠭᠠᠯᠠᠭ᠃ ᠴᠠᠭᠠᠨ ᠰᠠᠷ᠎ᠠ ᠣᠶᠢᠷᠠᠳᠬᠤ ᠪᠠᠷ ᠰᠤᠷᠪᠤᠯᠵᠢᠯᠠᠬᠴᠢ ᠠᠯᠠᠱᠠ ᠵᠡᠭᠦᠨ ᠬᠤᠰᠢᠭᠤᠨ ᠤ ᠪᠠᠷᠠᠭᠤᠨ ᠪᠡᠯ ᠪᠠᠯᠭᠠᠰᠤᠨ ᠤ ᠠᠯᠲᠠᠨᠲᠠᠯ᠎ᠠ ᠭᠠᠴᠠᠭᠠᠨ ᠳᠤ ᠬᠦᠷᠬᠦ ᠳᠤ᠂ ᠮᠠᠯᠴᠢᠨ ᠲᠠᠷᠢᠶᠠᠴᠢᠨ ᠤ ᠭᠡᠷ ᠪᠠᠶᠢᠰᠢᠩ ᠮᠥᠷ ᠮᠥᠷ ᠢᠶᠠᠷ ᠵᠢᠭᠳᠡᠷᠡᠨ᠂ ᠤᠳᠤᠭ᠎ᠠ ᠲᠣᠭᠤᠰᠣ ᠬᠠᠷᠠᠭᠳᠠᠬᠤ ᠦᠭᠡᠢ᠂ ᠠᠭᠤᠷ ᠠᠮᠢᠰᠬᠤᠯ ᠴᠡᠪᠡᠷ ᠲᠤᠩᠭᠠᠯᠠᠭ᠂ ᠣᠷᠴᠢᠨ ᠲᠣᠭᠤᠷᠢᠨ ᠴᠡᠪᠡᠷ ᠴᠡᠮᠴᠡᠭᠡᠷ ᠬᠠᠷᠠᠭᠳᠠᠨ᠎ᠠ᠃     ᠲᠠᠷᠢᠶᠠᠴᠢᠨ ᠼᠤᠤ ᠶᠢᠨ ᠰᠢᠤᠸᠠᠢ ᠶᠢᠨ ᠭᠡᠷ ᠲᠤ ᠣᠷᠣᠬᠤ ᠳᠤ᠂ ᠵᠣᠴᠢᠨ ᠤ ᠥᠷᠥᠭᠡᠨ ᠳᠤᠨᠢ ᠡᠳ᠋ᠯᠡᠯ ᠬᠡᠷᠡᠭᠰᠡᠯ ᠢᠶᠠᠨ ᠳᠡᠷᠢ ᠲᠡᠭᠰᠢ᠂ ᠴᠡᠪ ᠴᠡᠪᠡᠷᠬᠡᠨ ᠠᠷᠴᠢᠵᠤ ᠳᠢᠭᠯᠡᠭᠡᠳ ᠴᠠᠭᠠᠨ ᠰᠠᠷ᠎ᠠ ᠶᠢ ᠤᠭᠲᠤᠬᠤ ᠪᠠᠷ ᠬᠦᠯᠢᠶᠡᠵᠦ ᠪᠠᠶᠢᠬᠤ ᠨᠢ ᠢᠯᠡᠭᠡᠨ᠃ ᠡᠨᠡ ᠵᠢᠯ ᠪᠣᠯ ᠲᠡᠳᠡᠨᠡᠶᠢᠬᠢᠨ ᠤ ︽ᠨᠡᠭᠦᠷᠡᠰᠦ ᠶᠢ ᠴᠠᠭᠢᠯᠭᠠᠨ ᠢᠶᠠᠷ ᠥᠭᠡᠷᠡᠴᠢᠯᠡᠭᠰᠡᠨ︾ ᠬᠤᠶᠠᠳᠤᠭᠠᠷ ᠵᠢᠯ ᠪᠣᠯᠣᠨ᠎ᠠ᠃ ᠵᠠᠰᠠᠭ ᠤᠨ ᠣᠷᠳᠣᠨ ᠤ ᠪᠡᠯᠡ ᠣᠷᠣᠭᠤᠯᠤᠨ ᠬᠡᠷᠡᠭᠵᠢᠭᠦᠯᠦᠭᠰᠡᠨ ︽ᠨᠡᠭᠦᠷᠡᠰᠦ ᠶᠢ ᠴᠠᠭᠢᠯᠭᠠᠨ ᠢᠶᠠᠷ ᠥᠭᠡᠷᠡᠴᠢᠯᠡᠬᠦ︾ ᠢᠨᠵᠧᠨᠧᠷᠢᠩ ᠤᠨ ᠠᠰᠢᠭ ᠲᠤᠰᠠ ᠶᠢ ᠭᠥᠷᠳᠡᠭᠰᠡᠨ ᠢᠶᠠᠷ ᠳᠡᠳᠡ ᠠᠷᠢᠭᠤᠨ ᠴᠡᠪᠡᠷ ᠲᠦᠭᠦᠮ ᠳᠥᠲᠡ ᠳᠤᠯᠠᠭᠠᠯᠠᠭ᠎ᠠ ᠬᠡᠷᠡᠭᠯᠡᠬᠦ ᠪᠣᠯᠵᠤ᠂ ᠥᠩᠭᠡᠷᠡᠭᠰᠡᠨ ᠤ ᠳᠡᠷᠡ ᠬᠦ ᠡᠷᠲᠡᠯᠡᠵᠦ ᠣᠷᠣᠶᠢᠯᠠᠨ ᠵᠤᠤᠬᠠᠨ ᠳᠠᠭᠠᠨ ᠨᠡᠭᠦᠷᠡᠰᠦ ᠨᠡᠮᠡᠵᠦ ᠭᠡᠷ ᠢᠶᠠᠨ ᠳᠤᠯᠠᠭᠠᠯᠠᠵᠤ ᠪᠠᠶᠢᠭᠰᠠᠨ ᠨᠢ ᠲᠡᠦᠬᠡ ᠪᠣᠯᠣᠨ ᠬᠤᠴᠣᠷᠴᠠᠢ᠃ ᠼᠤᠤ ᠶᠢᠨ ᠰᠢᠤᠸᠠᠢ ᠶᠢᠨ ᠴᠡᠭᠡᠵᠢᠯᠡᠵᠦ ᠪᠠᠶᠢᠬᠤ ᠪᠠᠷ᠂ ᠥᠩᠭᠡᠷᠡᠭᠰᠡᠨ ᠳᠤ ᠡᠪᠦᠯ ᠪᠣᠯᠣᠭᠰᠠᠭᠠᠷ ᠠᠶᠢᠯ ᠪᠣᠯᠭᠠᠨ ᠨᠡᠭᠦᠷᠡᠰᠦ ᠲᠠᠲᠠᠵᠤ ᠨᠡᠭᠦᠷᠡᠰᠦ ᠬᠤᠷᠢᠶᠠᠬᠤ᠂ ᠵᠤᠤᠬᠠᠨ ᠳᠠᠭᠠᠨ ᠨᠡᠭᠦᠷᠡᠰᠦ ᠨᠡᠮᠡᠬᠦ ᠪᠤᠶᠤ ᠵᠤᠤᠬ᠎ᠠ ᠪᠠᠨ ᠳᠠᠷᠤᠬᠤ᠂ ᠨᠡᠭᠦᠷᠡᠰᠦᠨ ᠪ᠊ ᠦᠨᠡᠰᠦ ᠶᠢ ᠴᠡᠪᠡᠷᠯᠡᠵᠦ ᠬᠠᠶᠠᠬᠤ ᠮᠡᠲᠦ ᠪᠠᠷ ᠶᠠᠭᠠᠷᠠᠵᠤ᠂ ᠨᠡᠭᠦᠷᠡᠰᠦᠨ ᠤᠲᠤᠭᠠᠨ ᠤ ᠦᠨᠦᠷ ᠭᠡᠷ ᠳᠦᠭᠦᠷᠡᠩ ᠬᠠᠩᠬᠤᠯᠤᠨ᠂ ᠬᠦᠷᠢᠶᠡᠨ ᠳᠤ ᠭᠠᠯ ᠨᠣᠴᠣᠭᠠᠬᠤ ᠡᠪᠡᠰᠦ ᠮᠣᠳᠣ ᠣᠪᠣᠭᠠᠯᠠᠵᠤ᠂ ᠵᠢᠪᠠᠷ ᠰᠠᠯᠬᠢᠨ ᠢᠶᠠᠷ ᠦᠨᠡᠰᠦ ᠲᠣᠭᠤᠰᠣ ᠭᠠᠵᠠᠷ ᠪᠣᠯᠭᠠᠨ ᠳᠤ ᠬᠡᠶᠢᠰᠴᠦ ᠪᠤᠳᠠᠷᠠᠵᠦ ᠪᠠᠶᠢᠵᠠᠢ᠃      ︽ᠥᠩᠭᠡᠷᠡᠭᠰᠡᠨ ᠳᠤ ᠡᠳᠦᠷᠵᠢᠨ ᠨᠡᠭᠦᠷᠡᠰᠦ ᠲᠦᠯᠡᠵᠦ ᠪᠠᠶᠢᠭᠰᠠᠨ ᠴᠤ ᠭᠡᠷ ᠤᠨ ᠳᠤᠯᠠᠭᠠᠨ ᠤ ᠬᠡᠮᠵᠢᠶ᠎ᠡ ᠲᠡᠶᠢᠮᠦ ᠥᠨᠳᠥᠷ ᠪᠢᠰᠢ᠂ ᠬᠥᠪᠥᠩ ᠬᠤᠪᠴᠠᠰᠤ ᠡᠮᠦᠰᠳᠡᠭ ᠪᠠᠶᠢᠯ᠎ᠠ᠃ ᠴᠠᠭᠢᠯᠭᠠᠨ ᠳᠤᠯᠠᠭᠠᠯᠠᠭ᠎ᠠ ᠬᠡᠷᠡᠭᠯᠡᠭᠰᠡᠨ ᠤ ᠳᠠᠷᠠᠭ᠎ᠠ ᠭᠡᠷ ᠤᠨ ᠳᠤᠯᠠᠭᠠᠨ ᠤ ᠬᠡᠮᠵᠢᠶ᠎ᠡ ᠨᠡᠮᠡᠭᠳᠡᠭᠰᠡᠨ ᠪᠥᠭᠡᠳ ᠡᠳᠦᠷ ᠰᠥᠨᠢ ᠦᠭᠡᠢ ᠲᠣᠭᠲᠠᠪᠤᠷᠢᠲᠠᠢ ᠪᠠᠶᠢᠨ᠎ᠠ᠃ ᠬᠡᠳᠦᠨ ᠬᠤᠨᠤᠭ ᠢᠶᠠᠷ ᠭᠠᠳᠠᠭᠰᠢ ᠶᠠᠪᠤᠭᠰᠠᠨ ᠴᠤ ᠲᠦᠭᠡᠭᠡᠯ ᠤᠰᠤᠨ ᠬᠤᠭᠤᠯᠠᠢ ᠬᠥᠯᠳᠡᠵᠦ ᠳᠡᠯᠪᠡᠷᠡᠨ᠎ᠡ ᠭᠡᠵᠦ ᠠᠶᠤᠵᠤ ᠵᠣᠪᠠᠭ᠋ᠤ ᠤᠴᠢᠷ ᠦᠭᠡᠢ᠂ ᠭᠠᠷ ᠤᠲᠠᠰᠤ ᠪᠠᠷ ᠭᠡᠷ ᠤᠨ ᠳᠤᠯᠠᠭᠠᠨ ᠤ ᠬᠡᠮᠵᠢᠶ᠎ᠡ ᠪᠠᠨ ᠡᠵᠡᠮᠳᠡᠵᠦ ᠳᠡᠶᠢᠯᠦᠨ᠎ᠠ ᠃ ᠨᠠᠮ ᠵᠠᠰᠠᠭ ᠤᠨ ᠰᠠᠶᠢᠨ ᠲᠥᠷᠥ ᠶᠢᠨ ᠪᠣᠳᠣᠯᠭ᠎ᠠ ᠳᠤ ᠲᠠᠯᠠᠷᠬᠠᠵᠤ ᠪᠠᠶᠢᠨ᠎ᠠ︾ ᠭᠡᠵᠦ ᠼᠤᠤ ᠶᠢᠨ ᠰᠢᠤᠸᠠᠢ ᠶᠢᠨ ᠡᠬᠡᠨᠡᠷ ᠸᠠᠩ ᠶᠤᠸᠠᠢ ᠯᠢᠶᠠᠨ ᠮᠠᠭᠲᠠᠵᠤ ᠪᠠᠶᠢᠯ᠎ᠠ᠃     ᠼᠤᠤ ᠶᠢᠨ ᠰᠢᠤᠸᠠᠢ ᠶᠢᠨ ᠬᠢᠨ ᠤ ᠲᠠᠨᠢᠯᠴᠠᠭᠤᠯᠬᠤ ᠶᠢ ᠰᠣᠨᠣᠰᠤᠭᠠᠳ ᠰᠤᠷᠪᠤᠯᠵᠢᠯᠠᠬᠴᠢ ᠲᠡᠭᠦᠨ ᠤ ᠭᠡᠷ ᠤᠨ ᠠᠷᠤ ᠬᠦᠷᠢᠶᠡᠨ ᠳᠤ ᠬᠦᠷᠴᠦ ᠴᠠᠭᠢᠯᠭᠠᠨ ᠳᠤᠯᠠᠭᠠᠯᠠᠭ᠎ᠠ ᠶᠢᠨ ᠲᠥᠬᠦᠭᠡᠷᠦᠮᠵᠢ ᠶᠢ ᠦᠵᠡᠬᠦ ᠳᠤ ᠰᠢᠨᠵᠢᠯᠡᠭᠡ ᠮᠡᠷᠭᠡᠵᠢᠯ ᠤᠨ ᠲᠥᠷᠥᠭᠳᠡᠯ ᠭᠦᠢᠴᠡᠳ ᠰᠠᠨᠠᠭᠳᠠᠯ᠎ᠠ᠃ ᠡᠵᠡᠮᠳᠡᠬᠦ ᠬᠠᠪᠲᠠᠰᠤ ᠶᠢᠨ ᠴᠠᠭ ᠪᠣᠯᠣᠨ ᠳᠤᠯᠠᠭᠠᠨ ᠤ ᠬᠡᠮᠵᠢᠶ᠎ᠡ ᠶᠢ ᠤᠷᠢᠳᠴᠢᠯᠠᠨ ᠲᠣᠬᠢᠷᠠᠭᠤᠯᠪᠠᠯ᠂ ᠳᠤᠯᠠᠭᠠᠯᠠᠭ᠎ᠠ ᠶᠢ ᠲᠣᠭᠲᠠᠪᠤᠷᠢᠲᠠᠢ ᠬᠠᠩᠭᠠᠬᠤ ᠶᠢ ᠠᠶᠠᠨᠳᠠᠭᠠᠨ ᠪᠡᠶᠡᠯᠡᠭᠦᠯᠵᠦ ᠴᠢᠳᠠᠨ᠎ᠠ᠃ ︽ᠨᠡᠭᠦᠷᠡᠰᠦ ᠶᠢ ᠴᠠᠭᠢᠯᠭᠠᠨ ᠢᠶᠠᠷ ᠥᠭᠡᠷᠡᠴᠢᠯᠡᠬᠦ︾᠎ ᠨᠢ ᠬᠡᠷᠡᠭᠯᠡᠬᠦ ᠳᠤ ᠠᠮᠤᠷ ᠲᠦᠪᠰᠢᠨ ᠳᠥᠭᠦᠮ ᠳᠥᠲᠡ ᠪᠥᠭᠡᠳ ᠠᠵᠤ ᠠᠬᠤᠢ ᠶᠢᠨ ᠦᠷ᠎ᠡ ᠠᠰᠢᠭ ᠢᠶᠠᠷ ᠥᠨᠳᠥᠷ᠃ ᠼᠤᠤ ᠶᠢᠨ ᠰᠢᠤᠸᠠᠢ ᠰᠤᠷᠪᠤᠯᠵᠢᠯᠠᠬᠴᠢ ᠳᠤ ᠨᠢᠭᠡ ᠳᠠᠩᠰᠠ ᠪᠤᠳᠤᠵᠤ ᠥᠭᠴᠡᠢ᠄ ︽ᠤᠤᠯ ᠳᠠᠭᠠᠨ ᠨᠡᠭᠦᠷᠡᠰᠦ ᠲᠦᠯᠡᠵᠦ ᠳᠤᠯᠠᠭᠠᠯᠠᠭ᠎ᠠ ᠬᠢᠵᠦ ᠪᠠᠶᠢᠬᠤ ᠳᠤ᠂ ᠨᠢᠭᠡ ᠵᠢᠯ ᠳᠤ ᠵᠥᠪᠭᠡᠨ ᠨᠡᠭᠦᠷᠡᠰᠦ ᠬᠤᠳᠠᠯᠳᠤᠨ ᠠᠪᠬᠤ ᠳᠤ ᠳᠥᠷᠪᠡ ᠲᠠᠪᠤᠨ ᠮᠢᠩᠭᠠᠨ ᠲᠥᠭᠦᠷᠢᠭ ᠬᠡᠷᠡᠭᠰᠡᠳᠡᠭ ᠪᠠᠶᠢᠭᠰᠠᠨ᠃ ᠨᠡᠭᠦᠷᠡᠰᠦ ᠲᠠᠯᠪᠢᠬᠤ ᠭᠠᠵᠠᠷ ᠦᠭᠡᠢ ᠲᠤᠯᠠ ᠬᠦᠷᠢᠶᠡᠨ ᠳᠤ ᠣᠪᠣᠭᠠᠯᠠᠵᠤ ᠲᠠᠯᠪᠢᠨ᠎ᠠ᠂ ᠡᠪᠦᠯ ᠤᠨ ᠴᠠᠭ ᠲᠤ ᠡᠳᠦᠷ ᠪᠦᠷᠢ ᠡᠷᠲᠡ ᠪᠣᠰᠴᠤ ᠭᠠᠯ ᠭᠠᠷᠭᠠᠬᠤ ᠳᠤ ᠭᠡᠷ ᠤᠨ ᠳᠣᠲᠣᠷ᠎ᠠ ᠤᠲᠤᠭ᠎ᠠ ᠲᠤᠨᠤᠷᠠᠨ ᠲᠣᠭᠤᠰᠣ ᠪᠤᠳᠠᠷᠠᠵᠦ᠂ ᠠᠮᠢᠳᠤᠷᠠᠬᠤ ᠣᠷᠴᠢᠨ ᠨᠥᠬᠦᠴᠡᠯ ᠢ ᠲᠤᠩ ᠶᠡᠭᠡ ᠨᠥᠯᠥᠭᠡᠯᠡᠵᠦ ᠪᠠᠶᠢᠭᠰᠠᠨ ᠪᠢᠯᠡ ᠃ ︿ᠨᠡᠭᠦᠷᠡᠰᠦ ᠶᠢ ᠴᠠᠭᠢᠯᠭᠠᠨ ᠢᠶᠠᠷ ᠥᠭᠡᠷᠡᠴᠢᠯᠡᠭᠰᠡᠨ﹀ ᠎ ᠤ ᠳᠠᠷᠠᠭ᠎ᠠ ᠵᠠᠰᠠᠭ ᠤᠨ ᠣᠷᠳᠣᠨ ᠤ ᠨᠥᠬᠦᠪᠦᠷᠢ ᠶᠢ ᠨᠡᠮᠡᠪᠡᠯ ᠂ ᠨᠢᠭᠡ ᠡᠪᠦᠯ ᠥᠩᠭᠡᠷᠡᠭᠰᠡᠨ ᠤ ᠬᠢ ᠠᠴᠠ ᠪᠠᠨ 2000 ᠭᠠᠷᠤᠢ ᠲᠥᠭᠦᠷᠢᠭ ᠣᠷᠴᠢᠮ ᠠᠷᠪᠢᠯᠠᠵᠤ ᠴᠢᠳᠠᠬᠤ ᠪᠣᠯᠤᠭᠰᠠᠨ ᠮᠥᠷᠲᠡᠭᠡᠨ ᠬᠥᠮᠥᠨ ᠭᠦᠳᠡᠯᠮᠦᠷᠢ ᠶᠢ ᠠᠷᠪᠢᠯᠠᠵᠤ᠂ ᠴᠡᠪᠡᠷ ᠰᠠᠷᠠᠭᠤᠯ ᠰᠠᠨᠠᠭ᠎ᠠ ᠠᠮᠤᠷ ᠡᠪᠦᠯᠵᠢᠬᠦ ᠪᠣᠯᠣᠯ᠎ᠠ ︾ ᠭᠡᠪᠡ᠃     ᠴᠠᠭᠢᠯᠭᠠᠨ ᠳᠤᠯᠠᠭᠠᠯᠠᠭ᠎ᠠ ᠣᠯᠠᠨ ᠲᠦᠮᠡᠨ ᠤ ᠰᠡᠳᠬᠢᠯ ᠢ ᠳᠤᠯᠠᠭᠠᠴᠠᠭᠤᠯᠵᠤ᠂ ᠠᠮᠢ ᠠᠬᠤᠢ ᠶᠢᠨ ᠣᠷᠴᠢᠨ ᠨᠥᠬᠦᠴᠡᠯ ᠢ ᠰᠠᠶᠢᠵᠢᠷᠠᠭᠤᠯᠪᠠ᠃ ᠪᠠᠷᠠᠭᠤᠨ ᠪᠡᠯ ᠪᠠᠯᠭᠠᠰᠤᠨ ᠳᠤ ᠼᠤᠤ ᠶᠢᠨ ᠰᠢᠤᠸᠠᠢ ᠲᠠᠢ ᠠᠳᠠᠯᠢ ᠪᠠᠷ ︽ᠨᠡᠭᠦᠷᠡᠰᠦ ᠶᠢ ᠴᠠᠭᠢᠯᠭᠠᠨ ᠢᠶᠠᠷ ᠥᠭᠡᠷᠡᠴᠢᠯᠡᠬᠦ︾ ᠎ ᠠᠴᠠ ᠠᠰᠢᠭ ᠭᠥᠷᠳᠡᠭᠰᠡᠨ ᠭᠡᠷ ᠪᠦᠯᠢ 230 ᠰᠢᠬᠠᠮ ᠪᠠᠶᠢᠨ᠎ᠠ᠃ 2022 ᠣᠨ ᠠᠴᠠ ᠨᠠᠭᠠᠰᠢ᠂ ᠲᠥᠪ᠂ ᠥᠪᠡᠷᠲᠡᠭᠡᠨ ᠵᠠᠰᠠᠬᠤ ᠣᠷᠣᠨ ᠪᠣᠯᠣᠨ ᠠᠯᠠᠱᠠ ᠵᠡᠭᠦᠨ ᠬᠤᠰᠢᠭᠤᠨ ᠤ ᠨᠠᠮ ᠤᠨ ᠬᠤᠷᠢᠶ᠎ᠠ ᠵᠠᠰᠠᠭ ᠤᠨ ᠣᠷᠳᠣᠨ ᠤ ᠳᠡᠮᠵᠢᠯᠭᠡ ᠳᠣᠣᠷ᠎ᠠ᠂ ᠪᠠᠷᠠᠭᠤᠨ ᠪᠡᠯ ᠪᠠᠯᠭᠠᠰᠤ 420.9 ᠲᠦᠮᠡᠨ ᠲᠥᠭᠦᠷᠢᠭ ᠤᠨ ᠪᠡᠯᠡ ᠣᠷᠣᠭᠤᠯᠵᠤ᠂ ︽ᠨᠡᠭᠦᠷᠡᠰᠦ ᠶᠢ ᠴᠠᠭᠢᠯᠭᠠᠨ ᠢᠶᠠᠷ ᠥᠭᠡᠷᠡᠴᠢᠯᠡᠵᠦ ᠴᠡᠪᠡᠷ ᠳᠤᠯᠠᠭᠠᠯᠠᠭ᠎ᠠ ᠬᠢᠬᠦ︾ ᠲᠥᠷᠥᠯ ᠵᠦᠢᠯ ᠢ ᠥᠷᠨᠢᠭᠦᠯᠦᠨ᠂ ᠠᠯᠲᠠᠨᠲᠠᠯ᠎ᠠ᠂ ᠪᠠᠶᠠᠨᠪᠤᠬᠳᠠ 2 ᠭᠠᠴᠠᠭ᠎ᠠ ᠳᠤ ᠨᠡᠭᠦᠷᠡᠰᠦ ᠪᠠᠷ ᠳᠤᠯᠠᠭᠠᠯᠠᠬᠤ ᠶᠢ ᠴᠠᠭᠢᠯᠭᠠᠨ ᠢᠶᠠᠷ ᠥᠭᠡᠷᠡᠴᠢᠯᠡᠵᠦ᠂ ᠭᠠᠴᠠᠭ᠎ᠠ ᠶᠢᠨ ᠤᠯᠠᠨ ᠲᠦᠮᠡᠨ ᠤ ᠳᠤᠯᠠᠭᠠᠯᠠᠭ᠎ᠠ ᠶᠢᠨ ᠨᠥᠬᠦᠴᠡᠯ ᠢ ᠰᠠᠶᠢᠵᠢᠷᠠᠭᠤᠯᠤᠭᠰᠠᠨ ᠢᠶᠠᠷ ᠪᠠᠷᠠᠬᠤ ᠦᠭᠡᠢ ᠲᠠᠷᠠᠬᠠᠢ ᠪᠠᠷ ᠨᠡᠭᠦᠷᠡᠰᠦ ᠲᠦᠯᠡᠵᠦ ᠳᠤᠯᠠᠭᠠᠯᠠᠭ᠎ᠠ ᠬᠢᠬᠦ ᠶᠢ ᠦᠭᠡᠶᠢᠰᠬᠡᠭᠰᠡᠨ ᠢᠶᠠᠷ ᠠᠮᠢ ᠠᠬᠤᠢ ᠶᠢᠨ ᠣᠷᠴᠢᠨ ᠲᠣᠭᠤᠷᠢᠨ ᠢ ᠪᠦᠲᠦᠮᠵᠢᠲᠡᠶ ᠰᠠᠶᠢᠵᠢᠷᠠᠭᠤᠯᠤᠭᠰᠠᠨ ᠪᠠᠶᠢᠨ᠎ᠠ᠃      ︽ᠨᠡᠭᠦᠷᠡᠰᠦ ᠶᠢ ᠴᠠᠭᠢᠯᠭᠠᠨ ᠢᠶᠠᠷ ᠥᠭᠡᠷᠡᠴᠢᠯᠡᠬᠦ︾᠎ ᠨᠢ ᠠᠷᠠᠳ ᠲᠤ ᠠᠰᠢᠭ ᠬᠦᠷᠲᠡᠭᠡᠬᠦ ᠰᠡᠳᠬᠢᠯ ᠢ ᠳᠤᠯᠠᠭᠠᠴᠠᠭᠤᠯᠬᠤ ᠢᠨᠵᠧᠨᠧᠷᠢᠩ ᠪᠤᠯᠬᠤ ᠪᠠᠷ ᠪᠠᠷᠠᠬᠤ ᠦᠭᠡᠢ ᠪᠠᠰᠠ ᠣᠷᠴᠢᠨ ᠲᠣᠭᠤᠷᠢᠨ ᠤ ᠵᠠᠰᠠᠯᠲᠠ ᠶᠢ ᠠᠬᠢᠭᠤᠯᠬᠤ᠂ ᠠᠭᠠᠷ ᠤᠨ ᠶᠠᠰᠤ ᠴᠢᠨᠠᠷ ᠢ ᠰᠠᠶᠢᠵᠢᠷᠠᠭᠤᠯᠬᠤ ᠪᠦᠲᠦᠮᠵᠢᠲᠡᠢ ᠠᠷᠭ᠎ᠠ ᠬᠡᠮᠵᠢᠶ᠎ᠡ ᠪᠣᠯᠣᠨ᠎ᠠ᠃ ᠡᠶᠢᠮᠦ ᠠᠴᠠ ᠠᠷᠠᠳ ᠤᠯᠠᠨ ᠤ ᠳᠤᠯᠠᠭᠠᠯᠠᠭ᠎ᠠ ᠶᠢᠨ ᠨᠥᠬᠦᠴᠡᠯ ᠢ ᠰᠠᠶᠢᠵᠢᠷᠠᠭᠤᠯᠬᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠦᠭᠦ ᠲᠠᠯ᠎ᠠ ᠪᠠᠷ ᠠᠬᠢᠭᠤᠯᠬᠤ ᠳᠤ ᠴᠢᠬᠤᠯᠠ ᠠᠴᠢ ᠬᠤᠯᠪᠣᠭᠳᠠᠯ ᠲᠠᠢ ᠶᠤᠮ᠃ ᠪᠠᠷᠠᠭᠤᠨ ᠪᠡᠯ ᠪᠠᠯᠭᠠᠰᠤᠨ ᠤ ᠳᠡᠳ᠋ ᠳᠠᠷᠤᠭ᠎ᠠ ᠴᠧᠨ ᠯᠢ ᠴᠤᠤ᠄ ︽2023 ᠣᠨ ᠳᠤ᠂ ᠪᠢᠳᠡ ᠨᠢᠭᠡᠨᠲᠡ ᠬᠤᠶᠠᠳᠤᠭᠠᠷ ᠬᠤᠭᠤᠴᠠᠭᠠᠨ ᠤ ︿ᠨᠡᠭᠦᠷᠡᠰᠦ ᠶᠢ ᠴᠠᠭᠢᠯᠭᠠᠨ ᠢᠶᠠᠷ ᠥᠭᠡᠷᠡᠴᠢᠯᠡᠬᠦ﹀ ᠲᠥᠷᠥᠯ ᠵᠦᠢᠯ ᠢ ᠬᠡᠷᠡᠭᠵᠢᠭᠦᠯᠬᠦ ᠪᠠᠷ ᠭᠤᠶᠤᠴᠢᠯᠠᠵᠤ᠂ ᠲᠠᠲᠠᠭᠠᠯ ᠤᠰᠤ᠂ ᠲᠡᠮᠦᠷ ᠡᠭᠦᠳᠡ᠂ ᠪᠠᠢ ᠱᠢ ᠲᠧᠦ᠂ ᠲᠦᠷᠭᠡᠨ ᠵᠡᠷᠭᠡ ᠭᠠᠴᠠᠭ᠎ᠠ ᠳᠤ ︿ᠨᠡᠭᠦᠷᠡᠰᠦ ᠶᠢ ᠴᠠᠭᠢᠯᠭᠠᠨ ᠢᠶᠠᠷ ᠥᠭᠡᠷᠡᠴᠢᠯᠡᠬᠦ﹀ ᠴᠡᠪᠡᠷ ᠳᠤᠯᠠᠭᠠᠯᠠᠭ᠎ᠠ ᠶᠢᠨ ᠲᠥᠷᠥᠯ ᠵᠦᠢᠯ ᠢ ᠲᠣᠰ ᠲᠣᠰ ᠬᠡᠷᠡᠭᠵᠢᠭᠦᠯᠦᠨ᠂ 409 ᠪᠠᠶᠢᠩᠭᠤ ᠰᠠᠭᠤᠭ᠎ᠠ ᠡᠷᠦᠭᠡ ᠳᠤ ᠠᠰᠢᠭ ᠬᠦᠷᠲᠡᠭᠡᠬᠦ ᠪᠠᠷ ᠪᠠᠶᠢᠨ᠎ᠠ᠃ ᠣᠳᠣᠬᠠᠨ ᠳᠤ ᠲᠥᠪ ᠪᠠ ᠥᠪᠡᠷᠲᠡᠭᠡᠨ ᠵᠠᠰᠠᠬᠤ ᠣᠷᠣᠨ ᠤ ᠬᠠᠮᠢᠶ᠎ᠠ ᠪᠦᠬᠦᠢ ᠲᠤᠰᠬᠠᠢ ᠪᠡᠯᠡ ᠮᠥᠩᠭᠦ ᠶᠢ ᠨᠢᠭᠡᠨᠲᠡ ᠪᠠᠭᠤᠯᠭᠠᠭᠰᠠᠨ ᠪᠥᠭᠡᠳ ᠲᠥᠷᠥᠯ ᠵᠦᠢᠯ ᠢ ᠪᠠᠷᠢᠯᠭ᠎ᠠ ᠶᠢᠨ ᠠᠵᠢᠯ ᠤᠨ ᠳᠠᠭᠠᠭᠠᠴᠢᠯᠠᠯᠲᠠ ᠵᠠᠷᠯᠠᠬᠤ ᠳᠠᠭᠠᠭᠠᠴᠢᠯᠠᠯᠲᠠ ᠬᠦᠯᠢᠶᠡᠬᠦ ᠶᠢᠨ ᠡᠮᠦᠨᠡᠬᠢ ᠬᠤᠭᠤᠴᠠᠭᠠᠨ ᠤ ᠪᠡᠯᠡᠳᠬᠡᠯ ᠱᠠᠲᠤᠨ ᠳᠤ ᠣᠷᠣᠭᠤᠯᠪᠠ︾ ᠭᠡᠵᠡᠢ᠃    
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号