ᠵᠤᠭᠠᠴᠠᠯ ᠤᠨ ᠡᠭᠢ ᠪᠠᠶᠠᠯᠢᠭ
ᠨᠡᠶᠢᠲᠡᠯᠡᠭᠰᠡᠨ ᠴᠠᠭ᠄
2024/3/10
             ᠠᠯᠠᠱᠠ ᠵᠡᠬᠦᠨ ᠬᠤᠰᠢᠭᠤᠨ ᠤ ᠵᠤᠭᠠᠴᠠᠯ ᠤᠨ ᠡᠭᠢ ᠪᠠᠶᠠᠯᠢᠭ ᠨᠢ ᠦᠪᠡᠷᠮᠢᠴᠠ ᠴᠢᠨᠠᠷ᠂ ᠤᠨᠴᠠᠯᠢᠭᠳᠤ ᠴᠢᠨᠠᠷ ᠪᠠ ᠨᠢᠭᠤᠴᠠᠭᠠᠢ ᠴᠢᠨᠠᠷ ᠢᠶᠠᠷ ᠢᠶᠠᠨ ᠤᠯᠤᠰ ᠤᠨ ᠳᠤᠳᠤᠭᠠᠳᠤ ᠳᠤ ᠦᠪᠡᠷ ᠤᠨ ᠭᠡᠰᠡᠨ ᠤᠷᠤᠨ ᠪᠠᠶᠢᠷᠢ ᠪᠠᠨ ᠡᠵᠡᠯᠡᠵᠤ ᠪᠠᠶᠢᠳᠠᠭ᠃ ᠵᠤᠭᠠᠴᠠᠯ ᠤᠨ ᠡᠭᠢ ᠪᠠᠶᠠᠯᠢᠭ ᠤᠨ ᠳᠦᠷᠤᠯ ᠵᠦᠢᠯ ᠪᠦᠷᠢᠨ ᠪᠠᠶᠢᠵᠤ᠂ ᠳᠡᠳ᠋ ᠳᠦᠷᠤᠯ ᠤᠨ ᠵᠤᠭᠠᠴᠠᠯ ᠤᠨ ᠡᠭᠢ ᠪᠠᠶᠠᠯᠢᠭ ᠨᠠᠯᠢᠶᠠᠳ ᠪᠠᠶᠢᠵᠤ᠂ ᠦᠨᠳᠤᠰᠤᠨ ᠳᠦᠷᠤᠯ ᠤᠨ ᠭᠡᠯᠪᠡᠷᠢ ᠶᠢᠨ ᠵᠤᠭᠠᠴᠠᠯ ᠤᠨ ᠡᠭᠢ ᠪᠠᠶᠠᠯᠢᠭ ᠡᠯᠪᠡᠭ ᠪᠠᠶᠢᠳᠠᠭ᠃ ︽ᠵᠤᠭᠠᠴᠠᠯ ᠤᠨ ᠡᠭᠢ ᠪᠠᠶᠠᠯᠢᠭ ᠤᠨ ᠳᠦᠷᠤᠯ ᠵᠦᠢᠯ᠂ ᠪᠠᠶᠢᠴᠠᠭᠠᠯᠳᠠ ᠭᠢᠭᠡᠳ ᠦᠨᠡᠯᠡᠯᠳᠡ︾ ︵GB \ T18972 —2003︶ ᠶᠢ ᠦᠨᠳᠤᠰᠤᠯᠠᠪᠠᠯ᠂ ᠠᠯᠠᠱᠠ ᠵᠡᠬᠦᠨ ᠬᠤᠰᠢᠭᠤᠨ ᠳᠤ ᠰᠤᠳᠤᠨ ᠵᠤᠭᠠᠴᠠᠯ ᠤᠨ ᠡᠭᠢ ᠪᠠᠶᠠᠯᠢᠭ 196 ᠳᠦᠷᠤᠯ ᠵᠦᠢᠯ ᠪᠠᠶᠢᠵᠤ᠂ ᠡᠬᠦᠨ ᠳᠤ ᠪᠠᠶᠢᠭᠠᠯᠢ ᠶᠢᠨ ᠵᠤᠭᠠᠴᠠᠯ ᠤᠨ ᠡᠭᠢ ᠪᠠᠶᠠᠯᠢᠭ 63 ᠵᠦᠢᠯ᠂ ᠬᠦᠮᠤᠨ ᠰᠤᠶᠤᠯ ᠤᠨ ᠵᠤᠭᠠᠴᠠᠯ ᠤᠨ ᠡᠭᠢ ᠪᠠᠶᠠᠯᠢᠭ 133 ᠵᠦᠢᠯ ᠪᠠᠶᠢᠨ᠎ᠠ᠃ ᠪᠦᠬᠦ ᠤᠯᠤᠰ ᠤᠨ ᠵᠤᠭᠠᠴᠠᠯ ᠤᠨ ᠡᠭᠢ ᠪᠠᠶᠠᠯᠢᠭ ᠢ 8 ᠭᠤᠤᠯ ᠳᠦᠷᠤᠯ᠂ 31 ᠳᠡᠳ᠋ ᠳᠦᠷᠤᠯ᠂ 155 ᠦᠨᠳᠤᠰᠤᠨ ᠳᠦᠷᠤᠯ ᠭᠡᠵᠤ ᠬᠤᠪᠢᠶᠠᠭᠰᠠᠨ ᠤ ᠳᠤᠳᠤᠷ᠎ᠠ ᠠᠴᠠ ᠠᠯᠠᠱᠠ ᠵᠡᠬᠦᠨ ᠬᠤᠰᠢᠭᠤᠨ ᠳᠤ 8 ᠭᠤᠤᠯ ᠳᠦᠷᠤᠯ᠂ 24 ᠳᠡᠳ᠋ ᠳᠦᠷᠤᠯ᠂ 64 ᠦᠨᠳᠤᠰᠤᠨ ᠳᠦᠷᠤᠯ ᠤᠨ ᠵᠤᠭᠠᠴᠠᠯ ᠤᠨ ᠡᠭᠢ ᠪᠠᠶᠠᠯᠢᠭ ᠬᠠᠷᠢᠶᠠᠯᠠᠭᠳᠠᠵᠤ ᠪᠤᠢ᠃          ᠠᠳᠡ ᠤᠯᠠᠨᠪᠤᠯᠠᠭ ᠤᠨ ᠵᠡᠬᠦᠳᠤ ᠵᠡᠷᠭᠡᠯᠭᠡᠨ ᠤ ᠬᠠᠪᠴᠢᠯ ᠪᠠ ᠪᠠᠶᠠᠨᠨᠢᠷᠤᠭᠤᠨ ᠤ ᠬᠠᠪᠴᠢᠭᠠᠢ ᠶᠢᠨ ᠰᠤᠨᠢᠨ ᠭᠠᠶᠢᠬᠠᠮᠰᠢᠭᠳᠤ ᠴᠢᠯᠠᠭᠤ ᠪᠠᠷ ᠭᠤᠤᠯ ᠪᠤᠯᠭᠠᠭᠰᠠᠨ ᠪᠠᠶᠢᠭᠠᠯᠢ ᠶᠢᠨ ᠦᠵᠡᠮᠵᠢ ᠪᠤᠢ︔ ᠠᠳᠡ ᠡᠯᠡᠰᠤᠨ ᠳᠠᠯᠠᠢ ᠳᠤᠮᠳᠠ ᠤᠳᠤᠨ ᠮᠠᠴᠢᠳ ᠮᠡᠳᠤ ᠳᠦᠭᠡᠭᠰᠡᠨ ᠨᠠᠭᠤᠷ ᠨᠠᠮᠤᠭ ᠢᠶᠠᠷ ᠳᠦᠯᠤᠭᠡᠯᠡᠬᠦᠯᠤᠭ᠍ᠰᠡᠨ ᠨᠠᠭᠤᠷ ᠪᠦᠷᠢᠳᠤ ᠶᠢᠨ ᠦᠵᠡᠮᠵᠢ ᠪᠤᠢ︔ ᠠᠳᠡ ᠠᠯᠠᠱᠠ ᠠᠭᠤᠯᠠ ᠶᠢᠨ ᠪᠠᠶᠢᠭᠠᠯᠢ ᠶᠢᠨ ᠤᠢ ᠭᠢᠭᠡᠳ ᠡᠯᠡᠰᠤᠨ ᠴᠦᠯ ᠤᠨ ᠨᠤᠭᠤᠭᠠᠨ ᠪᠦᠷᠢᠳᠤ᠂ ᠴᠦᠯᠡᠷᠭᠡᠭ ᠭᠡᠭᠡᠷ᠎ᠡ ᠳᠠᠯ᠎ᠠ ᠵᠡᠷᠭᠡ ᠪᠠᠷ ᠭᠤᠤᠯ ᠪᠤᠯᠭᠠᠭᠰᠠᠨ ᠠᠮᠢᠳᠤ ᠪᠤᠳᠠᠰ ᠤᠨ ᠦᠵᠡᠮᠵᠢ ᠪᠤᠢ︔ ᠠᠳᠡ ᠶᠡᠭᠡ ᠡᠯᠡᠰᠤᠨ ᠳᠤ ᠨᠠᠷᠠ ᠮᠠᠨᠳᠤᠵᠤ ᠵᠢᠷᠭᠠᠬᠤ ᠶᠢ ᠰᠤᠨᠢᠷᠬᠠᠬᠤ ᠪᠠᠷ ᠭᠤᠤᠯ ᠪᠤᠯᠭᠠᠭᠰᠠᠨ ᠤᠳᠤᠨ ᠤᠷᠤᠨ ᠤ ᠦᠵᠡᠭᠳᠡᠯ ᠭᠢᠭᠡᠳ ᠴᠠᠭ ᠠᠭᠤᠷ ᠤᠨ ᠦᠵᠡᠮᠵᠢ ᠪᠤᠢ︔ ᠠᠳᠡ ᠠᠯᠠᠱᠠ ᠠᠭᠤᠯᠠ ᠶᠢᠨ ᠬᠠᠳᠠᠨ ᠵᠢᠷᠤᠭ᠂ ᠮᠢᠩ ᠤᠯᠤᠰ ᠤᠨ ᠤᠷᠳᠤ ᠴᠠᠭᠠᠨ ᠭᠡᠷᠡᠮ᠂ ᠳ᠋ᠢᠩ ᠶᠤᠸᠠᠨ ᠢᠩ ᠤᠨ ᠬᠠᠭᠤᠴᠢᠨ ᠬᠤᠳᠠ ᠪᠠᠷ ᠳᠦᠯᠤᠭᠡᠯᠡᠬᠦᠯᠤᠭ᠍ᠰᠡᠨ ᠡᠷᠳᠡᠨ ᠤ ᠪᠠᠭᠤᠷᠢ᠂ ᠤᠯᠠ ᠮᠦᠷ ᠤᠨ ᠦᠵᠡᠮᠵᠢ ᠪᠤᠢ︔ ᠠᠳᠠ ᠠᠯᠠᠱᠠ ᠶᠢᠨ ᠨᠠᠢᠮᠠᠨ ᠶᠡᠭᠡ ᠭᠡᠶᠢᠳ᠂ ᠪᠠᠶᠠᠨᠬᠤᠳᠠ ᠶᠢᠨ ᠳᠠᠮᠢᠷ ᠤᠨ ᠳᠠᠯᠠᠪᠠᠢ ᠵᠡᠷᠭᠡ ᠪᠠᠷ ᠳᠦᠯᠤᠭᠡᠯᠡᠬᠦᠯᠤᠭ᠍ᠰᠡᠨ ᠪᠠᠷᠢᠯᠭ᠎ᠠ ᠶᠢᠨ ᠦᠵᠡᠮᠵᠢ ᠪᠤᠢ︔ ᠠᠳᠠ ᠠᠯᠠᠱᠠ ᠬᠤᠱᠤᠳ ᠮᠤᠩᠭᠤᠯ ᠤᠨ ᠬᠤᠷᠢᠮ ᠤᠨ ᠶᠤᠰᠤᠯᠠᠯ᠂ ᠤᠷᠳᠤ ᠶᠢᠨ ᠳᠠᠭᠤᠤ᠂ ᠦᠨᠳᠤᠰᠤᠳᠡᠨ ᠤ ᠬᠤᠪᠴᠠᠰᠤ ᠵᠠᠰᠠᠯ᠂ ᠢᠳᠡᠭᠡᠨ ᠤᠮᠳᠠᠭᠠᠨ ᠤ ᠰᠤᠶᠤᠯ᠂ ᠱᠠᠰᠢᠨ ᠤ ᠦᠢᠯᠡ ᠶᠠᠪᠤᠳᠠᠯ᠂ ᠦᠷᠡᠰ ᠤᠨ ᠨᠠᠶᠢᠷ ᠵᠡᠷᠭᠡ ᠪᠠᠷ ᠭᠤᠤᠯ ᠪᠤᠯᠭᠠᠭᠰᠠᠨ ᠬᠦᠮᠤᠨ ᠰᠤᠶᠤᠯ ᠤᠨ ᠠᠵᠢᠯᠯᠠᠭ᠎ᠠ ᠪᠤᠢ︔ ᠠᠳᠡ ᠴᠠᠭᠠᠨ ᠭᠤᠶᠤᠤ᠂ ᠤᠯᠠᠭᠠᠨ ᠭᠤᠶᠤᠤ᠂ ᠠᠯᠠᠱᠠ ᠠᠭᠤᠯᠠ ᠶᠢᠨ ᠮᠦᠬᠦ᠂ ᠬᠦᠮᠠᠯᠢ ᠵᠡᠷᠭᠡ ᠨᠤᠳᠤᠭ ᠤᠨ ᠤᠨᠴᠠᠯᠢᠭᠳᠤ ᠤᠷᠭᠤᠮᠠᠯ ᠪᠤᠢ︔ ᠠᠳᠡ ᠪᠠᠰᠠ ᠨᠢᠭᠡᠨᠳᠠ ᠨᠡᠭᠡᠭᠡᠭᠰᠡᠨ ᠪᠤᠶᠤ ᠰᠢᠨ᠎ᠡ ᠪᠠᠷ ᠨᠡᠭᠡᠭᠡᠵᠤ ᠪᠠᠶᠢᠭ᠎ᠠ ᠭᠠᠷ ᠤᠷᠠᠯᠠᠯ ᠤᠨ ᠪᠦᠳᠤᠭᠡᠭᠳᠡᠬᠦᠨ ᠪᠤᠢ᠃                    ᠦᠯᠵᠡᠢ ᠶᠢᠨ ᠳᠤᠪᠴᠢ ᠨᠠᠮᠳᠠᠷ     ᠦᠯᠵᠡᠢ᠂ ᠪᠢᠴᠢᠭ ᠤᠨ ᠨᠠᠷ᠎ᠠ ᠫᠦ᠊ · ᠦᠯᠵᠡᠢ᠂ 1959 ᠤᠨ ᠤ ᠬᠠᠪᠤᠷ ᠤᠤᠯ ᠤᠨ ᠠᠯᠠᠱᠠ ᠬᠤᠰᠢᠭᠤᠨ ᠤ ᠽᠤᠨ ᠤ ᠪᠠᠭ ᠤᠨ ᠮᠠᠯᠴᠢᠨ ᠫᠦᠷᠪᠤ᠂ ᠳᠦᠤᠳᠡᠢ ᠶᠢᠨ ᠤᠤᠭᠠᠨ ᠬᠦᠤ ᠪᠤᠯᠵᠤ ᠵᠠᠶᠠᠭᠠᠪᠠ᠃ 1983 ᠤᠨ ᠳᠤ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠤᠯᠤᠰ ᠳᠦᠷᠤ ᠶᠢᠨ ᠬᠦᠮᠤᠵᠢᠯ ᠤᠨ ᠰᠠᠯᠪᠤᠷᠢ ᠠᠴᠠ ᠳᠡᠬᠦᠰᠤᠨ ᠠᠷᠠᠳ ᠤᠨ ᠪᠠᠭᠰᠢ ᠪᠤᠯᠵᠤ᠂ ᠡᠳᠤᠭᠡ ᠠᠯᠠᠱᠠ ᠮᠤᠩᠭᠤᠯ ᠦᠨᠳᠤᠰᠤᠳᠡᠨ ᠤ ᠪᠦᠷᠢᠨ ᠳᠤᠮᠳᠠᠳᠤ ᠰᠤᠷᠭᠠᠭᠤᠯᠢ ᠳᠤ ᠳᠤᠮᠳᠠᠳᠤ ᠰᠤᠷᠭᠠᠭᠤᠯᠢ ᠶᠢᠨ ᠳᠡᠭᠡᠳᠤ ᠳᠠᠰ ᠤᠨ ᠪᠠᠭᠰᠢ ᠪᠠᠷ ᠠᠵᠢᠯᠯᠠᠵᠤ ᠪᠤᠢ᠃     ᠳᠡᠭᠡᠷ᠎ᠡ ᠵᠠᠭᠤᠨ ᠤ ᠨᠠᠶᠠᠭᠠᠳ ᠤᠨ ᠠᠴᠠ ᠡᠭᠢᠯᠠᠨ ᠤᠨᠤᠯ ᠰᠢᠬᠦᠮᠵᠢ᠂ ᠰᠤᠯᠠ ᠪᠢᠴᠢᠯᠭᠡ᠂ ᠠᠶᠠᠨ ᠤ ᠳᠡᠮᠳᠡᠭᠯᠡᠯ᠂ ᠮᠡᠳᠡᠭᠡ ᠴᠢᠮᠡᠭᠡᠯᠡᠯ ᠵᠡᠷᠭᠡ ᠰᠲ᠋ᠢᠯᠢ ᠶᠢᠨ ᠵᠤᠭᠢᠶᠠᠯ ᠪᠦᠳᠤᠭᠡᠯ ᠤᠷᠤᠯᠳᠤᠵᠤ ᠰᠤᠨᠢᠨ ᠰᠡᠳᠬᠦᠯ ᠳᠤ ᠨᠡᠶᠢᠳᠡᠯᠡᠬᠦᠯᠵᠤ ᠢᠷᠡᠭᠰᠡᠨ᠂ ᠰᠢᠨ᠎ᠡ ᠮᠢᠩᠭᠠᠨ ᠳᠤ ᠤᠷᠤᠭᠰᠠᠨ ᠠᠴᠠ ᠨᠠᠰᠢ ᠭᠤᠤᠯᠳᠠᠭᠤ ᠤᠷᠤᠨ ᠨᠤᠳᠤᠭ ᠤᠨ ᠳᠡᠤᠭᠡ ᠰᠤᠶᠤᠯ ᠤᠨ ᠴᠢᠭᠯᠡᠯ ᠢᠶᠠᠷ ᠰᠤᠳᠤᠯᠭᠠᠨ ᠭᠢᠵᠤ᠂ ︽ᠦᠪᠤᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ︾᠂ ︽ᠮᠤᠩᠭᠤᠯ ᠤᠨ ᠰᠤᠳᠤᠯᠤᠯ︾᠂ ︽ᠪᠠᠷᠠᠭᠤᠨ ᠬᠤᠶᠢᠳᠤ ᠶᠢᠨ ᠦᠨᠳᠤᠰᠤᠳᠡᠨ ᠤ ᠶᠡᠭᠡ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠬᠦᠯ︾᠂ ︽ᠪᠠᠷᠠᠭᠤᠨ ᠮᠤᠩᠭᠤᠯ ᠰᠤᠳᠤᠯᠤᠯ︾᠂ ︽ᠳᠤᠮᠳᠠᠳᠤ ᠶᠢᠨ ᠦᠨᠳᠤᠰᠤᠳᠡᠨ︾ ᠵᠡᠷᠭᠡ ᠤᠷᠤᠨ ᠤ ᠳᠤᠳᠤᠨ᠎ᠠ ᠭᠠᠳᠠᠨᠠᠭᠢ ᠰᠤᠨᠢᠨ ᠰᠡᠳᠬᠦᠯ ᠳᠤ ᠡᠷᠳᠡᠮ ᠰᠢᠨᠵᠢᠯᠡᠭᠡᠨ ᠤ ᠦᠬᠦᠯᠡᠯ ᠵᠤᠭᠢᠶᠠᠯ ᠢᠶᠠᠨ ᠨᠠᠶᠢᠳᠠᠯᠠᠵᠤ᠂ ᠪᠠᠰᠠ ︽ᠳᠡᠤᠭᠡ ᠰᠤᠶᠤᠯ ᠤᠨ ᠮᠦᠷᠳᠡᠯᠳᠡ︾᠂ ︽ᠠᠯᠠᠱᠠ ᠶᠢᠨ ᠮᠤᠩᠭᠤᠯ ᠦᠨᠳᠤᠰᠤᠳᠡᠨ ᠤ ᠰᠤᠷᠭᠠᠨ ᠬᠦᠮᠤᠵᠢᠯ ᠤᠨ ᠳᠤᠪᠴᠢ ᠳᠡᠤᠭᠡ︾᠂ ︽ᠠᠯᠠᠱᠠ ᠬᠤᠰᠢᠭᠤᠨ ᠤ ᠠᠵᠤ ᠠᠬᠤᠢ ᠶᠢᠨ ᠳᠡᠤᠭᠡᠨ ᠰᠤᠳᠤᠯᠤᠯ︾ ᠵᠡᠷᠭᠡ ᠨᠤᠮ ᠢᠶᠠᠨ ᠭᠡᠪᠯᠡᠬᠦᠯᠤᠭᠡᠳ ᠪᠠᠶᠢᠨ᠎ᠠ᠃                      
 
ᠢᠷᠡᠯᠲᠡ᠄ ᠠᠯᠠᠱᠠ ᠵᠡᠬᠦᠨ ᠬᠤᠰᠢᠭᠤᠨ ᠤ ᠳᠡᠤᠭᠡ ᠰᠤᠶᠤᠯ ᠤᠨ ᠳᠦᠢᠮᠤ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号