ᠣᠳᠣᠬᠢᠴᠢᠯᠠᠭᠰᠠᠨ ᠮᠠᠯ ᠠᠵᠤ ᠠᠬᠤᠢ ᠶᠢ ᠬᠥᠭᠵᠢᠭᠦᠯᠵᠦ ᠬᠥᠳᠡᠭᠡ ᠳᠤᠰᠬᠤᠠ ᠢ ᠬᠥᠭᠵᠢᠭᠦᠯᠦᠨ ᠮᠠᠨᠳᠤᠭᠤᠯᠬᠤ ᠎ ᠳᠤ ᠬᠦᠴᠦᠨ ᠴᠢᠳᠠᠯ ᠢᠶᠠᠨ ᠡᠷᠭᠦᠨ᠎ᠡ
ᠨᠡᠶᠢᠲᠡᠯᠡᠭᠰᠡᠨ ᠴᠠᠭ᠄
2024/3/11
      - ᠮᠠᠨ ᠤ ᠠᠶᠢᠮᠠᠭ ᠤᠨ ᠮᠠᠯᠴᠢᠨ ᠲᠠᠷᠢᠶᠠᠴᠢᠨ ᠬᠤᠪᠢ ᠶᠢᠨ ᠡᠵᠡᠩᠨᠡᠭᠴᠢ ᠮᠠᠯᠴᠢᠨ ᠲᠠᠷᠢᠶᠠᠴᠢᠨ       ᠠᠵᠤ ᠠᠬᠤᠶᠢᠯᠠᠯᠲᠠᠳ ᠠᠶᠢᠮᠠᠭ ᠤᠨ ᠨᠠᠮ ᠤᠨ ᠬᠤᠷᠢᠶ᠎ᠠ ᠶᠢᠨ ︵ᠥᠷᠭᠡᠳᠬᠡᠭᠰᠡᠨ︶       ᠬᠤᠷᠠᠯ ᠤᠨ ᠵᠣᠷᠢᠭ ᠰᠠᠨᠠᠭ᠎ᠠ ᠶᠢ ᠲᠤᠭᠤᠰᠢᠯᠠᠭᠤᠯᠬᠤ ᠲᠤᠬᠠᠢ ᠶᠠᠷᠢᠭᠰᠠᠨ ᠨᠢ             ᠰᠤᠷᠪᠤᠯᠵᠢᠯᠠᠬᠴᠢ ᠳᠠᠪᠰᠢᠯᠲᠤ            1 ᠰᠠᠷ᠎ᠠ ᠶᠢᠨ 2᠎ ᠤᠨ ᠡᠳᠦᠷ ᠬᠤᠷᠠᠯᠳᠤᠭᠰᠠᠨ ᠠᠶᠢᠮᠠᠭ ᠤᠨ ᠨᠠᠮ ᠤᠨ ᠬᠤᠷᠢᠶ᠎ᠠ ᠶᠢᠨ ︵ᠥᠷᠭᠡᠳᠬᠡᠭᠰᠡᠨ︶ ᠬᠤᠷᠠᠯ ᠠᠴᠠ ᠲᠣᠭᠲᠠᠭᠠᠭᠰᠠᠨ ᠡᠯ᠎ᠡ ᠳᠦᠷᠦᠯ ᠤᠨ ᠠᠷᠭ᠎ᠠ ᠠᠪᠴᠠᠯ ᠲᠥᠰᠥᠪ ᠲᠥᠯᠥᠪᠯᠡᠭᠡ ᠨᠢ ᠮᠠᠨ ᠤ ᠠᠶᠢᠮᠠᠭ ᠎ ᠤᠨ ᠮᠠᠯᠴᠢᠨ ᠲᠠᠷᠢᠶᠠᠴᠢᠨ᠂ ᠬᠤᠪᠢ ᠶᠢᠨ ᠡᠵᠡᠩᠨᠡᠭᠴᠢ᠂ ᠮᠠᠯᠴᠢᠨ ᠲᠠᠷᠢᠶᠠᠴᠢᠨ ᠠᠵᠤ ᠠᠬᠤᠶᠢᠯᠠᠯᠲᠠᠳ ᠤᠨ ᠳᠤᠮᠳᠠ ᠴᠢᠩᠭ᠎ᠠ ᠲᠤᠰᠬᠠᠯ ᠭᠠᠷᠴᠤ᠂ ᠤᠯᠠᠠ ᠢᠶᠠᠷ ᠢᠶᠠᠨ ᠳᠤᠰ ᠳᠤᠰ ᠤᠨ ᠠᠵᠢᠯ ᠦᠢᠯᠡᠰ ᠲᠠᠢ ᠪᠠᠨ ᠤᠶᠠᠯᠳᠤᠭᠤᠯᠤᠨ᠂ ᠬᠠᠷᠠᠯᠲᠠ ᠵᠣᠷᠢᠯᠲᠠ ᠪᠠᠨ ᠲᠣᠭᠲᠠᠭᠠᠬᠤ ᠶᠢᠨ ᠬᠠᠮᠲᠤ᠂ ᠰᠢᠨ᠎ᠡ ᠨᠢᠭᠡ ᠵᠢᠯ ᠤᠨ ᠠᠵᠢᠯ ᠢᠶᠠᠨ ᠪᠠᠶᠢᠷᠢᠯᠠᠭᠤᠯᠤᠭᠰᠠᠨ ᠪᠠᠶᠢᠨ᠎ᠠ᠃      ᠡᠵᠡᠨ᠎ᠡ ᠬᠤᠰᠢᠭᠤᠨ ᠤ ᠳᠠᠯᠠᠶᠢᠬᠦ᠋ᠪ ᠪᠠᠯᠭᠠᠰᠤᠨ ᠤ ᠤᠯᠠᠭᠠᠨᠭᠡᠷᠡᠯ ᠭᠠᠴᠠᠭᠠᠨ ᠤ ᠮᠠᠯᠴᠢᠨ ᠣᠳᠬᠤᠨᠴᠡᠴᠡᠭ ᠠᠶᠢᠮᠠᠭ ᠤᠨ ᠨᠠᠮ ᠤᠨ ᠬᠤᠷᠢᠶ᠎ᠠ ᠶᠢᠨ ︵ᠥᠷᠭᠡᠳᠬᠡᠭᠰᠡᠨ︶ ᠬᠤᠷᠠᠯ ᠳᠤ ᠮᠠᠯᠴᠢᠳ ᠤᠨ ᠲᠥᠯᠥᠭᠡᠯᠡᠭᠴᠢ ᠪᠠᠷ ᠣᠷᠣᠯᠴᠠᠵᠠᠢ᠃ ᠲᠡᠷᠡ᠂ ᠬᠤᠷᠠᠯ ᠠᠴᠠ ᠣᠷᠴᠢᠨ ᠲᠣᠭᠤᠷᠢᠨ᠂ ᠠᠮᠢ ᠠᠬᠤᠢ᠂ ᠲᠠᠷᠢᠶᠠᠯᠠᠩ ᠮᠠᠯ ᠠᠵᠤ ᠠᠬᠤᠢ᠂ ᠬᠥᠳᠡᠭᠡ ᠲᠤᠰᠬᠤᠨ ᠢ ᠬᠥᠭᠵᠢᠭᠦᠯᠬᠦ ᠲᠠᠯ᠎ᠠ ᠪᠠᠷ ᠤᠯᠠᠨ ᠰᠠᠶᠢᠬᠠᠨ ᠲᠥᠰᠥᠪ ᠲᠥᠯᠥᠪᠯᠡᠭᠡ ᠳᠤᠷᠠᠳᠤᠨ ᠭᠠᠷᠭᠠᠯ᠎ᠠ᠃ ᠥᠪᠡᠷ ᠢᠶᠠᠨ ᠲᠡᠮᠡᠭᠡ ᠮᠠᠯᠵᠢᠬᠤ ᠶᠢᠨ ᠬᠠᠮᠲᠤ ︽ᠲᠤᠤᠷᠠᠶᠢᠳᠤ ᠠᠶᠢᠯ ᠤᠨ ᠪᠦᠰᠡᠭᠦᠢ︾ ᠮᠠᠯᠴᠢᠨ ᠠᠶᠢᠯ ᠤᠨ ᠵᠢᠭᠤᠯᠴᠢᠯᠠᠯ ᠤᠨ ᠭᠠᠵᠠᠷ ᠡᠷᠭᠢᠯᠡᠵᠤ ᠪᠠᠶᠢᠭ᠎ᠠ ᠲᠤᠯᠠ ᠨᠤᠲᠤᠭ ᠪᠡᠯᠴᠢᠭᠡᠷ ᠤᠨ ᠠᠮᠢ ᠠᠬᠤᠢ ᠶᠢᠨ ᠬᠥᠭᠵᠢᠯᠲᠡ ᠶᠢ ᠶᠡᠭᠡ ᠠᠩᠬᠠᠷᠳᠠᠭ᠃ ᠳᠠᠷᠠᠭᠠᠴᠢ ᠪᠠᠷ ᠵᠢᠭᠤᠯᠴᠢᠯᠠᠯ ᠤᠨ ᠦᠢᠯᠡᠰ ᠤᠨ ᠦᠢᠯᠡᠴᠢᠯᠡᠭᠡ ᠪᠠᠨ ᠤᠯᠠᠮ ᠰᠠᠶᠢᠵᠢᠷᠠᠭᠤᠯᠤᠨ᠂ ᠤᠯᠠᠮᠵᠢᠯᠠᠯᠲᠤ ᠮᠠᠯ ᠠᠵᠤ ᠠᠬᠤᠢ ᠪᠣᠯᠣᠨ ᠵᠢᠭᠤᠯᠴᠢᠯᠠᠯ ᠤᠨ ᠦᠢᠯᠡᠰ ᠢ ᠤᠶᠠᠯᠳᠤᠭᠤᠯᠤᠨ ᠬᠥᠭᠵᠢᠭᠦᠯᠵᠦ᠂ ᠰᠢᠨ᠎ᠡ ᠮᠠᠶ᠋ᠢᠭ ᠤᠨ ᠡᠵᠡᠩᠨᠡᠯᠲᠡ ᠶᠢᠨ ᠭᠡᠯᠪᠡᠷᠢ ᠶᠢ ᠡᠭᠦᠳᠦᠨ᠂ ᠮᠠᠯᠵᠢᠬᠤ ᠣᠷᠣᠨ ᠤ ᠰᠣᠶᠣᠯ ᠵᠢᠭᠤᠯᠴᠢᠯᠠᠯ᠂ ᠮᠠᠯ ᠠᠵᠤ ᠠᠬᠤᠢ ᠪᠠᠨ ᠤᠯᠠᠮ ᠨᠢᠭᠡ ᠠᠯᠬᠤᠮ ᠬᠥᠭᠵᠢᠭᠦᠯᠬᠦ ᠪᠠᠷ ᠴᠢᠷᠮᠠᠶᠢᠨ᠎ᠠ ᠭᠡᠵᠦ ᠪᠠᠶᠢᠯ᠎ᠠ᠃      ᠠᠯᠠᠱᠠ ᠪᠠᠷᠠᠭᠤᠨ ᠬᠤᠰᠢᠭᠤᠨ ᠤ ᠠᠯᠳ᠋ᠬᠠᠤᠪᠤᠭ᠎ᠠ ᠪᠠᠯᠭᠠᠰᠤᠨ ᠤ ᠭᠦᠨᠳᠠᠯᠠᠢ ᠭᠠᠴᠠᠭᠠᠨ ᠤ ᠨᠠᠮ ᠤᠨ ᠡᠭᠦᠷ ᠤᠨ ᠱᠦᠵᠢ᠂ ᠭᠠᠴᠠᠭᠠᠨ ᠳᠠᠷᠤᠭ᠎ᠠ ᠪᠠ ᠢ᠂ ᠮᠢᠨᠤ ᠠᠩᠬᠠᠷᠴᠤ ᠪᠠᠶᠢᠭ᠎ᠠ ᠪᠣᠯ ᠢᠩᠭᠡᠨ ᠰᠦ ᠰᠠᠭᠠᠯᠢ ᠶᠢᠨ ᠦᠢᠯᠡᠰ ᠢ ᠬᠥᠭᠵᠢᠭᠦᠯᠬᠦ ᠲᠤᠬᠠᠢ ᠲᠥᠷᠤ ᠶᠢᠨ ᠪᠣᠳᠣᠯᠭ᠎ᠠ ᠪᠣᠯᠣᠨ᠎ᠠ᠃ ᠡᠨᠡ ᠲᠤᠬᠠᠢ ᠠᠶᠢᠮᠠᠭ ᠤᠨ ᠨᠠᠮ ᠤᠨ ᠬᠤᠷᠢᠶ᠎ᠠ ᠶᠢᠨ ︵ᠥᠷᠭᠡᠳᠬᠡᠭᠰᠡᠨ︶ ᠬᠤᠷᠠᠯ ᠳᠡᠭᠡᠷ᠎ᠡ ᠣᠷᠣᠨ ᠨᠤᠲᠤᠭ ᠤᠨ ᠢᠩᠭᠡᠨ ᠰᠦ ᠰᠠᠭᠠᠯᠢ ᠶᠢ ᠬᠥᠭᠵᠢᠭᠦᠯᠬᠦ ᠲᠠᠯ᠎ᠠ ᠪᠠᠷ ᠮᠠᠰᠢ ᠤᠯᠠᠨ ᠲᠦᠷᠦ ᠶᠢᠨ ᠪᠣᠳᠣᠯᠭ᠎ᠠ ᠶᠢ ᠳᠤᠷᠠᠳᠤᠭᠰᠠᠨ ᠪᠠᠶᠢᠨ᠎ᠠ᠃ ᠮᠠᠨ ᠤ ᠭᠠᠴᠠᠭᠠᠨ ᠤ ᠮᠠᠯᠴᠢᠳ ᠤᠨ ᠲᠡᠮᠡᠭᠡᠨ ᠤ ᠠᠵᠤ ᠦᠢᠯᠡᠰ ᠤᠨ ᠬᠥᠭᠵᠢᠯᠲᠡ ᠨᠡᠯᠢᠶᠡᠳ ᠰᠠᠶᠢᠨ ᠪᠣᠯᠬᠤᠷ᠂ ︽ᠭᠦᠨᠳᠠᠯᠠᠢ ᠭᠠᠴᠠᠭᠠᠨ ᠤ ᠰᠠᠶᠢᠨ ᠡᠭᠦᠯᠳᠡᠷ ᠤᠨ ᠲᠡᠮᠡᠭᠡ ᠶᠢ ᠦᠷᠡᠵᠢᠭᠦᠯᠦᠨ ᠪᠣᠶᠢᠵᠢᠭᠤᠯᠬᠤ ᠰᠠᠭᠤᠷᠢᠨ ᠭᠠᠵᠠᠷ︾᠎ ᠤᠨ ᠪᠦᠲᠦᠭᠡᠨ ᠪᠠᠶᠢᠭᠤᠯᠤᠯᠲᠠ ᠶᠢ ᠰᠠᠶᠢᠨ ᠠᠳᠬᠤᠵᠤ᠂ ᠭᠠᠴᠠᠭᠠᠨ ᠤ ᠲᠡᠮᠡᠭᠡᠨ ᠤ ᠦᠢᠯᠡᠰ ᠤᠨ ᠬᠥᠭᠵᠢᠯᠲᠡ ᠶᠢ ᠠᠬᠢᠭᠤᠯᠬᠤ ᠪᠠᠷ ᠲᠠᠮᠵᠢᠨ ᠮᠠᠯᠴᠢᠳ ᠤᠨ ᠠᠰᠢᠭ ᠤᠷᠤᠯᠭ᠎ᠠ ᠶᠢ ᠨᠡᠮᠡᠭᠳᠡᠭᠦᠯᠬᠦ ᠪᠠᠷ ᠴᠢᠷᠮᠠᠶᠢᠨ ᠠᠵᠢᠯᠯᠠᠨ᠎ᠠ ᠬᠡᠮᠡᠨ ᠢᠯᠡᠳᠬᠡᠪᠡ᠃       ︽ᠠᠶᠢᠮᠠᠭ ᠤᠨ ᠨᠠᠮ ᠤᠨ ᠬᠤᠷᠢᠶ᠎ᠠ ᠶᠢᠨ ︵ᠥᠷᠭᠡᠳᠬᠡᠭᠰᠡᠨ︶ ᠬᠤᠷᠠᠯ ᠤᠨ ᠵᠣᠷᠢᠭ ᠰᠠᠨᠠᠭ᠎ᠠ ᠶᠢ ᠮᠡᠳᠡᠭᠡ ᠵᠠᠭᠤᠴᠢᠯᠠᠭᠤᠷ ᠠᠴᠠ ᠣᠯᠵᠤ ᠦᠵᠡᠯ᠎ᠡ᠃ ᠡᠭᠦᠨ ᠳᠤ ᠡᠯᠡᠰᠦᠨ ᠤ ᠠᠵᠤ ᠦᠢᠯᠡᠰ ᠢ ᠬᠥᠭᠵᠢᠭᠦᠯᠬᠦ᠂ ᠡᠯᠡᠰᠦᠨ ᠤ ᠠᠵᠤ ᠦᠢᠯᠡᠰ ᠤᠨ ᠰᠠᠭᠤᠷᠢᠨ ᠭᠠᠵᠠᠷ ᠢ ᠪᠠᠶᠢᠭᠤᠯᠤᠨ ᠡᠯᠡᠰᠦᠨ ᠤ ᠠᠵᠤ ᠦᠢᠯᠡᠰ ᠡᠷᠭᠢᠯᠡᠵᠤ ᠪᠠᠶᠢᠭ᠎ᠠ ᠳᠤᠮᠳᠠ ᠪᠠᠭ᠎ᠠ ᠠᠵᠤ ᠠᠬᠤᠶᠢᠯᠠᠯ ᠪᠠ ᠬᠤᠪᠢ ᠶᠢᠨ ᠡᠵᠡᠩᠨᠡᠭᠴᠢ ᠳᠤ ᠮᠠᠰᠢ ᠰᠠᠶᠢᠨ ᠠᠵᠠ ᠲᠤᠭᠢᠶᠠᠯ ᠢ ᠣᠯᠭᠤᠬᠤ ᠶᠤᠮ ᠪᠠᠶᠢᠨ᠎ᠠ᠃ ᠡᠶᠢᠮᠦ ᠠᠴᠠ ᠪᠢᠳᠠ ᠪᠠᠰᠠ ᠵᠣᠷᠢᠭᠵᠢᠵᠤ ᠮᠠᠨ ᠤ ᠵᠢᠷᠠᠲᠠᠢ ᠶᠢᠨ ᠵᠢᠭᠳᠡ᠂ ᠳᠠᠪᠤᠰᠤ ᠵᠡᠷᠭᠡ ᠨᠤᠲᠤᠭ ᠤᠨ ᠭᠠᠷᠤᠯᠲᠠ ᠪᠠᠷ ᠬᠢᠭᠰᠡᠨ ᠵᠢᠭᠤᠯᠴᠢᠯᠠᠯ ᠤᠨ ᠪᠦᠲᠦᠭᠡᠭᠳᠡᠬᠦᠨ᠂ ᠨᠤᠲᠤᠭ ᠤᠨ ᠣᠨᠴᠠᠯᠢᠭᠲᠤ ᠪᠦᠲᠦᠭᠡᠭᠳᠡᠬᠦᠨ ᠤ ᠲᠥᠷᠥᠯ ᠵᠦᠢᠯ ᠢ ᠤᠯᠠᠮ ᠤᠯᠠᠨ ᠪᠤᠯᠭᠠᠵᠤ᠂ ᠮᠠᠩᠬᠠᠨ ᠨᠤᠲᠤᠭ ᠤᠨ ᠡᠯᠡᠰᠦᠨ ᠤ ᠠᠵᠤ ᠦᠢᠯᠡᠰ ᠤᠨ ᠬᠥᠭᠵᠢᠯᠲᠡ ᠎ ᠶᠢ ᠳᠠᠶᠢᠴᠢᠯᠠᠬᠤ ᠶᠢᠨ ᠬᠠᠮᠲᠤ ᠣᠷᠣᠨ ᠨᠤᠲᠤᠭ ᠤᠨ ᠵᠢᠭᠤᠯᠴᠢᠯᠠᠯ ᠤᠨ ᠦᠢᠯᠡᠰ ᠤᠨ ᠨᠡᠷ᠎ᠡ ᠲᠡᠮᠳᠡᠭ ᠢ ᠪᠤᠢ ᠪᠤᠯᠭᠠᠵᠤ ᠂ ᠤᠯᠤᠰ ᠳᠠᠶᠠᠭᠠᠷ ᠲᠤ ᠵᠢᠷᠠᠲᠠᠢ ᠨᠤᠲᠤᠭ ᠢᠶᠠᠨ ᠲᠠᠨᠢᠭᠤᠯᠵᠤ ᠬᠥᠭᠵᠢᠭᠦᠯᠬᠦ ᠵᠣᠷᠢᠯᠭ᠎ᠠ ᠲᠠᠢ︾ ᠭᠡᠵᠦ ᠠᠶᠢᠮᠠᠭ ᠤᠨ ᠳᠠᠪᠤᠰᠤᠨ ᠤ ᠰᠢᠷ᠎ᠠ ᠵᠠᠮ ᠤᠨ ᠰᠣᠶᠣᠯ ᠵᠢᠭᠤᠯᠴᠢᠯᠠᠯ ᠢ ᠨᠡᠭᠡᠭᠡᠨ ᠬᠥᠭᠵᠢᠭᠦᠯᠬᠦ ᠬᠢᠵᠠᠭᠠᠷᠲᠤ ᠺᠤᠮᠫᠠᠨᠢ ᠶᠢᠨ ᠳᠠᠭᠠᠭᠠᠮᠠᠯ ᠪᠠᠲᠤᠪᠠᠭᠠᠨ᠎ᠠ ᠶᠠᠷᠢᠵᠤ ᠪᠢᠯᠡ᠃      ᠪᠠᠶᠠᠨᠬᠤᠲᠠ ᠶᠢᠨ ︽ᠲᠠᠪᠤᠨ ᠮᠥᠰᠥ ᠬᠡᠦᠬᠡᠳ ᠨᠢᠯᠬᠠᠰ ᠤᠨ ᠴᠡᠴᠡᠷᠯᠢᠭ︾᠎ ᠤᠨ ᠳᠠᠷᠤᠭ᠎ᠠ ᠳ᠋ᠠᠷᠢ᠂ ᠮᠠᠨ ᠤ ᠴᠡᠴᠡᠷᠯᠢᠭ ᠪᠠᠶᠢᠭᠤᠯᠤᠭᠳᠠᠭᠠᠳ 5 ᠵᠢᠯ ᠪᠣᠯᠵᠤ ᠪᠤᠢ᠂ ᠡᠯ᠎ᠡ ᠳᠦᠷᠦᠯ ᠤᠨ ᠲᠥᠷᠤ ᠶᠢᠨ ᠪᠣᠳᠣᠯᠭ᠎ᠠ ᠶᠢᠨ ᠰᠠᠶᠢᠨ ᠢᠶᠠᠷ ᠡᠳᠦᠷ ᠢᠷᠡᠬᠦᠶ᠎ᠡ ᠬᠥᠭᠵᠢᠵᠦ ᠪᠠᠶᠢᠨ᠎ᠠ᠃ ᠡᠨᠡ ᠤᠳᠠᠭᠠᠨ ᠤ ᠠᠶᠢᠮᠠᠭ ᠤᠨ ᠨᠠᠮ ᠤᠨ ᠬᠤᠷᠢᠶ᠎ᠠ ᠶᠢᠨ ︵ᠥᠷᠭᠡᠳᠬᠡᠭᠰᠡᠨ︶ ᠬᠤᠷᠠᠯ ᠠᠴᠠ ᠪᠦᠭᠦ ᠠᠶᠢᠮᠠᠭ ᠤᠨ ᠵᠢᠭᠠᠨ ᠰᠤᠷᠭᠠᠯᠲᠠ ᠶᠢᠨ ᠬᠥᠭᠵᠢᠯᠲᠡ᠂ ᠶᠠᠰᠤ ᠴᠢᠨᠠᠷ ᠢ ᠠᠬᠢᠭᠤᠯᠬᠤ ᠲᠠᠯ᠎ᠠ ᠪᠠᠷ ᠬᠦᠴᠦ ᠲᠠᠯᠪᠢᠨ᠎ᠠ ᠭᠡᠵᠦ ᠳᠤᠷᠠᠳᠴᠠᠢ᠃ ᠡᠨᠡ ᠨᠢ ᠮᠠᠨ ᠤ ᠴᠡᠴᠡᠷᠯᠢᠭ ᠤᠨ ᠬᠥᠭᠵᠢᠯᠲᠡ ᠳᠤ ᠶᠡᠬᠡᠬᠡᠨ ᠨᠥᠯᠥᠭᠡ ᠦᠵᠡᠭᠦᠯᠵᠦ ᠴᠢᠳᠠᠨ᠎ᠠ ᠭᠡᠵᠦ ᠪᠢ ᠦᠵᠡᠵᠦ ᠪᠠᠶᠢᠨ᠎ᠠ᠃ ᠬᠤᠶᠢᠰᠢᠳᠠ ᠮᠠᠨ ᠤ ᠴᠡᠴᠡᠷᠯᠢᠭ ᠵᠢᠭᠠᠨ ᠰᠤᠷᠭᠠᠯᠲᠠ ᠶᠢᠨ ᠶᠠᠰᠤ ᠴᠢᠨᠠᠷ ᠢᠶᠠᠨ ᠲᠡᠭᠡᠭᠰᠢᠯᠡᠭᠦᠯᠭᠦ᠂ ᠦᠢᠯᠡᠴᠢᠯᠡᠭᠡ ᠪᠠᠨ ᠰᠠᠶᠢᠵᠢᠷᠠᠭᠤᠯᠬᠤ᠂ ᠰᠤᠷᠤᠬᠴᠢ ᠭᠡᠷ ᠤᠨ ᠠᠬᠠᠮᠠᠳ ᠤᠨ ᠬᠠᠮᠲᠤ ᠶᠢᠨ ᠠᠵᠢᠯᠯᠠᠭ᠎ᠠ ᠶᠢ ᠢᠯᠡᠭᠦᠦ ᠥᠷᠨᠢᠭᠦᠯᠬᠦ ᠵᠡᠷᠭᠡ ᠲᠠᠯ᠎ᠠ ᠪᠠᠷ ᠬᠦᠴᠦ ᠣᠷᠣᠭᠤᠯᠵᠤ᠂ ᠬᠡᠦᠬᠡᠳ ᠤᠨ ᠥᠰᠬᠦ ᠨᠠᠰᠤᠨ ᠤ ᠰᠤᠷᠭᠠᠨ ᠬᠥᠮᠦᠵᠢᠯ ᠢ ᠤᠯᠠᠮ ᠰᠠᠶᠢᠨ ᠠᠳᠬᠤᠨ᠎ᠠ ᠭᠡᠪᠡ᠃            
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号