ᠠᠯᠠᠱᠠ ᠮᠣᠩᠭᠤᠯᠴᠣᠳ ᠤᠨ ᠠᠮᠠᠨ ᠥᠯᠢᠭᠡᠷ
ᠨᠡᠶᠢᠲᠡᠯᠡᠭᠰᠡᠨ ᠴᠠᠭ᠄
2024/3/14
                    ᠠᠯᠠᠱᠠ ᠮᠣᠩᠭᠤᠯᠴᠣᠳ ᠤᠨ ᠠᠮᠠ ᠳᠠᠮᠵᠢᠨ ᠶᠠᠷᠢᠭᠳᠠᠭᠰᠠᠨ ᠥᠯᠢᠭᠡᠷ ᠳᠣᠮᠤᠭ ᠤᠳ ᠪᠣᠯ ᠥᠩ ᠥᠷᠭᠡᠨ ᠠᠯᠠᠱᠠ ᠨᠣᠳᠤᠭ ᠲᠤ ᠮᠢᠩᠭ᠎ᠠ ᠰᠢᠬᠠᠮ ᠵᠢᠯ ᠠᠵᠤ ᠲᠥᠷᠥᠨ ᠠᠮᠢᠳᠣᠷᠠᠵᠤ ᠢᠷᠡᠭᠰᠡᠨ ᠮᠣᠩᠭᠤᠯᠴᠣᠳ ᠤᠨ ᠶᠣᠰᠣ ᠵᠠᠩᠰᠢᠯ ᠤᠨ ᠰᠣᠶᠣᠯ ᠤᠨ ᠬᠢᠨᠢ ᠰᠣᠷ ᠳᠡᠭᠡᠵᠢᠰ ᠪᠣᠯᠣᠨ᠎ᠠ᠃ ᠳᠠᠷᠣᠢ᠂ ᠠᠳᠣᠭᠤᠰᠣ ᠠᠮᠢᠳᠡᠨ ᠤ ᠥᠯᠢᠭᠡᠷ ᠲᠣᠮᠤᠭ᠂ ᠠᠵᠤ ᠠᠮᠢᠳᠣᠷᠠᠯ᠂ ᠬᠥᠮᠣᠨ ᠠᠮᠢᠳᠠᠨ᠂ ᠳᠣᠭᠤᠵᠢ ᠱᠠᠰᠳᠢᠷ᠂ ᠪᠠᠭᠠᠳᠣᠷᠯᠢᠭ ᠲᠣᠣᠯᠢᠰ ᠵᠡᠷᠭᠡ ᠣᠯᠠᠨ ᠰᠣᠳᠣᠨ ᠥᠯᠢᠬᠡᠷ ᠳᠣᠮᠤᠭ ᠤᠳ ᠢ ᠥᠪᠡᠷ ᠤᠨ ᠥᠭᠡ ᠬᠡᠯᠡ᠂ ᠣᠷᠳᠣ ᠶᠢᠨ ᠳᠠᠭᠤᠣ ᠪᠠᠷ ᠢᠶᠠᠨ ᠠᠯᠠᠱᠠ ᠥᠢᠷᠡᠳ ᠂ ᠬᠤᠱᠣᠳ᠂ ᠲᠣᠷᠭᠤᠳ᠂ ᠬᠠᠯᠬ᠎ᠠ᠂ ᠵᠡᠭᠦᠨ ᠣᠷᠣᠨ ᠤ ᠡᠯ᠎ᠡ ᠣᠪᠣᠭ ᠠᠶᠢᠮᠠᠭ᠂ ᠢᠰᠯᠠᠮ ᠰᠢᠳᠣᠯᠭᠡ ᠲᠠᠢ ᠮᠣᠩᠭᠤᠯᠴᠣᠳ ᠲᠠᠭᠠᠨ ᠣᠯᠠᠮᠵᠢᠯᠠᠭᠰᠠᠭᠠᠷ ᠣᠳᠣ ᠪᠣᠯᠣᠭᠰᠠᠨ ᠪᠠᠶᠢᠨ᠎ᠠ᠃         ᠠᠯᠠᠱᠴᠣᠳ ᠮᠣᠩᠭᠤᠯᠴᠣᠳ ᠤᠨ ᠠᠮᠠᠨ ᠥᠯᠢᠭᠡᠷ᠂ ᠳᠣᠮᠤᠭ ᠤᠳ ᠠᠷᠪᠢᠨ᠂ ᠠᠭᠤᠯᠭ᠎ᠠ ᠨᠢ ᠪᠠᠶᠠᠯᠢᠭ᠂ ᠬᠡᠯᠡᠯᠭᠡ ᠨᠢ ᠲᠥᠷᠰᠦᠯᠢᠭ᠂ ᠥᠯᠢᠭᠡᠷ ᠨᠢ ᠰᠣᠨᠢᠨ ᠭᠠᠶᠢᠬᠠᠯᠳᠠᠢ ᠪᠠᠶᠢᠳᠠᠭ ᠲᠣᠯᠠ ᠭᠥᠮᠥᠰ ᠤᠨ ᠪᠠᠭ᠋ᠠᠷᠣᠯ ᠢ ᠳᠠᠳᠠᠳᠠᠭ᠃ ᠠᠯᠠᠱᠠ ᠬᠤᠱᠣᠳ ᠤᠨ ᠥᠯᠢᠭᠡᠷ ᠲᠣᠮᠤᠭ ᠨᠢ ᠲᠣᠣᠷᠡᠭᠢ ᠬᠡᠳᠣᠨ ᠲᠠᠯ᠎ᠠ ᠶᠢᠨ ᠠᠭᠤᠯᠭ᠎ᠠ ᠶᠢ ᠬᠠᠮᠣᠷᠣᠭᠰᠠᠨ ᠪᠠᠶᠢᠨ᠎ᠠ᠃ ᠨᠢᠭᠡ᠂ ᠭᠠᠵᠠᠷ ᠣᠰᠣᠨ ᠤ ᠳᠣᠮᠤᠭ᠂ ᠲᠠᠷᠣᠢ ︽ᠳ᠋ᠢᠩ ᠶᠣᠸᠠᠨ ᠶᠢᠩ ᠤᠨ ᠨᠡᠷ᠎ᠡ ᠶᠢᠨ ᠢᠷᠡᠯᠳᠡ︾᠂ ︽ᠰᠣᠪᠨᠠᠭᠤᠷ ᠤᠨ ᠳᠣᠮᠤᠭ︾᠂ ︽ ᠪᠠᠳᠠᠢ ᠶᠢᠨ ᠵᠢᠷᠡᠨ ᠤ ᠳᠣᠮᠤᠭ︾᠂ ︽ᠡᠵᠡᠨ᠎ᠡ ᠭᠤᠣᠯ ᠤᠨ ᠨᠡᠷ᠎ᠡ ᠶᠢᠨ ᠢᠷᠡᠯᠳᠡ︾᠂ ︽ᠬᠠᠷ᠎ᠡ ᠬᠤᠳᠠ ᠶᠢᠨ ᠳᠣᠮᠤᠭ︾ ᠵᠡᠷᠭᠡ︔ ᠬᠤᠶᠠᠷ᠂ ᠲᠡᠣᠭᠡᠳᠣ ᠬᠡᠷᠡᠭ ᠶᠠᠪᠣᠳᠠᠯ᠂ ᠳᠠᠷᠣᠢ ︽ᠡᠵᠡᠨ ᠰᠠᠭᠢᠭᠤᠰᠣ ᠳᠠᠭᠠᠨ ᠵᠠᠯᠪᠠᠷᠢᠵᠤ᠂ ᠠᠱᠠ ᠬᠠᠮᠪᠤ ᠭᠠᠵᠠᠷ ᠤᠨ ᠨᠡᠷ᠎ᠡ ᠭᠤᠶᠣᠴᠢᠯᠠᠭᠰᠠᠨ︾᠂  ︽ᠬᠤᠷᠣᠯᠢ ᠠᠯᠠᠱᠠ ᠳᠤ ᠨᠣᠳᠣᠭᠯᠠᠵᠤ᠂ ᠨᠠᠮᠺᠠᠪᠠᠯ ᠷᠢᠨᠵᠢᠮᠪᠠ ᠴᠠᠪᠴᠢᠶᠠᠯ ᠪᠣᠭᠤᠮᠳᠠ ᠶᠢ ᠭᠠᠳᠣᠯᠣᠭᠰᠠᠨ︾ ᠵᠡᠷᠭᠡ︔ ᠭᠤᠷᠪᠠ᠂ ᠲᠡᠣᠭᠡᠳᠣ ᠭᠥᠮᠣᠰ ᠤᠨ ᠲᠣᠬᠠᠢ ᠳᠣᠮᠤᠭ᠂ ᠳᠠᠷᠣᠢ ︽ᠵᠢᠷᠭᠤᠳᠣᠭᠠᠷ ᠳᠠᠯᠠᠢ ᠯᠠᠮᠠ ᠼᠠᠩᠶᠠᠩᠵᠠᠮᠰᠣ ᠶᠢᠨ ᠥᠯᠢᠭᠡᠷ︾᠂ ︽ᠠᠭᠸᠠᠩᠳᠠᠨᠳᠠᠷ ᠤᠨ ᠳᠣᠮᠤᠭ︾᠂ ︽ᠪᠥᠭᠡ ᠱᠠᠯᠪᠢᠩ ᠤᠨ ᠳᠣᠮᠤᠭ︾᠂ ︽ᠰᠢᠯᠢ ᠶᠢᠨ ᠭᠠᠯᠵᠠᠭᠤ ᠪᠠᠭᠠᠳᠣᠷ︾ ᠵᠡᠷᠭᠡ︔ ᠲᠥᠷᠪᠡ᠂ ᠠᠵᠢᠯᠴᠢ ᠭᠥᠳᠡᠯᠮᠣᠷᠢᠴᠢ ᠵᠠᠩ ᠥᠢᠯᠡ ᠶᠢᠨ ᠮᠠᠭᠳᠠᠭᠠᠯ᠂ ᠳᠠᠷᠣᠢ ︽ᠡᠭᠦᠯᠡᠨ ᠭᠥᠭᠡ ᠮᠣᠷᠢᠨ ᠤ ᠳᠣᠮᠤᠭ︾᠂ ︽ᠡᠷᠳᠡᠨᠢ ᠶᠢᠨ ᠬᠥᠷᠡᠩ ᠭᠥᠯᠥᠭ︾ ᠵᠡᠷᠭᠡ︔ ᠲᠠᠪᠤ᠂ ᠱᠠᠰᠢᠨ ᠰᠢᠳᠥᠯᠭᠡ ᠶᠢᠨ ᠲᠤᠬᠠᠢ ᠳᠣᠮᠤᠭ ᠥᠯᠢᠭᠡᠷ᠂ ᠳᠠᠷᠣᠢ ︽ᠪᠠᠳᠠᠷᠴᠢᠨ ᠯᠠᠮᠠ ᠠᠯᠳᠠ ᠣᠯᠣᠭᠰᠠᠨ︾᠂ ︽ᠨᠣᠮ ᠰᠣᠷᠳᠠᠭ ᠥᠭᠡᠢ ᠪᠠᠨᠳᠢ ︾ ᠵᠡᠷᠭᠡ︔ ᠵᠢᠷᠭᠤᠭ᠎ᠠ᠂ ᠠᠯᠠᠱᠠ ᠣᠷᠳᠣ ᠶᠢᠨ ᠳᠠᠭᠤᠣ ᠶᠢᠨ ᠲᠤᠬᠠᠢ ᠳᠣᠮᠤᠭ ᠥᠯᠢᠭᠡᠷ᠂ ᠳᠠᠷᠣᠢ ︽ᠥᠩ ᠥᠷᠭᠡᠨ ᠠᠯᠠᠱᠠ︾᠂ ︽ᠠᠴᠢᠳᠣ ᠭᠤᠷᠪᠠᠨ ᠪᠣᠭᠳᠠ︾ ᠵᠡᠷᠭᠡ︔ ᠲᠤᠯᠤᠭ᠎ᠠ᠂ ᠠᠳᠣᠭᠤᠰᠣ ᠠᠮᠢᠳᠠᠨ ᠤ ᠳᠣᠮᠤᠭ᠂ ᠳᠠᠷᠣᠢ ︽ᠲᠡᠮᠡᠭᠡ ᠶᠠᠭᠠᠬᠢᠭᠠᠳ ᠠᠷᠪᠠᠨ ᠬᠤᠶᠡᠷ ᠵᠢᠯ ᠳᠤ ᠣᠷᠣᠵᠣ  ᠴᠢᠳᠠᠭᠠᠳᠣᠢ ᠪᠣᠢ︾︔ ᠨᠠᠢᠮᠠ᠂ ᠱᠣᠯᠣᠮ ᠮᠠᠩᠭᠤᠰ ᠢ ᠳᠠᠷᠣᠭᠰᠠᠨ ᠥᠯᠢᠭᠡᠷ᠂ ᠳᠠᠷᠣᠢ ︽ᠭᠤᠷᠪᠠᠨ ᠨᠠᠰᠣᠳᠠᠢ ᠭᠤᠨᠠᠭᠠᠨ ᠣᠯᠠᠭᠠᠨ ᠪᠠᠭᠠᠳᠣᠷ︾᠂ ︽ᠪᠠᠳᠠᠷᠴᠢᠨ ᠯᠠᠮᠠ︾᠂ ︽ᠮᠠᠩᠭᠤᠰ ᠢ ᠳᠠᠷᠤᠭᠰᠠᠨ ᠨᠢ︾᠂ ︽ᠰᠡᠴᠡᠨ ᠮᠡᠷᠭᠡᠨ ᠪᠠᠷᠢ ᠱᠤᠯᠤᠮ ᠢ ᠭᠠᠷᠳᠠᠭᠠᠭᠰᠠᠨ ᠨᠢ ︾ ᠵᠡᠷᠭᠡ︔ ᠶᠢᠰᠣ᠂ ᠴᠡᠭᠡᠷ ᠬᠤᠷᠢᠭ᠎ᠠ᠂ ᠪᠡᠯᠭᠡ ᠲᠥᠯᠭᠡ ᠶᠢᠨ ᠲᠤᠬᠠᠢ ᠳᠣᠮᠤᠭ ᠥᠯᠢᠭᠡᠷ᠂ ᠳᠠᠷᠤᠢ ︽ᠬᠤᠷᠢᠮ ᠤᠨ ᠭᠠᠵᠠᠷ ᠬᠤᠣᠬᠠᠢ ᠴᠠᠭᠠᠨ ᠲᠣᠯᠣᠭᠠᠢ︾ ᠬᠡᠭᠦ ᠮᠡᠳᠣ᠂ ᠠᠷᠪᠠ᠂ ᠬᠠᠶᠢᠷ᠎ᠠ ᠰᠡᠳᠬᠢᠯ ᠤᠨ ᠲᠤᠬᠠᠢ ᠲᠣᠮᠤᠭ ᠥᠯᠢᠭᠡᠷ᠂  ᠳᠠᠷᠣᠢ  ︽ᠭᠤᠶᠣ ᠬᠠᠳᠣᠨ ᠪᠠ ᠮᠠᠭᠤᠬᠠᠢ ᠬᠠᠳᠣᠨ︾ ᠵᠡᠷᠬᠡ ᠪᠠᠶᠢᠳᠠᠭ᠃        ᠠᠯᠠᠱᠠ ᠶᠢᠨ ᠡᠨᠡ ᠬᠦ ᠨᠣᠳᠤᠭ ᠳᠡᠪᠢᠰᠭᠡᠷ ᠳᠡᠭᠡᠷ᠎ᠡ ᠥᠩᠭᠡ ᠪᠣᠳᠤᠭ ᠨᠢ ᠢᠯᠭᠠᠷᠠᠭᠰᠠᠨ ᠮᠠᠰᠢ ᠣᠯᠠᠨ ᠥᠯᠢᠭᠡᠷ ᠳᠣᠮᠤᠭ᠂ ᠲᠣᠭᠤᠵᠢ ᠱᠠᠰᠳᠢᠷ᠂ ᠪᠠᠭᠠᠷᠳᠣᠯᠢᠭ ᠲᠣᠣᠯᠢ᠂ ᠵᠥᠢᠷ ᠰᠡᠴᠡᠨ ᠥᠭᠡ᠂ ᠢᠷᠣᠭᠡᠯ ᠮᠠᠭᠳᠠᠭᠠᠯ᠂ ᠬᠤᠱᠣᠩ ᠥᠯᠢᠭᠡᠷ ᠵᠡᠷᠭᠡ ᠡᠯ᠎ᠡ ᠵᠥᠢᠯ ᠤᠨ ᠠᠷᠠᠳ ᠤᠨ ᠠᠮᠠᠨ ᠵᠣᠭᠢᠶᠠᠯ ᠪᠥᠳᠥᠭᠡᠭᠳᠡᠵᠤ᠂ ᠥᠶ᠎ᠡ ᠶᠢᠨ ᠥᠶ᠎ᠡ ᠪᠠᠷ ᠠᠮᠠ ᠳᠠᠮᠵᠢᠨ ᠣᠯᠠᠮᠵᠢᠯᠠᠭᠳᠠᠭᠰᠠᠭᠠᠷ ᠣᠳᠣ ᠪᠣᠯᠣᠭᠰᠠᠨ ᠪᠠᠶᠢᠨ᠎ᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号