ᠰᠠᠴᠤᠯᠢ ᠡᠷᠭᠦᠬᠦ 
ᠨᠡᠶᠢᠲᠡᠯᠡᠭᠰᠡᠨ ᠴᠠᠭ᠄
2024/3/21
                              ᠮᠠᠯ ᠲᠦᠯᠯᠡᠨ ᠰᠠᠭᠠᠯᠢ ᠰᠠᠭᠠᠵᠤ ᠡᠬᠢᠯᠡᠬᠦ ᠦᠶ᠎ᠡ ᠪᠠᠷ ᠮᠠᠯ ᠤᠨ ᠢᠶᠠᠨ ᠦᠷ᠎ᠡ ᠲᠥᠯ ᠢ ᠪᠦᠷᠢᠨ ᠮᠡᠨᠳᠦ ᠪᠣᠶᠢᠵᠢᠭᠤᠯᠵᠤ᠂ ᠢᠳᠡᠭᠡ ᠴᠠᠭ᠎ᠠ ᠡᠯᠪᠡᠭ ᠪᠠᠶᠢᠬᠤ ᠶᠢ ᠪᠡᠯᠭᠡᠳᠡᠨ ᠰᠠᠭᠠᠭᠰᠠᠨ ᠰᠦᠨ ᠤ ᠪᠠᠨ ᠳᠡᠭᠡᠵᠢ ᠶᠢ ᠲᠡᠭᠷᠢ᠂ ᠭᠠᠵᠠᠷ᠂ ᠣᠷᠴᠢᠨ ᠲᠣᠭᠤᠷᠢᠨ ᠤ ᠠᠭᠤᠯᠠ ᠤᠰᠤᠨ ᠳᠤ ᠡᠷᠭᠦᠨ ᠪᠠᠷᠢᠳᠠᠭ ᠢ ᠰᠠᠴᠤᠯᠢ ᠡᠷᠭᠦᠬᠦ ᠭᠡᠳᠡᠭ᠃ ᠡᠨᠡ ᠪᠣᠯ ᠡᠷᠲᠡ ᠳᠡᠭᠡᠷ᠎ᠡ ᠴᠠᠭ ᠤᠨ ᠮᠠᠯᠴᠢᠨ ᠠᠷᠠᠳ ᠤᠨ ᠲᠥᠯ ᠤᠨ ᠪᠠᠶᠠᠷ ᠪᠣᠯᠤᠨ᠎ᠠ᠃ ᠰᠠᠴᠤᠯᠢ ᠡᠷᠭᠦᠬᠦ ᠶᠣᠰᠤ ᠨᠢ ᠡᠷᠲᠡ ᠴᠠᠭ ᠠᠴᠠ ᠪᠠᠨ ᠮᠠᠯ ᠠᠵᠤ ᠠᠬᠤᠢ ᠡᠷᠬᠢᠯᠡᠵᠦ ᠢᠷᠡᠭᠰᠡᠨ ᠮᠣᠩᠭᠤᠯᠴᠤᠳ ᠤᠨ ᠥᠪᠡᠷᠮᠢᠴᠡ ᠨᠢᠭᠡᠨ ᠵᠠᠩ ᠦᠢᠯᠡ ᠪᠦᠭᠡᠳ ᠡᠷᠲᠡᠨ ᠤ ᠬᠦᠮᠦᠰ ᠤᠨ ᠬᠢᠨᠠᠨ ᠣᠶᠢᠯᠠᠭᠠᠯᠲᠠ ᠶᠣᠰᠤᠭᠠᠷ ᠲᠡᠭᠷᠢ ᠪᠠᠶᠢᠭᠠᠯᠢ ᠶᠢᠷᠲᠢᠨᠴᠦ ᠳᠤ ᠰᠠᠭᠠᠭᠰᠠᠨ ᠰᠦᠨ ᠤ ᠪᠠᠨ ᠳᠡᠭᠡᠵᠢ ᠶᠢ ᠡᠷᠭᠦᠨ ᠠᠷᠭᠠᠳᠠᠵᠤ ᠬᠠᠶᠢᠷ᠎ᠠ ᠡᠨᠡᠷᠢᠯ ᠢ ᠨᠢ ᠭᠤᠶᠤᠵᠤ ᠪᠣᠢ ᠶᠢᠨ ᠵᠣᠷᠢᠯᠲᠠ ᠲᠠᠢ᠃ ᠬᠤᠨᠢ᠂ ᠦᠨᠢᠶ᠎ᠡ᠂ ᠢᠩᠭᠡ᠂ ᠭᠡᠭᠦᠦ ᠭᠡᠬᠦ ᠮᠡᠲᠦ ᠪᠠᠷ ᠲᠠᠪᠤᠨ ᠬᠤᠰᠢᠭᠤ ᠮᠠᠯ ᠤᠨ ᠠᠯᠢᠨ ᠳᠤ ᠨᠢ ᠴᠦ ᠬᠠᠮᠢᠶ᠎ᠠ ᠲᠠᠢ ᠪᠠᠶᠢᠳᠠᠭ᠂ ᠰᠠᠴᠤᠯᠢ ᠡᠷᠭᠦᠬᠦ ᠶᠣᠰᠤᠨ ᠲᠡᠷᠡ ᠡᠷᠲᠡ ᠴᠠᠭ ᠠᠴᠠ ᠡᠬᠢᠯᠡᠵᠦ ᠤᠯᠠᠮᠵᠢᠯᠠᠭᠳᠠᠭᠰᠠᠭᠠᠷ ᠣᠳᠤ ᠪᠣᠯᠵᠤ ᠪᠠᠶᠢᠭ᠎ᠠ᠃ ᠡᠨᠡ ᠵᠠᠩ ᠦᠢᠯᠡ ᠶᠢ ᠦᠢᠯᠡᠳᠬᠦ ᠳᠤ ᠨᠦᠳᠦᠭᠰᠡᠨ ᠠᠷᠴᠠ ᠪᠠᠷ ᠭᠡᠷ ᠲᠣᠲᠤᠷ᠎ᠠ ᠰᠠᠩ ᠲᠠᠯᠪᠢᠵᠤ ᠪᠦᠬᠦᠯᠢ ᠠᠷᠴᠠ ᠶᠢ ᠠᠭᠢ ᠲᠠᠢ ᠬᠤᠯᠢᠵᠤ᠂ ᠦᠷᠦᠮ᠎ᠡ ᠵᠦᠭᠡᠬᠡᠢ ᠵᠡᠷᠭᠡ ᠴᠠᠭᠠᠨ ᠢᠳᠡᠭᠡᠨ ᠤ ᠳᠡᠭᠡᠵᠢ ᠪᠠᠷ ᠨᠠᠶᠢᠷᠠᠭᠤᠯᠤᠨ ᠪᠠᠭᠰᠤᠷᠴᠤ ᠮᠠᠯ ᠤᠨ ᠬᠤᠲᠠᠨ ᠤ ᠪᠠᠨ ᠪᠠᠷᠠᠭᠤᠨ ᠬᠤᠶᠢᠲᠤ ᠵᠦᠭ ᠲᠤ ᠶᠡᠭᠡ ᠰᠠᠩ ᠲᠠᠯᠪᠢᠨ᠎ᠠ᠃ ᠢᠩᠬᠢᠭᠡᠳ ᠤᠤᠭᠠᠨ ᠲᠥᠯ ᠤᠨ ᠢᠶᠠᠨ ᠡᠬᠡ ᠠᠴᠠ ᠰᠠᠭᠠᠭᠰᠠᠨ ᠰᠦ ᠶᠢ ᠠᠭᠠᠷᠠᠤ ᠮᠣᠳᠤᠨ ᠬᠤᠪᠢᠩ ᠳᠤ ᠬᠢᠵᠦ ᠢᠪᠡᠭᠡᠯ ᠵᠢᠯ ᠲᠠᠢ ᠬᠤᠶᠠᠷ ᠡᠮᠡᠭᠲᠡᠢ ᠬᠦᠮᠦᠨ ᠤ ᠨᠢᠭᠡ ᠨᠢ ᠵᠡᠭᠦᠨ ᠭᠠᠷ ᠲᠠᠯ᠎ᠠ ᠳᠤ ᠪᠠᠨ ᠬᠤᠪᠢᠩ ᠲᠠᠢ ᠰᠦ ᠪᠠᠨ ᠪᠠᠷᠢᠵᠤ᠂ ᠨᠦᠭᠦᠭᠡ ᠨᠢ ᠪᠠᠷᠠᠭᠤᠨ ᠭᠠᠷ ᠢᠶᠠᠷ ᠢᠶᠠᠨ ᠰᠠᠴᠤᠯᠢ ᠶᠢᠨ ᠮᠣᠳᠤᠨ ᠬᠠᠯᠪᠠᠭ᠎ᠠ ᠪᠠᠷᠢᠵᠤ ᠰᠦᠨ ᠠᠴᠠ ᠳᠡᠭᠡᠵᠢᠯᠡᠨ ᠠᠪᠤᠭᠠᠳ ᠶᠡᠷᠢ ᠶᠢᠰᠦᠨ ᠲᠡᠭᠷᠢ᠂ ᠳᠠᠯᠠᠨ ᠳᠣᠯᠤᠭᠠᠨ ᠢᠳᠡᠭᠡᠨ ᠤ ᠡᠵᠡᠨ᠂ ᠣᠶᠢᠷ᠎ᠠ ᠣᠷᠴᠢᠨ ᠤ ᠠᠭᠤᠯᠠ ᠤᠰᠤᠨ ᠳᠤ ᠡᠷᠭᠦᠵᠦ ᠰᠠᠴᠤᠯᠢ ᠰᠠᠴᠤᠳᠠᠭ᠃ ᠢᠩᠬᠢᠬᠦ ᠳᠤ ᠪᠠᠨ ᠭᠡᠷ ᠪᠣᠯᠤᠨ ᠮᠠᠯ ᠤᠨ ᠬᠤᠲᠠ ᠪᠠᠨ ᠨᠠᠷᠠ ᠵᠥᠪ ᠡᠷᠭᠢᠨ ᠲᠣᠭᠤᠷᠢᠵᠤ᠂ ᠬᠠᠶᠢᠷ᠎ᠠ ᠡᠨᠡᠷᠢᠯ ᠭᠤᠶᠤᠭᠰᠠᠨ ᠤᠳᠬ᠎ᠠ ᠲᠠᠢ ᠰᠢᠯᠦᠭ ᠣᠩᠰᠢᠳᠠᠭ ᠪᠠᠶᠢᠪᠠ᠃
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号