ᠮᠠᠷᠢᠶ᠎ᠠ ᠰᠢᠭᠤᠷᠠᠭᠤᠯᠬᠤ ᠴᠣᠷ ᠤᠨ ᠭᠠᠭᠴᠠ ᠠᠷᠭ᠎ᠠ
ᠨᠡᠶᠢᠲᠡᠯᠡᠭᠰᠡᠨ ᠴᠠᠭ᠄
2024/3/21
          ᠮᠠᠷᠢᠶ᠎ᠠ ᠰᠢᠭᠤᠷᠠᠭᠤᠯᠬᠤ ᠴᠣᠷ ᠤᠨ ᠭᠠᠭᠴᠠ ᠠᠷᠭ᠎ᠠ ᠨᠢ ᠳᠠᠷᠤᠢ ᠢᠳᠡᠵᠦ ᠣᠷᠣᠭᠤᠯᠤᠭᠰᠠᠨ ᠬᠠᠯᠠᠭᠤᠨ ᠤ ᠡᠨᠧᠷᠭᠢ ᠨᠢ ᠵᠠᠷᠤᠴᠠᠭᠤᠯᠬᠤ ᠬᠠᠯᠠᠭᠤᠨ ᠤ ᠡᠨᠧᠷᠭᠢ ᠠᠴᠠ ᠪᠠᠭ᠎ᠠ ᠪᠠᠶᠢᠬᠤ ᠬᠡᠷᠡᠭᠲᠡᠢ᠃ ᠡᠭᠦᠨ ᠢ ᠪᠡᠶᠡᠯᠡᠭᠦᠯᠬᠦ ᠬᠠᠮᠤᠭ ᠰᠠᠶᠢᠨ ᠠᠷᠭ᠎ᠠ ᠭᠡᠪᠡᠯ ᠲᠦᠯᠦᠪᠯᠡᠭᠡ ᠲᠠᠢ ᠪᠠᠷ ᠪᠡᠶ᠎ᠡ ᠶᠢᠨ ᠲᠠᠮᠢᠷ ᠤᠨ ᠬᠦᠳᠡᠯᠭᠡᠭᠡᠨ  ᠬᠢᠬᠦ ᠶᠢᠨ ᠬᠠᠮᠲᠤ ᠵᠣᠷᠢᠯᠭ᠎ᠠ ᠲᠠᠢ ᠪᠠᠷ ᠣᠷᠣᠭᠤᠯᠬᠤ ᠬᠠᠯᠠᠭᠤᠨ ᠤ ᠡᠨᠧᠷᠭᠢ ᠪᠠᠨ ᠪᠠᠭᠠᠰᠬᠠᠨ᠎ᠠ᠃ ᠢᠩᠬᠢᠵᠦ ᠬᠢᠶ᠎ᠡ ᠭᠡᠪᠡᠯ ᠨᠢᠭᠡ ᠳᠤ ᠢᠳᠡᠰᠢᠨ ᠤ ᠠᠷᠭ᠎ᠠ ᠪᠠᠨ ᠦᠭᠡᠷᠡᠴᠢᠯᠡᠬᠦ ᠬᠡᠷᠡᠭᠲᠡᠢ᠃ ᠬᠤᠶᠠᠷ ᠲᠤ ᠪᠣᠯᠪᠠᠰᠤᠷᠠᠬᠤ ᠠᠷᠭ᠎ᠠ ᠪᠠᠨ ᠦᠭᠡᠷᠡᠴᠢᠯᠡᠬᠦ ᠬᠡᠷᠡᠭᠲᠡᠢ᠃            ᠢᠳᠡᠰᠢᠨ ᠤ ᠠᠷᠭ᠎ᠠ᠄            1. ᠴᠢᠳᠠᠬᠤ ᠶᠢᠨ ᠲᠣᠲᠣᠷ᠎ᠠ ᠬᠠᠯᠠᠭᠤᠨ ᠤ ᠡᠨᠧᠷᠭᠢ ᠠᠷᠪᠢᠨ ᠤᠮᠳᠠᠭᠠᠨ ᠢ ᠪᠠᠭ᠎ᠠ ᠤᠤᠭᠤᠨ᠎ᠠ᠃ ᠫᠢᠸᠤ᠋᠂ ᠦᠵᠦᠮ ᠤᠨ ᠠᠷᠢᠬᠢ ᠵᠡᠷᠭᠡ ᠰᠫᠢᠷᠲ ᠲᠠᠢ ᠤᠮᠳᠠᠭᠠᠨ ᠢ ᠤᠤᠭᠤᠬᠤ ᠦᠭᠡᠢ᠂ ᠴᠠᠢ᠂ ᠤᠰᠤ᠂ ᠲᠣᠰᠣ ᠶᠢ ᠨᠢ ᠠᠪᠤᠭᠰᠠᠨ ᠦᠨᠢᠶᠡᠨ ᠰᠦ ᠪᠠ ᠰᠢᠬᠢᠷ ᠦᠭᠡᠢ᠂ ᠰᠫᠢᠷᠲ ᠦᠭᠡᠢ ᠤᠮᠳᠠᠭᠠᠨ ᠢ ᠤᠤᠭᠤᠵᠤ ᠪᠣᠯᠤᠨ᠎ᠠ᠃            2.ᠲᠣᠰᠣᠨ ᠳᠤ ᠵᠠᠭᠠᠭᠰᠠᠨ ᠢᠳᠡᠭᠡᠨ ᠢ ᠢᠳᠡᠬᠦ ᠦᠭᠡᠢ᠃ ᠶᠠᠮᠠᠷᠪᠠ ᠢᠳᠡᠭᠡᠨ ᠢ ᠭᠠᠳᠠᠭᠤᠷ ᠭᠤᠯᠢᠷ ᠨᠠᠭᠠᠯᠳᠤᠭᠤᠯᠵᠤ ᠲᠣᠰᠣᠨ ᠳᠤ ᠵᠠᠭᠠᠮᠠᠭᠴᠠ ᠲᠡᠭᠦᠨ ᠤ ᠬᠠᠯᠠᠭᠤᠨ ᠤ ᠡᠨᠧᠷᠭᠢ ᠨᠢ ᠤᠤᠯ ᠠᠴᠠ ᠪᠠᠨ ᠨᠢᠭᠡ ᠳᠠᠬᠢᠨ ᠨᠡᠮᠡᠭᠳᠡᠬᠦ ᠶᠤᠮ᠃            3.ᠤᠭᠤᠷᠠᠭ ᠤᠨ ᠢᠳᠡᠭᠡᠨ ᠢ ᠪᠣᠯᠭᠤᠮᠵᠢᠲᠠᠢ ᠰᠤᠩᠭᠤᠬᠤ ᠬᠡᠷᠡᠭᠲᠡᠢ᠃ ᠬᠠᠷ᠎ᠠ ᠮᠢᠬᠠᠨ ᠳᠤ ᠤᠭᠤᠷᠠᠭ ᠠᠷᠪᠢᠨ ᠠᠭᠤᠯᠤᠭᠳᠠᠳᠠᠭ᠂ ᠭᠡᠪᠡᠴᠦ ᠬᠦᠮᠦᠨ ᠢ ᠮᠠᠷᠢᠶᠠᠭᠤᠯᠬᠤ ᠬᠡᠮᠵᠢᠶ᠎ᠡ ᠨᠢ ᠭᠠᠭ᠋ᠠᠢ ᠶᠢᠨ ᠮᠢᠬ᠎ᠠ ᠪᠣᠯ ᠦᠬᠡᠷ ᠤᠨ ᠮᠢᠬ᠎ᠠ ᠠᠴᠠ ᠦᠨᠳᠦᠷ᠂ ᠦᠬᠡᠷ ᠤᠨ ᠮᠢᠬ᠎ᠠ ᠪᠣᠯ ᠵᠢᠭᠦᠷᠲᠡᠨ ᠤ ᠮᠢᠬ᠎ᠠ ᠠᠴᠠ ᠦᠨᠳᠦᠷ᠂ ᠵᠢᠭᠦᠷᠲᠡᠨ ᠤ ᠮᠢᠬ᠎ᠠ ᠪᠣᠯ ᠵᠢᠭᠠᠰᠤᠨ ᠠᠴᠠ ᠦᠨᠳᠦᠷ ᠪᠠᠶᠢᠳᠠᠭ᠃ ᠭᠡᠬᠦ ᠳᠤ ᠭᠠᠭ᠋ᠠᠢ ᠶᠢᠨ ᠬᠠᠷ᠎ᠠ ᠮᠢᠬ᠎ᠠ ᠠᠴᠠ ᠨᠡᠩ ᠠᠮᠠᠷᠬᠠᠨ ᠬᠦᠮᠦᠨ ᠢ ᠮᠠᠷᠢᠶᠠᠭᠤᠯᠬᠤ ᠢᠳᠡᠭᠡᠨ ᠭᠡᠪᠡᠯ ᠳᠠᠷᠤᠬᠤ᠂ ᠤᠲᠤᠬᠤ᠂ ᠰᠢᠷᠠᠬᠤ᠂ ᠵᠠᠭᠠᠬᠤ᠂ ᠬᠠᠲᠠᠭᠠᠬᠤ ᠪᠠᠷ ᠳᠠᠮᠵᠢᠭᠰᠠᠨ ᠪᠤᠶᠤ ᠪᠣᠯᠪᠠᠰᠤᠷᠠᠭᠤᠯᠤᠯᠲᠠ ᠶᠢ ᠳᠠᠮᠵᠢᠭᠰᠠᠨ ᠮᠢᠬ᠎ᠠ ᠪᠣᠯᠣᠨ᠎ᠠ᠃ ᠵᠢᠱᠢᠶᠡᠯᠡᠪᠡᠯ ᠬᠢᠮ᠎ᠠ᠂ ᠤᠲᠤᠭᠰᠠᠨ ᠮᠢᠬ᠎ᠠ ᠭᠡᠬᠦ ᠮᠡᠲᠦ᠃            4.ᠰᠢᠬᠢᠷᠯᠢᠭ ᠢᠳᠡᠭᠡᠨ ᠢ ᠪᠠᠭ᠎ᠠ ᠢᠳᠡᠨ᠎ᠡ᠃ ᠰᠢᠬᠢᠷ ᠤᠨ ᠲᠣᠲᠣᠷ᠎ᠠ ᠶᠡᠭᠡ ᠬᠡᠮᠵᠢᠶᠡᠨ ᠤ ᠬᠠᠯᠠᠭᠤᠨ ᠤ ᠡᠨᠧᠷᠭᠢ ᠪᠠᠶᠢᠬᠤ ᠲᠤᠯᠠ ᠢᠳᠡᠵᠦ ᠣᠷᠣᠭᠤᠯᠤᠭᠰᠠᠨ ᠤ ᠳᠠᠷᠠᠭ᠎ᠠ ᠠᠮᠠᠷᠬᠠᠨ ᠥᠭᠡᠬᠦ ᠪᠣᠯᠵᠤ ᠬᠤᠪᠢᠷᠠᠬᠤ ᠶᠤᠮ᠃            ᠪᠣᠯᠪᠠᠰᠤᠷᠠᠬᠤ ᠠᠷᠭ᠎ᠠ᠄            1.ᠦᠷᠯᠦᠭᠡ ᠪᠦᠷᠢ30 ᠮᠢᠨᠤᠲ ᠠᠯᠬᠤᠵᠤ ᠶᠠᠪᠤᠬᠤ ᠨᠢ ᠪᠡᠶ᠎ᠡ ᠶᠢᠨ ᠬᠦᠨᠳᠦ ᠶᠢ ᠪᠠᠭᠤᠷᠠᠭᠤᠯᠬᠤ ᠶᠢᠨ ᠰᠠᠶᠢᠨ ᠠᠷᠭ᠎ᠠ ᠮᠦᠨ᠃ ᠲᠡᠷᠡ ᠨᠢ ᠶᠠᠮᠠᠷ ᠤᠷᠠᠨ ᠲᠠᠮᠢᠷ ᠬᠢᠭᠰᠡᠨ ᠠᠴᠠ ᠴᠤ ᠰᠠᠶᠢᠨ ᠶᠤᠮ᠃ ᠤᠴᠢᠷ ᠨᠢ ᠠᠯᠬᠤᠬᠤ ᠪᠣᠯ ᠬᠡᠰᠡᠭ ᠬᠤᠭᠤᠴᠠᠭᠠᠨ ᠲᠣᠲᠤᠷᠠᠬᠢ ᠪᠦᠬᠦ ᠪᠡᠶ᠎ᠡ ᠶᠢᠨ ᠬᠦᠳᠡᠯᠭᠡᠭᠡᠨ ᠪᠣᠯᠬᠤ ᠲᠤᠯᠠ ᠢᠪᠴᠤᠤ ᠬᠡᠪᠴᠢᠶᠡᠨ ᠲᠣᠲᠤᠷᠠᠬᠢ ᠪᠡᠶ᠎ᠡ ᠶᠢᠨ ᠬᠦᠳᠡᠯᠭᠡᠭᠡᠨ ᠠᠴᠠ ᠬᠤᠯᠠ ᠰᠠᠶᠢᠨ ᠶᠤᠮ᠃ ᠲᠠ ᠬᠡᠳᠦᠢ ᠬᠤᠯᠠ ᠶᠠᠪᠤᠵᠤ ᠴᠠᠭ ᠨᠢ ᠬᠡᠳᠦᠢ ᠤᠷᠲᠤ ᠪᠣᠯ ᠬᠦᠳᠡᠯᠭᠡᠭᠡᠨ ᠨᠢ ᠲᠡᠳᠦᠢ ᠶᠡᠭᠡ ᠪᠠᠶᠢᠵᠤ ᠬᠠᠯᠠᠭᠤᠨ ᠤ ᠡᠨᠧᠷᠭᠢ ᠶᠢ ᠵᠠᠷᠤᠴᠠᠭᠤᠯᠬᠤ ᠨᠢ ᠠᠷᠪᠢᠨ ᠪᠠᠶᠢᠳᠠᠭ᠃            2.ᠠᠯᠬᠤᠬᠤ ᠪᠠᠷ ᠲᠡᠷᠭᠡ ᠤᠨᠤᠬᠤ ᠶᠢ ᠣᠷᠣᠯᠠᠭᠤᠯᠵᠤ ᠶᠠᠪᠤᠪᠠᠯ ᠰᠠᠶᠢᠨ᠃ ᠴᠠᠬᠢᠯᠭᠠᠨ ᠱᠠᠲᠤ ᠶᠢ ᠬᠡᠷᠡᠭᠯᠡᠬᠦ ᠦᠭᠡᠢ᠂ ᠠᠰᠠᠷ ᠤᠨ ᠱᠠᠲᠤ ᠶᠢ ᠶᠠᠪᠤᠭᠠᠨ ᠢᠶᠠᠷ ᠶᠠᠪᠤᠵᠤ᠂ ᠴᠢᠳᠠᠬᠤ ᠳᠤ ᠪᠠᠨ ᠬᠠᠮᠤᠭ ᠤᠨ ᠦᠨᠳᠦᠷ ᠳᠠᠪᠬᠤᠷ ᠲᠤ ᠬᠦᠷᠦᠨ᠎ᠡ ᠃ ᠠᠵᠢᠯ ᠳᠤ ᠭᠠᠷᠬᠤ ᠳᠤ ᠪᠠᠨ ᠶᠠᠪᠤᠭᠠᠨ ᠢᠶᠠᠷ ᠶᠠᠪᠤᠵᠤ᠂ ᠶᠠᠪᠤᠭᠠᠨ ᠢᠶᠠᠷ ᠨᠡᠯᠢᠶᠡᠳ ᠬᠤᠯᠠ ᠲᠡᠷᠭᠡᠨ ᠦᠷᠲᠡᠭᠡᠨ ᠳᠤ ᠣᠴᠢᠨ᠎ᠠ᠃            3.ᠦᠳᠡ ᠳᠤ ᠪᠠᠭ᠎ᠠ ᠤᠨᠲᠠᠭᠠᠷᠠᠢ᠂ ᠬᠠᠭᠠᠰ ᠴᠠᠭ ᠠᠯᠬᠤᠬᠤ ᠨᠢ ᠬᠠᠭᠠᠰ ᠴᠠᠭ ᠤᠨᠲᠠᠬᠤ ᠠᠴᠠ ᠨᠡᠩ ᠢᠯᠡᠭᠦᠦ ᠤᠷᠮ᠎ᠠ ᠶᠢ ᠰᠡᠷᠭᠦᠭᠡᠬᠦ ᠪᠦᠭᠡᠳ ᠲᠠᠮᠢᠷ ᠬᠦᠴᠦ ᠶᠢ ᠨᠡᠮᠡᠭᠳᠡᠭᠦᠯᠬᠦ ᠶᠤᠮ᠃            4.ᠶᠠᠭᠤᠮ᠎ᠠ ᠢᠳᠡᠶ᠎ᠡ ᠭᠡᠵᠤ ᠶᠡᠭᠡ ᠰᠠᠨᠠᠬᠤ ᠦᠶ᠎ᠡ ᠳᠤ ᠭᠠᠷᠤᠭᠠᠳ ᠠᠯᠬᠤᠭᠠᠷᠠᠢ᠃ ᠬᠤᠭᠤᠯᠠᠨ ᠤ ᠴᠠᠭ ᠪᠣᠯᠬᠤ ᠦᠶ᠎ᠡ ᠳᠤ ᠵᠡᠭᠡᠯᠢ ᠭᠠᠷᠴᠤ ᠲᠣᠭᠤᠷᠢᠵᠤ᠂ ᠰᠢᠬᠢᠷᠯᠢᠭ ᠵᠦᠢᠯ ᠢ ᠢᠳᠡᠶ᠎ᠡ ᠭᠡᠵᠦ ᠰᠠᠨᠠᠬᠤ ᠦᠶ᠎ᠡ ᠳᠤ ᠭᠠᠳᠠᠨ᠎ᠠ ᠭᠠᠷᠤᠭᠠᠳ ᠶᠠᠪᠤᠨ᠎ᠠ᠃ ᠲᠠ ᠢᠩᠬᠢᠵᠤ ᠭᠠᠷᠤᠭᠠᠳ ᠶᠠᠪᠤᠪᠠᠯ ᠢᠳᠡᠭᠡᠨ ᠤ ᠲᠠᠲᠠᠯᠲᠠ ᠠᠴᠠ ᠠᠶᠠᠨᠳᠠᠭᠠᠨ ᠵᠠᠶᠢᠯᠠᠰᠬᠢᠬᠦ ᠪᠦᠭᠡᠳ ᠲᠠ ᠬᠡᠳᠦᠶᠢᠪᠡᠷ ᠪᠡᠶ᠎ᠡ ᠶᠢᠨ ᠠᠶ᠎ᠠ ᠪᠠᠷ ᠢᠶᠠᠨ ᠠᠯᠬᠤᠵᠤ ᠪᠠᠶᠢᠪᠠᠴᠤ ᠲᠠᠨ ᠤ ᠬᠠᠯᠠᠭᠤᠨ ᠤ ᠡᠨᠧᠷᠭᠢ ᠴᠢᠨᠢ ᠪᠠᠭᠤᠷᠠᠵᠤ ᠯᠠ ᠪᠠᠶᠢᠬᠤ ᠶᠤᠮ᠃                      
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号