ᠳᠡᠯᠡᠬᠡᠢ ᠶᠢᠨ ᠪᠦᠮᠪᠦᠷᠴᠡᠭ ᠠᠳᠠᠯᠢ ᠨᠢᠭᠡᠨ ᠴᠠᠭ ᠲᠤ ᠵᠢᠷᠭᠤᠭᠠᠨ ᠴᠢᠭᠯᠡᠯ ᠢᠶᠠᠷ ᠬᠦᠳᠡᠯᠭᠡᠭᠡᠨ
ᠨᠡᠶᠢᠲᠡᠯᠡᠭᠰᠡᠨ ᠴᠠᠭ᠄
2024/3/21
                                        ᠳᠡᠯᠡᠬᠡᠢ ᠶᠢᠨ ᠪᠦᠮᠪᠦᠷᠴᠡᠭ ᠣᠷᠴᠢᠯᠠᠩ ᠤᠨ ᠳᠤᠮᠳᠠᠭᠤᠷ ᠣᠷᠴᠢᠨ ᠡᠷᠭᠢᠯᠳᠤᠬᠦ ᠳᠤ ᠪᠠᠨ ᠠᠳᠠᠯᠢ ᠨᠢᠭᠡᠨ ᠴᠠᠭ ᠲᠤ ᠨᠠᠭᠠᠳᠣ ᠵᠠᠬ᠎ᠠ ᠳᠤ ᠪᠠᠨ ᠵᠢᠷᠭᠤᠭᠠᠨ ᠴᠢᠭᠯᠡᠯ ᠢᠶᠠᠷ ᠬᠦᠳᠡᠯᠭᠡᠭᠡᠨ ᠬᠢᠵᠦ ᠪᠣᠢ᠃           1.ᠳᠡᠯᠡᠬᠡᠢ ᠶᠢᠨ ᠪᠦᠮᠪᠦᠷᠴᠡᠭ ᠴᠠᠭ ᠲᠤ1609 ᠺᠢᠯᠥᠮᠲ᠋ᠧᠷ ᠤᠨ ᠬᠤᠷᠳᠤᠴᠠ ᠪᠠᠷ ᠲᠡᠩᠭᠡᠯᠢᠭ ᠢᠶᠠᠨ ᠲᠠᠭᠠᠨ ᠵᠣᠭᠰᠣᠯ ᠦᠭᠡᠢ ᠡᠷᠭᠢᠯᠳᠦᠵᠦ ᠪᠣᠢ᠃           2. ᠳᠡᠯᠡᠬᠡᠢ ᠶᠢᠨ ᠪᠦᠮᠪᠦᠷᠴᠡᠭ ᠰᠧᠺᠤᠨᠲ ᠪᠦᠷᠢ28.926 ᠺᠢᠯᠦᠮᠲ᠋ᠧᠷ ᠤᠨ ᠬᠤᠷᠳᠤᠴᠠ ᠪᠠᠷ ᠨᠠᠷᠠ ᠶᠢ ᠲᠣᠭᠤᠷᠢᠨ ᠡᠷᠭᠢᠵᠦ ᠪᠣᠢ᠃           3.ᠳᠡᠯᠡᠬᠡᠢ ᠶᠢᠨ ᠪᠦᠮᠪᠦᠷᠴᠡᠭ23 ᠭᠷᠠᠳᠥᠰ ᠤᠨ ᠲᠠᠰᠢᠭᠤ ᠬᠡᠪᠴᠢᠶᠡᠨ ᠳᠤ ᠳᠡᠭᠡᠭᠰᠢ ᠳᠣᠭᠤᠭᠰᠢ ᠬᠡᠯᠪᠡᠯᠵᠡᠵᠦ ᠳᠦᠷᠪᠡᠨ ᠤᠯᠠᠷᠢᠯ ᠤᠨ ᠬᠤᠪᠢᠷᠠᠯ ᠢ ᠡᠭᠦᠰᠭᠡᠵᠦ ᠪᠣᠢ᠃           4.ᠳᠡᠯᠡᠬᠡᠢ ᠶᠢᠨ ᠪᠦᠮᠪᠦᠷᠴᠡᠭ ᠨᠠᠷᠠᠨ ᠤ ᠠᠶᠢᠮᠠᠭ ᠤᠨ ᠪᠣᠰᠣᠳ ᠣᠳᠤᠨ ᠪᠦᠮᠪᠦᠷᠴᠡᠭ ᠲᠠᠢ ᠬᠠᠮᠲᠤ ᠪᠠᠷ ᠨᠢᠰᠬᠦ ᠮᠡᠲᠦ ᠤᠷᠤᠭᠰᠢ ᠰᠤᠮᠤᠳᠠᠨ ᠶᠠᠪᠤᠵᠤ ᠪᠣᠢ᠃           5.ᠳᠡᠯᠡᠬᠡᠢ ᠶᠢᠨ ᠪᠦᠮᠪᠦᠷᠴᠡᠭ ᠪᠣᠰᠣᠳ ᠣᠳᠤᠨ ᠪᠦᠮᠪᠦᠷᠴᠡᠭ ᠲᠠᠢ ᠴᠤᠭᠭᠠᠷ ᠰᠧᠺᠤᠨᠲ ᠪᠦᠷᠢ289.62 ᠺᠢᠯᠦᠮᠲ᠋ᠧᠷ ᠤᠨ ᠬᠤᠷᠳᠤᠴᠠ ᠪᠠᠷ ᠲᠡᠭᠷᠢ ᠶᠢᠨ ᠣᠶᠣᠳᠠᠯ ᠤᠨ ᠠᠶᠢᠮᠠᠭ ᠤᠨ ᠭᠤᠣᠯ ᠲᠥᠪ ᠢ ᠲᠣᠭᠤᠷᠢᠨ ᠡᠷᠭᠢᠵᠦ ᠪᠣᠢ᠃           6.ᠳᠡᠯᠡᠬᠡᠢ ᠶᠢᠨ ᠪᠦᠮᠪᠦᠷᠴᠡᠭ ᠦᠢ ᠲᠥᠮᠡᠨ ᠣᠳᠣᠨ ᠴᠣᠭᠴᠠᠰ ᠲᠠᠢ ᠬᠠᠮᠲᠤ ᠪᠠᠷ ᠭᠠᠶᠢᠬᠠᠯᠲᠠᠢ ᠲᠥᠷᠭᠡᠨ ᠬᠤᠷᠳᠤᠴᠠ ᠪᠠᠷ ᠬᠦᠪᠡᠭᠡ ᠬᠢᠵᠠᠭᠠᠷ ᠦᠭᠡᠢ ᠣᠷᠴᠢᠯᠠᠩ ᠳᠤᠮᠳᠠᠭᠤᠷ ᠦᠯᠦ ᠮᠡᠳᠡᠬᠦ ᠵᠦᠭ ᠲᠤ ᠠᠶᠠᠯᠠᠵᠤ ᠪᠣᠢ᠃                        
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号