ᠮᠠᠷᠺᠰ ᠤᠨ ᠨᠣᠮ ᠣᠩᠰᠢᠬᠤ ᠠᠷᠭ᠎ᠠ
ᠨᠡᠶᠢᠲᠡᠯᠡᠭᠰᠡᠨ ᠴᠠᠭ᠄
2024/3/21
                                        ᠮᠠᠷᠺᠰ ᠪᠣᠯ ᠨᠢᠭᠡᠨ ᠭᠦᠨ ᠮᠡᠳᠡᠯᠭᠡ ᠲᠠᠢ ᠡᠷᠳᠡᠮᠲᠡᠨ ᠮᠦᠨ᠃ ᠲᠡᠭᠦᠨ ᠤ ᠨᠢᠭᠡ ᠨᠠᠰᠤᠨ ᠳᠤ ᠪᠠᠨ ᠣᠩᠰᠢᠭᠰᠠᠨ ᠨᠣᠮ ᠨᠢ ᠣᠯᠠᠨ ᠤᠴᠢᠷ ᠠᠴᠠ ᠪᠦᠷᠢᠳᠭᠡᠬᠦ ᠶᠢᠨ ᠠᠷᠭ᠎ᠠ ᠦᠭᠡᠢ ᠮᠦᠷᠲᠡᠭᠡᠨ ᠲᠡᠳᠡᠭᠡᠷ ᠤᠨ ᠣᠯᠠᠩᠬᠢ ᠨᠢ ᠬᠡᠶᠢᠰᠪᠦᠷᠢ ᠣᠨᠣᠯ ᠤᠨ ᠴᠢᠨᠠᠷᠲᠠᠢ ᠨᠣᠮ ᠤᠳ ᠪᠣᠯᠤᠨ᠎ᠠ᠃           ᠲᠡᠷᠡ ᠨᠣᠮ ᠣᠩᠰᠢᠭᠠᠳ ᠶᠠᠳᠠᠷᠠᠭᠰᠠᠨ ᠦᠶ᠎ᠡ ᠳᠤ ᠠᠭᠤᠯᠭ᠎ᠠ ᠨᠢ ᠠᠳᠠᠯᠢ ᠪᠣᠰᠤ ᠨᠣᠮ ᠢ ᠰᠣᠯᠪᠢᠴᠠᠭᠤᠯᠤᠨ ᠣᠩᠰᠢᠬᠤ ᠠᠷᠭ᠎ᠠ ᠶᠢ ᠠᠪᠴᠤ ᠶᠠᠳᠠᠷᠠᠯ ᠢᠶᠠᠨ ᠲᠠᠶᠢᠯᠳᠠᠭ᠃ ᠲᠡᠭᠦᠨ ᠤ ᠭᠤᠣᠯ ᠠᠷᠭ᠎ᠠ ᠨᠢ ᠭᠡᠪᠡᠯ᠂ ᠣᠨᠣᠯ ᠤᠨ ᠴᠢᠨᠠᠷᠲᠠᠢ ᠨᠣᠮ ᠢ ᠣᠩᠰᠢᠵᠤ ᠪᠠᠶᠢᠭᠠᠳ ᠶᠠᠳᠠᠷᠠᠪᠠᠯ ᠲᠡᠷᠡ ᠳᠣᠣᠷ᠎ᠠ ᠨᠢ ᠨᠣᠮ ᠢᠶᠠᠨ ᠲᠠᠯᠪᠢᠵᠤ ᠥᠭᠡᠷ᠎ᠡ ᠠᠭᠤᠯᠭ᠎ᠠ ᠲᠠᠢ ᠨᠣᠮ ᠢ ᠣᠩᠰᠢᠵᠤ ᠡᠬᠢᠯᠡᠳᠡᠭ ᠪᠠᠶᠢᠨ᠎ᠠ᠃ ᠵᠠᠷᠢᠮ ᠳᠤ ᠪᠠᠨ ᠰᠢᠯᠦᠭ ᠣᠩᠰᠢᠵᠤ᠂ ᠵᠠᠷᠢᠮ ᠳᠤ ᠪᠠᠨ ᠵᠣᠬᠢᠶᠠᠯ ᠣᠩᠰᠢᠳᠠᠭ ᠪᠦᠭᠡᠳ ᠬᠤᠶᠠᠷ ᠭᠤᠷᠪᠠᠨ ᠵᠣᠬᠢᠶᠠᠯ ᠢ ᠴᠦ ᠵᠡᠷᠭᠡ ᠳᠤ ᠨᠢ ᠳᠡᠯᠭᠡᠭᠡᠳ ᠲᠤᠩ ᠠᠮᠲᠠᠷᠬᠠᠨ ᠦᠵᠡᠳᠡᠭ ᠪᠠᠶᠢᠯ᠎ᠠ᠃ ᠢᠩᠬᠢᠭᠡᠳ ᠶᠡᠭᠡ ᠲᠠᠷᠢᠬᠢ ᠨᠢ ᠪᠠᠭ᠋ᠠᠨ ᠠᠮᠠᠷᠵᠢᠨ ᠡᠬᠢᠯᠡᠪᠡᠯ ᠳᠠᠬᠢᠵᠤ ᠣᠨᠣᠯ ᠤᠨ ᠨᠣᠮ ᠢ ᠰᠤᠳᠤᠯᠤᠨ ᠣᠩᠰᠢᠳᠠᠭ᠃           ᠮᠠᠷᠺᠰ ᠤᠨ ᠨᠣᠮ ᠣᠩᠰᠢᠬᠤ ᠠᠷᠭ᠎ᠠ ᠨᠢ ᠰᠡᠳᠭᠢᠴᠡ ᠶᠢᠨ ᠵᠦᠢ ᠲᠠᠢ ᠨᠡᠶᠢᠴᠡᠳᠡᠭ ᠪᠢᠯᠡ᠃ ᠬᠡᠷᠪᠡ ᠤᠷᠲᠤ ᠬᠤᠭᠤᠴᠠᠭ᠎ᠠ ᠪᠠᠷ ᠨᠢᠭᠡ ᠣᠷᠣᠨ ᠳᠤ ᠨᠢᠭᠡ ᠯᠠ ᠠᠭᠤᠯᠭ᠎ᠠ ᠲᠠᠢ ᠨᠣᠮ ᠢ ᠣᠩᠰᠢᠭᠠᠳ ᠪᠠᠶᠢᠪᠠᠯ ᠶᠡᠭᠡ ᠲᠠᠷᠢᠬᠢᠨ ᠤ ᠳᠠᠪᠬᠤᠷᠭ᠎ᠠ ᠬᠦᠭᠡᠷᠦᠨ ᠬᠠᠮᠠᠭᠠᠯᠠᠬᠤ ᠴᠢᠨᠠᠷ ᠨᠢ ᠮᠠᠭᠤᠲᠠᠵᠤ᠂ ᠰᠤᠷᠤᠯᠴᠠᠬᠤ ᠤᠷᠮ᠎ᠠ ᠪᠠᠬ᠎ᠠ ᠪᠠᠭᠤᠷᠠᠬᠤ ᠪᠣᠯᠤᠨ᠎ᠠ᠃ ᠬᠡᠷᠪᠡ ᠲᠣᠬᠢᠷᠠᠭᠰᠠᠨ ᠴᠠᠭ ᠲᠤ ᠨᠢ ᠰᠤᠷᠤᠯᠴᠠᠵᠤ᠂ ᠠᠭᠤᠯᠭ᠎ᠠ ᠶᠢ ᠨᠢ ᠰᠣᠯᠢᠪᠠᠯ ᠶᠡᠭᠡ ᠲᠠᠷᠢᠬᠢᠨ ᠤ ᠳᠠᠪᠬᠤᠷᠭ᠎ᠠ ᠬᠡᠪ ᠤᠨ ᠪᠠᠶᠢᠳᠠᠯ ᠳᠤ ᠪᠠᠨ ᠣᠷᠣᠵᠤ᠂ ᠰᠤᠷᠤᠯᠴᠠᠬᠤ ᠤᠷᠮ᠎ᠠ ᠪᠠᠬ᠎ᠠ ᠶᠢ ᠨᠡᠮᠡᠭᠳᠡᠭᠦᠯᠳᠡᠭ ᠪᠠᠶᠢᠨ᠎ᠠ᠃            
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号