ᠠᠶᠢᠯ ᠲᠣᠭᠤᠷᠢᠬᠤ ᠶᠢᠨ ᠴᠡᠭᠡᠷ
ᠨᠡᠶᠢᠲᠡᠯᠡᠭᠰᠡᠨ ᠴᠠᠭ᠄
2024/3/21
                                                1. ᠶᠠᠪᠤᠯᠴᠠᠭ᠎ᠠ ᠬᠡᠲᠦᠷᠡᠬᠦ ᠶᠢ ᠴᠡᠭᠡᠷᠯᠡᠨ᠎ᠡ᠃ ᠠᠶᠢᠯ ᠰᠠᠭᠠᠬᠠᠯᠲᠠ ᠨᠢᠭᠡᠨ ᠤ ᠪᠠᠨ ᠡᠭᠦᠳᠡ ᠨᠢ ᠬᠠᠮᠢᠭᠠᠰᠢ ᠬᠠᠷᠠᠵᠤ ᠪᠠᠶᠢᠬᠤ  ᠶᠢ ᠮᠡᠳᠡᠬᠦ ᠦᠭᠡᠢ ᠪᠠᠶᠢᠵᠤ ᠪᠣᠯᠬᠤ ᠦᠭᠡᠢ ᠪᠣᠯᠪᠠᠴᠤ ᠳᠡᠩᠳᠡᠭᠦᠦ ᠶᠠᠪᠤᠯᠴᠠᠭᠠᠳ ᠪᠠᠶᠢᠪᠠᠯ ᠡᠳᠦᠷ ᠤᠨ ᠤᠳᠠᠭᠠᠨ ᠳᠤ ᠶᠠᠯᠢᠮ ᠦᠭᠡᠢ ᠪᠠᠭ᠎ᠠ ᠶᠠᠪᠤᠳᠠᠯ ᠠᠴᠠ ᠴᠦ ᠡᠪ ᠨᠠᠶᠢᠷ ᠡᠪᠳᠡᠷᠡᠯᠴᠡᠬᠦ ᠳᠤ ᠬᠦᠷᠳᠡᠭ᠃           2.ᠬᠤᠪ ᠵᠦᠭᠡᠭᠡᠬᠦ ᠶᠢ ᠴᠡᠭᠡᠷᠯᠡᠨ᠎ᠡ᠃ ᠠᠶᠢᠯ ᠲᠣᠭᠤᠷᠢᠬᠤ ᠳᠤ ᠪᠠᠨ ᠡᠳᠡᠨ ᠤ ᠬᠢᠨ ᠢᠩᠬᠢᠴᠢᠬᠡᠯ᠎ᠡ ᠲᠡᠳᠡᠨ ᠤ ᠎ ᠬᠢᠨ ᠴᠢᠩᠭᠢᠴᠢᠬᠡᠯ᠎ᠡ ᠭᠡᠵᠦ ᠶᠠᠷᠢᠬᠤ ᠦᠭᠡᠢ᠂ ᠨᠡᠩ ᠦᠨᠳᠦᠰᠦ ᠪᠠᠷᠢᠮᠲᠠ ᠦᠭᠡᠢ ᠦᠭᠡ ᠶᠠᠷᠢᠵᠤ ᠠᠶᠢᠯ ᠵᠡᠷᠭᠡᠯᠡᠳᠡᠭᠡ ᠶᠢᠨ ᠪᠦᠯᠬᠦᠮᠳᠡᠯ ᠢ ᠵᠠᠳᠠᠷᠠᠭᠤᠯᠵᠤ ᠪᠣᠯᠬᠤ ᠦᠭᠡᠢ᠃           3.ᠡᠷᠦᠢ ᠬᠤᠷᠤᠢ ᠦᠭᠡᠢ ᠶᠠᠷᠢᠬᠤ ᠶᠢ ᠴᠡᠭᠡᠷᠯᠡᠨ᠎ᠡ᠃ ᠠᠶᠢᠯ ᠲᠣᠭᠤᠷᠢᠬᠤ ᠳᠤ ᠪᠠᠨ ᠣᠯᠠᠩᠬᠢ ᠳᠤ ᠪᠠᠨ ᠠᠶᠢᠯ ᠭᠡᠷ ᠤᠨ ᠠᠷᠰᠠᠷ ᠤᠴᠢᠷ ᠤᠳ ᠢ ᠬᠡᠯᠡᠯᠴᠡᠨ ᠵᠣᠭᠤᠭᠳᠠᠳᠠᠭ᠃ ᠡᠭᠦᠨ ᠳᠤ ᠠᠮᠠᠨ ᠳᠤ ᠣᠷᠣᠭᠰᠠᠨ ᠢᠶᠠᠷ ᠢᠶᠠᠨ ᠠᠯᠢ ᠨᠢ ᠵᠦᠪ ᠠᠯᠢ ᠨᠢ ᠪᠤᠷᠤᠭᠤ ᠭᠡᠵᠦ ᠰᠡᠴᠡᠷᠬᠡᠵᠦ᠂ ᠠᠶᠢᠯ ᠭᠡᠷ ᠤᠨ ᠵᠦᠷᠢᠴᠡᠯ ᠢ ᠰᠢᠷᠦᠰᠦᠭᠦᠯᠵᠦ ᠪᠣᠯᠬᠤ ᠦᠭᠡᠢ᠃           4.ᠠᠰᠠᠭᠤᠵᠤ ᠰᠤᠷᠠᠭᠯᠠᠬᠤ ᠶᠢ ᠴᠡᠭᠡᠷᠯᠡᠨ᠎ᠡ᠃ ᠠᠶᠢᠯ ᠳᠤ ᠣᠴᠢᠭᠠᠳ ᠡᠨᠡ ᠲᠡᠷᠡ ᠶᠢ ᠨᠢ ᠠᠰᠠᠭᠤᠵᠤ ᠰᠤᠷᠠᠭᠯᠠᠵᠤ᠂ ᠤᠭ ᠲᠤ ᠨᠢ ᠲᠣᠯᠲᠠᠯ᠎ᠠ ᠯᠠᠪᠯᠠᠬᠤ ᠶᠢ ᠴᠡᠭᠡᠷᠯᠡᠨ᠎ᠡ᠃           5.ᠪᠠᠷᠳᠠᠮ ᠦᠭᠡ ᠬᠡᠯᠡᠬᠦ ᠶᠢ ᠴᠡᠭᠡᠷᠯᠡᠨ᠎ᠡ᠃ ᠠᠶᠢᠯ ᠵᠡᠷᠭᠡᠯᠡᠳᠡᠭᠡ ᠰᠠᠭᠤᠭᠰᠠᠳ ᠨᠢᠭᠡᠨ ᠢᠶᠠᠨ ᠭᠤᠶᠤᠬᠤ ᠶᠠᠪᠤᠳᠠᠯ ᠵᠦᠩᠳᠡᠭᠡᠨ ᠪᠠᠶᠢᠳᠠᠭ᠂ ᠡᠶᠢᠮᠦ ᠳᠤ ᠬᠠᠪᠰᠤᠷᠴᠤ ᠳᠡᠶᠢᠯᠬᠦ ᠵᠦᠢᠯ ᠢᠶᠠᠨ ᠴᠢᠳᠠᠯ ᠤᠨ ᠢᠶᠠᠨ ᠬᠢᠷᠢ ᠪᠠᠷ ᠬᠠᠪᠰᠤᠷᠬᠤ ᠎ ᠨᠢ ᠵᠦᠢ ᠪᠢᠯᠡ᠂ ᠭᠡᠲᠡᠯ᠎ᠡ ᠬᠠᠪᠰᠤᠷᠴᠤ ᠳᠡᠶᠢᠯᠬᠦ ᠦᠭᠡᠢ ᠶᠠᠪᠤᠳᠠᠯ ᠢ ᠴᠦ ᠠᠮᠠ ᠪᠠᠷᠳᠠᠮ ᠵᠦᠪᠰᠢᠷᠡᠴᠢᠬᠡᠭᠡᠳ ᠬᠡᠯᠡᠭᠰᠡᠨ ᠳᠤ ᠪᠠᠨ ᠬᠦᠷᠴᠦ ᠴᠢᠳᠠᠬᠤ ᠦᠭᠡᠢ ᠪᠣᠯ ᠪᠣᠰᠤᠳ ᠲᠤ ᠢᠲᠡᠭᠡᠯ ᠦᠭᠡᠢ ᠪᠣᠯᠳᠠᠭ᠃ ᠬᠠᠷᠢᠯᠴᠠᠨ ᠦᠭᠭᠦᠯᠭᠡ ᠠᠪᠤᠯᠭ᠎ᠠ ᠬᠢᠬᠦ ᠳᠤ ᠪᠠᠨ ᠴᠦ ᠬᠡᠲᠦᠷᠡᠭᠦᠯᠬᠦ ᠶᠢ ᠬᠢᠴᠢᠶᠡᠬᠦ ᠬᠡᠷᠡᠭᠲᠡᠢ᠃                                  
 
ᠢᠷᠡᠯᠲᠡ᠄ ᠠᠷᠠᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号