| ᠨᠠᠷᠠᠨ᠎ᠠ᠂ ᠡᠷᠳᠡᠨᠢᠬᠦᠦ | | ︵ᠱᠢ ᠰᠢᠨ ᠶᠤᠸᠠᠨ︶ ᠣᠶᠢᠷ᠎ᠠ ᠶᠢᠨ ᠡᠳᠦᠷ᠂ ᠠᠯᠠᠱᠠ ᠵᠡᠭᠦᠨ ᠬᠤᠰᠢᠭᠤᠨ ᠤ ᠪᠠᠷᠠᠭᠤᠨ ᠪᠡᠯ ᠪᠠᠯᠭᠠᠰᠤᠨ ᠤ | ᠱᠠᠩᠬᠠᠢ ᠭᠠᠴᠠᠭ᠎ᠠ ᠳᠤ ᠪᠠᠶᠢᠷᠢᠯᠠᠭ᠎ᠠ ᠳᠤᠮᠳᠠᠳᠤ ᠤᠯᠤᠰ ᠤᠨ ᠲᠡᠮᠦᠷ ᠵᠠᠮ ᠤᠨ ᠠᠷᠪᠠᠨ ᠲᠠᠪᠤᠳᠤᠭᠠᠷ ᠲᠣᠪᠴᠢᠶ᠎ᠠ ᠶᠢᠨ | ᠪᠤᠭᠤᠲᠤ ᠠᠴᠠ ᠢᠷᠭᠠᠢ ᠬᠦᠷᠬᠦ ᠲᠦᠷᠭᠡᠨ ᠤ ᠲᠡᠮᠦᠷ ᠵᠠᠮ ᠤᠨ ᠢᠷᠭᠠᠢ ᠶᠢᠨ ᠰᠠᠯᠪᠤᠷᠢ ᠱᠤᠭᠤᠮ ᠤᠨ ᠠᠯᠠᠱᠠ | ᠠᠭᠤᠯᠠ ᠶᠢᠨ ᠨᠦᠭᠡᠨ ᠵᠠᠮ ᠤᠨ ᠳᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠠᠬᠤᠢ ᠲᠠᠯᠠᠪᠠᠢ ᠳᠤ᠂ | ᠮᠠᠲ᠋ᠧᠷᠢᠶᠠᠯ ᠵᠥᠭᠡᠭᠡᠪᠦᠷᠢᠯᠡᠬᠦ ᠲᠡᠷᠭᠡ᠂ ᠪᠠᠷᠢᠯᠭ᠎ᠠ ᠶᠢᠨ ᠲᠡᠷᠭᠡ ᠨᠠᠭᠠᠰᠢ ᠴᠠᠭᠠᠰᠢ ᠰᠦᠯᠵᠢᠯᠳᠦᠵᠦ᠂ ᠠᠵᠢᠯᠴᠢᠳ | ᠶᠠᠭᠠᠷᠠᠯᠲᠠᠢ ᠠᠵᠢᠯᠯᠠᠨ᠂ ᠭᠠᠩᠨᠠᠨ ᠵᠠᠯᠭᠠᠬᠤ᠂ ᠬᠡᠷᠴᠢᠬᠦ ᠳᠠᠭᠤᠨ ᠠᠳᠡ ᠲᠡᠨᠳᠡ ᠦᠭᠡᠢ ᠰᠣᠨᠣᠰᠳᠠᠨ᠎ᠠ᠃ ᠠᠭᠤᠷ | ᠠᠮᠢᠰᠬᠤᠯ ᠬᠡᠳᠦᠶᠢᠪᠡᠷ ᠬᠠᠬᠢᠷ ᠬᠦᠢᠲᠡᠨ ᠪᠤᠯᠪᠠᠴᠤ ᠪᠦᠲᠦᠭᠡᠨ ᠪᠠᠶᠢᠭᠤᠯᠤᠭᠴᠢᠳ ᠴᠠᠭ ᠮᠥᠴᠡ ᠲᠠᠢ ᠤᠷᠤᠯᠳᠤᠠ | ᠠᠵᠢᠯᠯᠠᠵᠠᠭᠠᠵᠤ ᠪᠠᠶᠢᠯ᠎ᠠ᠃ | ᠨᠦᠭᠡᠨ ᠵᠠᠮ ᠤᠨ ᠬᠠᠮᠤᠭ ᠤᠨ ᠭᠦᠨ ᠬᠡᠰᠡᠭ ᠲᠤ᠂ ᠰᠤᠷᠪᠤᠯᠵᠢᠯᠠᠬᠴᠢ ᠲᠣᠮᠣ ᠭᠡᠯᠪᠡᠷᠢ ᠶᠢᠨ ᠪᠸᠲ᠋ᠤᠨ ᠤ | ᠰᠦᠷᠴᠢᠭᠦᠷ ᠮᠠᠰᠢᠨ ᠪᠠᠷᠢᠯᠭ᠎ᠠ ᠶᠢᠨ ᠠᠵᠢᠯᠲᠠᠳ ᠤᠨ ᠡᠵᠡᠮᠳᠡᠯ ᠳᠣᠣᠷ᠎ᠠ᠂ ︽ᠭᠠᠷ︾ ᠢᠶᠠᠨ ᠬᠤᠷᠤᠶᠢᠯᠠᠵᠤ᠂ 6.9 | ᠮᠸᠲᠷ ᠥᠷᠭᠡᠨ 7.65 ᠮᠸᠲᠷ ᠥᠨᠳᠥᠷ ᠨᠦᠭᠡᠨ ᠳᠣᠲᠣᠷ᠎ᠠ ᠠᠵᠢᠯᠯᠠᠵᠤ ᠪᠠᠶᠢᠬᠤ ᠶᠢ ᠣᠯᠵᠤ ᠬᠠᠷᠠᠪᠠ᠃ ᠪᠸᠲ᠋ᠤᠨ | ᠨᠢ ᠨᠦᠭᠡᠨ ᠵᠠᠮ ᠤᠨ ᠬᠠᠨ᠎ᠠ ᠳᠤ ᠵᠢᠭᠳᠡ ᠪᠠᠷ ᠰᠦᠷᠴᠢᠭᠳᠡᠵᠦ᠂ ᠵᠤᠤᠪᠠᠩ ᠭᠡᠯᠪᠡᠷᠢ ᠶᠢᠨ ᠨᠦᠭᠡᠨ ᠵᠠᠮ ᠤᠨ ᠬᠠᠨ᠎ᠠ | ᠨᠢ ᠠᠭᠠᠵᠢᠮ ᠢᠶᠠᠷ ᠭᠢᠯᠦᠭᠡᠷ ᠪᠣᠯᠪᠠ᠃ ︽ᠨᠦᠭᠡᠨ ᠵᠠᠮ ᠤᠨ ᠪᠠᠷᠢᠯᠭ᠎ᠠ ᠶᠢᠨ ᠠᠬᠢᠴᠠ ᠶᠢ ᠲᠦᠷᠭᠡᠳᠬᠡᠬᠦ ᠶᠢᠨ | ᠲᠥᠯᠥᠭᠡ᠂ ᠡᠭᠡᠯᠵᠢᠯᠡᠨ ᠠᠵᠢᠯᠯᠠᠬᠤ ᠳᠦᠷᠢᠮ ᠢ ᠬᠡᠷᠡᠭᠵᠢᠭᠦᠯᠵᠦ᠂ ᠲᠥᠬᠦᠭᠡᠷᠦᠮᠵᠢ ᠵᠣᠬᠰᠣᠬᠤ ᠦᠭᠡᠢ 24 ᠴᠠᠭ | ᠲᠠᠰᠤᠯᠳᠠᠭᠤᠯᠤᠯ ᠦᠭᠡᠢ ᠠᠵᠢᠯᠯᠠᠵᠤ᠂ ᠪᠦᠲᠦᠭᠡᠨ ᠪᠠᠶᠢᠭᠤᠯᠤᠭᠴᠢᠳ ᠭᠠᠷᠬᠤ ᠠᠮᠠ ᠶᠢᠨ ᠬᠡᠰᠡᠭ ᠪᠠ 2 ᠵᠢᠰᠢᠭᠦᠦ | ᠬᠤᠳᠳᠤᠭ᠂ 5 ᠠᠵᠢᠯᠯᠠᠬᠤ ᠲᠠᠯᠠᠪᠠᠶ ᠶᠢ ᠮᠠᠯᠲᠠᠨ ᠣᠷᠣᠭᠤᠯᠬᠤ ᠵᠠᠭᠪᠤᠷ ᠢ ᠬᠡᠷᠡᠭᠯᠡᠵᠦ᠂ ᠣᠶᠢᠷ᠎ᠠ ᠶᠢᠨ ᠬᠡᠳᠦᠨ | ᠰᠠᠷ᠎ᠠ᠂ ᠰᠠᠷ᠎ᠠ ᠪᠦᠷᠢ ᠶᠢᠨ ᠠᠬᠢᠴᠠ 460 ᠮᠧᠲᠷ ᠠᠴᠠ 500 ᠮᠧᠲᠷ ᠲᠤ ᠬᠦᠷᠴᠦ ᠪᠠᠶᠢᠨ᠎ᠠ︾ ᠭᠡᠵᠦ ᠳᠤᠰ | ᠪᠠᠷᠢᠯᠭ᠎ᠠ ᠶᠢᠨ ᠬᠠᠷᠢᠭᠤᠴᠠᠯᠭᠠᠲᠠᠨ ᠬᠡᠯᠡᠪᠡ᠃ | ᠡᠪᠦᠯ ᠤᠨ ᠤᠯᠠᠷᠢᠯ ᠳᠤ᠂ ᠳᠤᠯᠠᠭᠠᠨ ᠤ ᠬᠡᠮᠵᠢᠶ᠎ᠡ ᠪᠠᠷᠢᠯᠭ᠎ᠠ ᠶᠢᠨ ᠶᠠᠰᠤ ᠴᠢᠨᠠᠷ ᠲᠤ ᠴᠢᠩᠭ᠎ᠠ | ᠱᠠᠭᠠᠷᠳᠠᠯᠭ᠎ᠠ ᠲᠠᠢ ᠪᠠᠶᠢᠳᠠᠭ᠃ ᠬᠠᠬᠢᠷ ᠬᠦᠢᠲᠡᠨ ᠴᠠᠭ ᠠᠭᠤᠷ ᠤᠨ ᠡᠮᠦᠨ᠎ᠡ᠂ ᠲᠥᠷᠥᠯ ᠵᠦᠢᠯ ᠤᠨ ᠬᠡᠯᠲᠡᠰ ᠣᠯᠠᠨ | ᠵᠦᠢᠯ ᠤᠨ ᠠᠷᠭ᠎ᠠ ᠬᠡᠮᠵᠢᠶ᠎ᠡ ᠠᠪᠴᠠᠢ᠃ ᠠᠭᠤᠢ ᠳᠣᠲᠣᠷᠠᠬᠢ ᠤᠰᠤ ᠬᠠᠩᠭᠠᠬᠤ ᠵᠢᠴᠢ ᠠᠭᠤᠢ ᠶᠢᠨ ᠭᠠᠳᠠᠨᠠᠬᠢ | ᠤᠰᠤ ᠭᠠᠳᠠᠭᠰᠢᠯᠠᠭᠤᠯᠬᠤ ᠬᠤᠭᠤᠯᠠᠢ ᠬᠥᠯᠳᠡᠬᠦ ᠠᠴᠠ ᠰᠡᠷᠭᠡᠶᠢᠯᠡᠬᠦ ᠶᠢᠨ ᠲᠥᠯᠥᠭᠡ᠂ ᠲᠡᠳᠡ ᠪᠣᠳᠠᠲᠤ ᠪᠠᠶᠢᠳᠠᠯ ᠢᠶᠠᠨ | ᠦᠨᠳᠦᠰᠦᠯᠡᠨ ᠤᠰᠤ ᠬᠠᠩᠭᠠᠬᠤ ᠤᠰᠤ ᠵᠠᠯᠠᠬᠤ ᠬᠤᠭᠤᠯᠠᠢ ᠶᠢ ᠬᠥᠪᠥᠩ ᠢᠶᠠᠷ ᠪᠠᠭᠯᠠᠨ᠂ ᠤᠰᠤᠨ ᠬᠤᠭᠤᠯᠠᠢ | ᠬᠥᠯᠳᠡᠵᠦ ᠤᠰᠤ ᠭᠠᠳᠠᠭᠰᠢᠯᠠᠭᠤᠯᠬᠤ ᠶᠢ ᠨᠥᠯᠥᠭᠡᠯᠡᠬᠦ ᠠᠴᠠ ᠰᠡᠷᠭᠡᠶᠢᠯᠡᠬᠦ ᠶᠢᠨ ᠬᠠᠮᠲᠤ ᠪᠠᠷᠢᠯᠭ᠎ᠠ ᠶᠢᠨ ᠠᠭᠠᠷ ᠤᠨ | ᠳᠤᠯᠠᠭᠠᠨ ᠢ ᠪᠠᠲᠤᠯᠠᠬᠤ ᠶᠢᠨ ᠲᠥᠯᠥᠭᠡ᠂ ᠨᠦᠭᠡᠨ ᠵᠠᠮ ᠤᠨ ᠭᠠᠷᠬᠤ ᠭᠠᠵᠠᠷ ᠲᠤ ᠳᠤᠯᠠᠭᠠᠨ ᠢ ᠬᠠᠮᠠᠭᠠᠯᠠᠬᠤ | ᠰᠠᠷᠠᠪᠴᠢ ᠨᠡᠮᠡᠵᠦ ᠪᠠᠶᠢᠭᠤᠯᠤᠨ᠂ ᠬᠥᠪᠥᠩ ᠬᠥᠰᠢᠭᠡ ᠪᠣᠰᠬᠠᠨ᠂ ᠨᠦᠭᠡᠨ ᠳᠣᠲᠣᠷ᠎ᠠ ᠳᠤᠯᠠᠭᠠᠨ ᠢ ᠬᠠᠮᠠᠭᠠᠯᠠᠬᠤ ᠶᠡᠭᠡ | ᠫᠤᠤ ᠪᠠ ᠭᠦᠸᠧᠯᠦ ᠵᠡᠷᠭᠡ ᠶᠢ ᠨᠡᠮᠡᠵᠦ ᠪᠠᠶᠢᠭᠤᠯᠤᠨ᠂ ᠳᠤᠯᠠᠭᠠᠨ ᠢ ᠨᠡᠮᠡᠭᠳᠡᠭᠦᠯᠬᠦ ᠠᠷᠭ᠎ᠠ ᠬᠡᠮᠵᠢᠶ᠎ᠡ ᠠᠪᠴᠤ᠂ ᠨᠦᠭᠡᠨ | ᠵᠠᠮ ᠤᠨ ᠳᠤᠮᠳᠠᠴᠢ ᠳᠤᠯᠠᠭᠠᠨ ᠤ ᠬᠡᠮᠵᠢᠶ᠎ᠡ ᠶᠢ 18°C ᠠᠴᠠ ᠳᠡᠭᠡᠭᠰᠢ ᠪᠠᠶᠢᠯᠭᠠᠬᠤ ᠶᠢ ᠦᠨᠡᠨ ᠬᠦ ᠪᠠᠲᠤᠯᠠᠵᠤ᠂ | ᠪᠠᠷᠢᠯᠭ᠎ᠠ ᠶᠢᠨ ᠬᠡᠪ ᠤᠨ ᠪᠠᠶᠢᠳᠠᠯ ᠢᠶᠠᠷ ᠶᠠᠪᠤᠭᠳᠠᠬᠤ ᠳᠤ ᠰᠠᠭᠤᠷᠢ ᠲᠠᠯᠪᠢᠵᠤ ᠥᠭᠴᠡᠢ᠃ | ᠬᠢᠷᠢ ᠲᠡᠩᠴᠡᠭᠰᠡᠨ ᠪᠸᠲ᠋ᠤᠨ ᠪᠣᠯ ᠴᠢᠨᠠᠷ ᠰᠠᠶᠢᠲᠠᠢ ᠢᠨᠵᠧᠨᠧᠷᠢᠩ ᠢ ᠪᠠᠶᠢᠭᠤᠯᠬᠤ ᠶᠢᠨ ᠴᠢᠬᠤᠯᠠ ᠰᠠᠭᠤᠷᠢ | ᠮᠥᠨ᠃ ᠲᠥᠷᠥᠯ ᠵᠦᠢᠯ ᠤᠨ ᠬᠡᠯᠲᠡᠰ ᠪᠧᠲ᠋ᠤᠨ ᠤ ᠦᠢᠯᠡᠳᠪᠦᠷᠢᠯᠡᠯ ᠤᠨ ᠶᠠᠰᠤ ᠴᠢᠨᠠᠷ ᠤᠨ ᠪᠠᠲᠤᠯᠠᠭ᠎ᠠ ᠶᠢ | ᠴᠢᠩᠭᠠᠳᠬᠠᠵᠤ᠂ ᠵᠢᠭᠤᠷᠠᠬᠤ ᠥᠷᠲᠡᠭᠡ ᠶᠢᠨ ᠭᠤᠣᠯ ᠮᠠᠰᠢᠨ ᠵᠢᠴᠢ ᠮᠠᠲ᠋ᠧᠷᠢᠶᠠᠯ ᠭᠠᠷᠭᠠᠬᠤ ᠠᠮᠠᠰᠠᠷ ᠢ ᠪᠦᠭᠦᠨ ᠢ | ᠪᠢᠲᠡᠭᠦᠮᠵᠢᠯᠡᠨ ᠳᠤᠯᠠᠭᠠᠨ ᠢ ᠬᠠᠮᠠᠭᠠᠯᠠᠵᠤ᠂ ᠴᠠᠭ ᠠᠭᠤᠷ ᠤᠨ ᠳᠤᠯᠠᠭᠠᠨ ᠤ ᠬᠡᠮᠵᠢᠶ᠎ᠡ ᠶᠢᠨ ᠬᠤᠪᠢᠷᠠᠯᠲᠠ ᠶᠢ | ᠦᠨᠳᠦᠰᠦᠯᠡᠨ᠂ ᠵᠢᠭᠤᠷᠠᠬᠤ ᠪᠠ ᠤᠰᠤᠨ ᠤ ᠳᠤᠯᠠᠭᠠᠨ ᠤ ᠬᠡᠮᠵᠢᠶ᠎ᠡ ᠶᠢ ᠬᠥᠳᠡᠯᠦᠩᠭᠦᠢ ᠪᠠᠷ ᠲᠣᠬᠢᠷᠠᠭᠤᠯᠵᠤ᠂ | ᠪᠧᠲ᠋ᠤᠨ ᠤ ᠮᠠᠰᠢᠨ ᠠᠴᠠ ᠭᠠᠷᠬᠤ ᠳᠤᠯᠠᠭᠠᠨ ᠤ ᠬᠡᠮᠵᠢᠶ᠎ᠡ ᠶᠢ 10°C ᠠᠴᠠ ᠳᠣᠣᠷ᠎ᠠ ᠪᠠᠶᠢᠯᠭᠠᠬᠤ ᠦᠭᠡᠢ ᠶᠢ | ᠪᠠᠲᠤᠯᠠᠵᠤ᠂ ᠱᠠᠭᠠᠷᠳᠠᠯᠭ᠎ᠠ ᠶᠣᠰᠣᠭᠠᠷ ᠬᠡᠢ ᠲᠠᠲᠠᠬᠤ ᠡᠳ᠋ ᠪᠠ ᠲᠦᠷᠭᠡᠨ ᠴᠠᠷᠴᠠᠭᠠᠬᠤ ᠡᠳ᠋ ᠢ ᠨᠡᠮᠡᠭᠰᠡᠨ ᠪᠠᠶᠢᠨ᠎ᠠ᠃ | ᠲᠡᠭᠡᠭᠡᠪᠦᠷᠢᠯᠡᠬᠦ ᠶᠠᠪᠤᠴᠠ ᠳᠤ᠂ ᠲᠡᠭᠡᠭᠡᠪᠦᠷᠢ ᠶᠢᠨ ᠲᠡᠷᠭᠡᠨ ᠳᠡᠭᠡᠷ᠎ᠡ ᠳᠤᠯᠠᠭᠠᠨ ᠢ ᠬᠠᠮᠠᠭᠠᠯᠠᠬᠤ ᠮᠠᠲ᠋ᠧᠷᠢᠶᠠᠯ ᠬᠤᠴᠢᠵᠤ᠂ | ᠪᠸᠲ᠋ᠤᠨ ᠤ ᠬᠡᠪ ᠲᠤ ᠣᠷᠣᠭᠤᠯᠬᠤ ᠳᠤᠯᠠᠭᠠᠨ ᠤ ᠬᠡᠮᠵᠢᠶ᠎ᠡ ᠶᠢ 5 °C ᠠᠴᠠ ᠳᠡᠭᠡᠭᠰᠢ ᠪᠠᠶᠢᠬᠤ ᠶᠢ ᠪᠠᠲᠤᠯᠠᠪᠠ᠃ | ᠠᠯᠠᠱᠠ ᠠᠭᠤᠯᠠ ᠶᠢᠨ ᠨᠦᠭᠡᠨ ᠵᠠᠮ ᠤᠨ ᠪᠦᠭᠦ ᠣᠷᠳᠣ 8812 ᠮᠧᠲᠷ ᠪᠠᠶᠢᠵᠤ᠂ ᠲᠠᠩ ᠱᠤᠭᠤᠮ ᠤᠨ | ᠨᠦᠭᠡᠨ ᠵᠠᠮ ᠪᠤᠯᠬᠤ ᠪᠥᠭᠡᠳ ᠪᠠᠰᠠ ᠠᠯᠠᠱᠠ ᠠᠭᠤᠯᠠ ᠶᠢ ᠳᠤᠭᠤᠯᠤᠬᠰᠠᠨ ᠠᠩᠬᠠᠳᠠᠭᠴᠢ ᠲᠡᠮᠦᠷ ᠵᠠᠮ ᠤᠨ ᠨᠦᠭᠡᠨ | ᠵᠠᠮ ᠪᠣᠯᠣᠨ᠎ᠠ᠂ ᠪᠠᠷᠢᠯᠭ᠎ᠠ ᠶᠢᠨ ᠠᠵᠢᠯ ᠤᠨ ᠬᠦᠴᠢᠷᠳᠡᠯ ᠶᠡᠭᠡ᠂ ᠪᠦᠭᠦ ᠱᠤᠭᠤᠮ ᠤᠨ ᠭᠤᠣᠯᠳᠠᠯᠭ᠎ᠠ ᠲᠠᠢ | ᠡᠵᠡᠮᠳᠡᠯ ᠤᠨ ᠴᠢᠨᠠᠷᠲᠠᠢ ᠪᠠᠷᠢᠯᠭ᠎ᠠ ᠪᠣᠯᠣᠨ᠎ᠠ᠃ ᠳᠤᠮᠳᠠᠳᠤ ᠤᠯᠤᠰ ᠤᠨ ᠲᠡᠮᠦᠷ ᠵᠠᠮ ᠤᠨ ᠠᠷᠪᠠᠨ ᠲᠠᠪᠤᠳᠤᠭᠠᠷ | ᠲᠣᠪᠴᠢᠶ᠎ᠠ ᠠᠴᠠ ᠳᠠᠭᠠᠭᠠᠴᠢᠯᠠᠨ ᠪᠠᠶᠢᠭᠤᠯᠤᠭᠰᠠᠨ ᠢᠷᠭᠠᠢ ᠠᠴᠠ ᠪᠠᠶᠠᠨᠬᠤᠲᠠ ᠬᠦᠷᠬᠦ ᠲᠦᠷᠭᠡᠨ ᠤ ᠲᠡᠮᠦᠷ ᠵᠠᠮ ᠤᠨ | ᠠᠯᠠᠱᠠ ᠠᠭᠤᠯᠠ ᠶᠢᠨ ᠥᠪᠥᠷ ᠮᠣᠩᠭᠤᠯ ᠳᠠᠬᠢ ᠬᠡᠰᠡᠭ ᠤᠨ ᠣᠷᠳᠣ ᠨᠢ 7575 ᠮᠧᠲᠷ ᠪᠠᠶᠢᠵᠤ᠂ ᠠᠯᠠᠱᠠ | ᠠᠶᠢᠮᠠᠭ ᠤᠨ ᠬᠢᠯᠢ ᠳᠤ ᠪᠠᠶᠢᠷᠢᠯᠠᠵᠤ ᠪᠤᠶ᠃ 2022 ᠣᠨ ᠤ 9 ᠰᠠᠷ᠎ᠠ ᠳᠤ᠂ ᠪᠦᠭᠦ ᠱᠤᠭᠤᠮ ᠢᠶᠠᠷ ᠪᠠᠷᠢᠯᠭ᠎ᠠ | ᠡᠬᠢᠯᠡᠭᠦᠯᠵᠦ᠂ ᠣᠳᠣᠬᠠᠨ ᠪᠤᠯᠲᠠᠯ᠎ᠠ᠂ ᠠᠯᠠᠱᠠ ᠠᠭᠤᠯᠠ ᠶᠢᠨ ᠨᠦᠭᠡᠨ ᠵᠠᠮ ᠢ ᠨᠡᠶᠢᠲᠡ 3766.7 ᠮᠸᠲᠷ ᠮᠠᠯᠲᠠᠵᠤ | ᠲᠤᠯᠭᠠᠭᠤᠷᠢᠯᠠᠨ ᠬᠠᠮᠠᠭᠠᠯᠠᠵᠤ᠂ ᠨᠦᠭᠡᠨ ᠵᠠᠮ ᠤᠨ ᠪᠠᠷᠢᠯᠭ᠎ᠠ ᠶᠢᠨ 49.7% ᠶᠢ ᠪᠡᠶᠡᠯᠡᠭᠦᠯᠪᠡ᠃ | ᠪᠤᠭᠤᠲᠤ ᠠᠴᠠ ᠢᠷᠭᠠᠢ ᠬᠦᠷᠬᠦ ᠲᠦᠷᠭᠡᠨ ᠤ ᠲᠡᠮᠦᠷ ᠵᠠᠮ ᠤᠨ ᠢᠷᠭᠠᠢ ᠠᠴᠠ ᠪᠠᠶᠠᠨᠬᠤᠲᠠ ᠬᠦᠷᠬᠦ ᠰᠠᠯᠪᠤᠷᠢ | ᠱᠤᠭᠤᠮ ᠪᠣᠯ ᠮᠠᠨ ᠤ ᠤᠯᠤᠰ ᠤᠨ ︽ᠨᠠᠢᠮᠠᠨ ᠭᠤᠯᠳᠤ ᠨᠠᠢᠮᠠᠨ ᠬᠥᠨᠳᠡᠯᠡᠨ︾ ᠲᠡᠮᠦᠷ ᠵᠠᠮ ᠤᠨ ᠲᠣᠣᠷ ᠤᠨ | ᠪᠡᠭᠡᠵᠢᠩ ᠠᠴᠠ ᠯᠠᠨᠵᠧᠦ ᠬᠦᠷᠬᠦ ᠵᠠᠮ ᠤᠨ ᠴᠢᠬᠤᠯᠠ ᠪᠦᠷᠢᠯᠳᠦᠭᠦᠨ ᠬᠡᠰᠡᠭ ᠪᠣᠯᠣᠨ᠎ᠠ᠂ ᠮᠠᠨ ᠤ ᠣᠷᠣᠨ ᠤ ᠪᠠᠷᠠᠭᠤᠨ | ᠴᠢᠭᠯᠡᠯ ᠤᠨ ᠣᠷᠣᠨ ᠠᠴᠠ ᠭᠠᠷᠬᠤ ᠴᠢᠬᠤᠯᠠ ᠲᠦᠷᠭᠡᠨ ᠪᠥᠭᠡᠳ ᠳᠥᠭᠦᠮ ᠳᠥᠲᠡ ᠶᠡᠭᠡ ᠵᠠᠮ ᠪᠣᠯᠣᠨ᠎ᠠ᠂ ᠪᠦᠭᠦ | ᠱᠤᠭᠤᠮ ᠤᠨ ᠣᠷᠳᠣ115 ᠺᠢᠯᠣᠮᠧᠲᠷ᠂ ᠥᠪᠥᠷ ᠮᠣᠩᠭᠤᠯ ᠤᠨ ᠬᠡᠰᠡᠭ᠂ ᠨᠢᠩᠰᠢᠶᠠ ᠶᠢᠨ ᠬᠡᠰᠡᠭ ᠭᠡᠵᠦ ᠬᠤᠶᠠᠷ | ᠬᠡᠰᠡᠭ ᠬᠤᠪᠢᠶᠠᠨ ᠵᠡᠷᠭᠡ ᠪᠠᠷ ᠪᠦᠲᠦᠭᠡᠨ ᠪᠠᠶᠢᠭᠤᠯᠪᠠ᠂ᠡᠭᠦᠨ ᠳᠤ ᠥᠪᠥᠷ ᠮᠣᠩᠭᠤᠯ ᠤᠨ ᠬᠡᠰᠡᠭ ᠤᠨ ᠪᠦᠭᠦ ᠣᠷᠳᠣ | ᠨᠢ 74.36 ᠺᠢᠯᠣᠮᠧᠲᠷ ᠪᠣᠯᠣᠨ᠎ᠠ᠃ ᠰᠤᠷᠪᠤᠯᠵᠢᠯᠠᠬᠴᠢ ᠠᠶᠢᠮᠠᠭ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ | ᠵᠥᠪᠯᠡᠯ ᠠᠴᠠ ᠣᠶᠢᠯᠠᠭᠠᠭᠰᠠᠨ ᠢᠶᠠᠷ᠂ ᠣᠳᠣᠬᠠᠨ ᠪᠤᠯᠲᠠᠯ᠎ᠠ᠂ ᠪᠤᠭᠤᠲᠤ ᠠᠴᠠ ᠢᠷᠭᠠᠢ ᠬᠦᠷᠬᠦ ᠲᠦᠷᠭᠡᠨ ᠤ ᠲᠡᠮᠦᠷ | ᠵᠠᠮ ᠤᠨ ᠢᠷᠭᠠᠢ ᠠᠴᠠ ᠪᠠᠶᠠᠨᠬᠤᠲᠠ ᠬᠦᠷᠬᠦ ᠰᠠᠯᠪᠤᠷᠢ ᠱᠤᠭᠤᠮ ᠤᠨ ᠲᠥᠷᠥᠯ ᠵᠦᠢᠯ ᠤᠨ ᠵᠠᠮ ᠤᠨ ᠰᠠᠭᠤᠷᠢ | ᠴᠢᠯᠠᠭᠤ ᠶᠢᠨ ᠪᠠᠷᠢᠯᠭ᠎ᠠ ᠶᠢᠨ 96% ᠶᠢ ᠨᠢᠭᠡᠨᠲᠡ ᠪᠡᠶᠡᠯᠡᠭᠦᠯᠵᠡᠶ᠂ ᠳᠠᠭᠠᠭᠠᠴᠢᠯᠠᠨ ᠪᠠᠶᠢᠭᠤᠯᠬᠤ ᠪᠠᠷᠢᠯᠭ᠎ᠠ ᠶᠢᠨ | 98% ᠶᠢ ᠪᠡᠶᠡᠯᠡᠭᠦᠯᠪᠡ᠂ ᠭᠦᠭᠦᠷᠭᠡ ᠶᠢᠨ ᠪᠠᠭᠠᠨ᠎ᠠ ᠶᠢᠨ ᠰᠠᠭᠤᠷᠢ ᠶᠢᠨ ᠪᠦᠲᠦᠭᠡᠨ ᠪᠠᠶᠢᠭᠤᠯᠤᠯᠲᠠ ᠶᠢ | ᠪᠡᠶᠡᠯᠡᠭᠦᠯᠦᠭᠰᠡᠨ ᠬᠡᠮᠵᠢᠶ᠎ᠡ ᠨᠢ 98% ᠳᠤ ᠬᠦᠷᠴᠦ᠂ ᠠᠵᠢᠯ ᠡᠬᠢᠯᠡᠭᠦᠯᠦᠭᠰᠡᠨ ᠠᠴᠠ ᠨᠠᠭᠠᠰᠢ᠂ 137939 | ᠲᠦᠮᠡᠨ ᠲᠥᠭᠦᠷᠢᠭ ᠤᠨ ᠪᠡᠯᠡ ᠣᠷᠣᠭᠤᠯᠤᠯᠲᠠ ᠶᠢ ᠪᠡᠶᠡᠯᠡᠭᠦᠯᠦᠭᠰᠡᠨ ᠪᠠᠶᠢᠨ᠎ᠠ᠃ | | |