ᠢᠷᠭᠠᠢ ᠠᠴᠠ ᠪᠠᠶᠠᠨᠬᠤᠲᠠ ᠬᠦᠷᠬᠦ ᠲᠡᠮᠦᠷ ᠵᠠᠮ ᠤᠨ ᠠᠯᠠᠱᠠ ᠠᠭᠤᠯᠠ ᠶᠢᠨ ᠨᠦᠭᠡᠨ ᠵᠠᠮ ᠤᠨ ᠠᠵᠢᠯ ᠡᠷᠴᠢᠮᠲᠡᠢ ᠶᠠᠪᠤᠭᠳᠠᠵᠤ ᠪᠠᠶᠢᠨ᠎ᠠ
ᠨᠡᠶᠢᠲᠡᠯᠡᠭᠰᠡᠨ ᠴᠠᠭ᠄
2024/3/22
ᠨᠠᠷᠠᠨ᠎ᠠ᠂ ᠡᠷᠳᠡᠨᠢᠬᠦᠦ             ︵ᠱᠢ ᠰᠢᠨ ᠶᠤᠸᠠᠨ︶ ᠣᠶᠢᠷ᠎ᠠ ᠶᠢᠨ ᠡᠳᠦᠷ᠂ ᠠᠯᠠᠱᠠ ᠵᠡᠭᠦᠨ ᠬᠤᠰᠢᠭᠤᠨ ᠤ ᠪᠠᠷᠠᠭᠤᠨ ᠪᠡᠯ ᠪᠠᠯᠭᠠᠰᠤᠨ ᠤ ᠱᠠᠩᠬᠠᠢ ᠭᠠᠴᠠᠭ᠎ᠠ ᠳᠤ ᠪᠠᠶᠢᠷᠢᠯᠠᠭ᠎ᠠ ᠳᠤᠮᠳᠠᠳᠤ ᠤᠯᠤᠰ ᠤᠨ ᠲᠡᠮᠦᠷ ᠵᠠᠮ ᠤᠨ ᠠᠷᠪᠠᠨ ᠲᠠᠪᠤᠳᠤᠭᠠᠷ ᠲᠣᠪᠴᠢᠶ᠎ᠠ ᠶᠢᠨ ᠪᠤᠭᠤᠲᠤ ᠠᠴᠠ ᠢᠷᠭᠠᠢ ᠬᠦᠷᠬᠦ ᠲᠦᠷᠭᠡᠨ ᠤ ᠲᠡᠮᠦᠷ ᠵᠠᠮ ᠤᠨ ᠢᠷᠭᠠᠢ ᠶᠢᠨ ᠰᠠᠯᠪᠤᠷᠢ ᠱᠤᠭᠤᠮ ᠤᠨ ᠠᠯᠠᠱᠠ ᠠᠭᠤᠯᠠ ᠶᠢᠨ ᠨᠦᠭᠡᠨ ᠵᠠᠮ ᠤᠨ ᠳᠦᠷᠦᠯ ᠵᠦᠢᠯ ᠤᠨ ᠪᠦᠲᠦᠭᠡᠨ ᠪᠠᠶᠢᠭᠤᠯᠤᠯᠲᠠ ᠶᠢᠨ ᠠᠬᠤᠢ ᠲᠠᠯᠠᠪᠠᠢ ᠳᠤ᠂ ᠮᠠᠲ᠋ᠧᠷᠢᠶᠠᠯ ᠵᠥᠭᠡᠭᠡᠪᠦᠷᠢᠯᠡᠬᠦ ᠲᠡᠷᠭᠡ᠂ ᠪᠠᠷᠢᠯᠭ᠎ᠠ ᠶᠢᠨ ᠲᠡᠷᠭᠡ ᠨᠠᠭᠠᠰᠢ ᠴᠠᠭᠠᠰᠢ ᠰᠦᠯᠵᠢᠯᠳᠦᠵᠦ᠂ ᠠᠵᠢᠯᠴᠢᠳ ᠶᠠᠭᠠᠷᠠᠯᠲᠠᠢ ᠠᠵᠢᠯᠯᠠᠨ᠂ ᠭᠠᠩᠨᠠᠨ ᠵᠠᠯᠭᠠᠬᠤ᠂ ᠬᠡᠷᠴᠢᠬᠦ ᠳᠠᠭᠤᠨ ᠠᠳᠡ ᠲᠡᠨᠳᠡ ᠦᠭᠡᠢ ᠰᠣᠨᠣᠰᠳᠠᠨ᠎ᠠ᠃ ᠠᠭᠤᠷ ᠠᠮᠢᠰᠬᠤᠯ ᠬᠡᠳᠦᠶᠢᠪᠡᠷ ᠬᠠᠬᠢᠷ ᠬᠦᠢᠲᠡᠨ ᠪᠤᠯᠪᠠᠴᠤ ᠪᠦᠲᠦᠭᠡᠨ ᠪᠠᠶᠢᠭᠤᠯᠤᠭᠴᠢᠳ ᠴᠠᠭ ᠮᠥᠴᠡ ᠲᠠᠢ ᠤᠷᠤᠯᠳᠤᠠ ᠠᠵᠢᠯᠯᠠᠵᠠᠭᠠᠵᠤ ᠪᠠᠶᠢᠯ᠎ᠠ᠃      ᠨᠦᠭᠡᠨ ᠵᠠᠮ ᠤᠨ ᠬᠠᠮᠤᠭ ᠤᠨ ᠭᠦᠨ ᠬᠡᠰᠡᠭ ᠲᠤ᠂ ᠰᠤᠷᠪᠤᠯᠵᠢᠯᠠᠬᠴᠢ ᠲᠣᠮᠣ ᠭᠡᠯᠪᠡᠷᠢ ᠶᠢᠨ ᠪᠸᠲ᠋ᠤᠨ ᠤ ᠰᠦᠷᠴᠢᠭᠦᠷ ᠮᠠᠰᠢᠨ ᠪᠠᠷᠢᠯᠭ᠎ᠠ ᠶᠢᠨ ᠠᠵᠢᠯᠲᠠᠳ ᠤᠨ ᠡᠵᠡᠮᠳᠡᠯ ᠳᠣᠣᠷ᠎ᠠ᠂ ︽ᠭᠠᠷ︾ ᠢᠶᠠᠨ ᠬᠤᠷᠤᠶᠢᠯᠠᠵᠤ᠂ 6.9 ᠮᠸᠲᠷ ᠥᠷᠭᠡᠨ 7.65 ᠮᠸᠲᠷ ᠥᠨᠳᠥᠷ ᠨᠦᠭᠡᠨ ᠳᠣᠲᠣᠷ᠎ᠠ ᠠᠵᠢᠯᠯᠠᠵᠤ ᠪᠠᠶᠢᠬᠤ ᠶᠢ ᠣᠯᠵᠤ ᠬᠠᠷᠠᠪᠠ᠃ ᠪᠸᠲ᠋ᠤᠨ  ᠨᠢ ᠨᠦᠭᠡᠨ ᠵᠠᠮ ᠤᠨ ᠬᠠᠨ᠎ᠠ ᠳᠤ ᠵᠢᠭᠳᠡ ᠪᠠᠷ ᠰᠦᠷᠴᠢᠭᠳᠡᠵᠦ᠂ ᠵᠤᠤᠪᠠᠩ ᠭᠡᠯᠪᠡᠷᠢ ᠶᠢᠨ ᠨᠦᠭᠡᠨ ᠵᠠᠮ ᠤᠨ ᠬᠠᠨ᠎ᠠ  ᠨᠢ ᠠᠭᠠᠵᠢᠮ ᠢᠶᠠᠷ ᠭᠢᠯᠦᠭᠡᠷ ᠪᠣᠯᠪᠠ᠃ ︽ᠨᠦᠭᠡᠨ ᠵᠠᠮ ᠤᠨ ᠪᠠᠷᠢᠯᠭ᠎ᠠ ᠶᠢᠨ ᠠᠬᠢᠴᠠ ᠶᠢ ᠲᠦᠷᠭᠡᠳᠬᠡᠬᠦ ᠶᠢᠨ ᠲᠥᠯᠥᠭᠡ᠂ ᠡᠭᠡᠯᠵᠢᠯᠡᠨ ᠠᠵᠢᠯᠯᠠᠬᠤ ᠳᠦᠷᠢᠮ ᠢ ᠬᠡᠷᠡᠭᠵᠢᠭᠦᠯᠵᠦ᠂ ᠲᠥᠬᠦᠭᠡᠷᠦᠮᠵᠢ ᠵᠣᠬᠰᠣᠬᠤ ᠦᠭᠡᠢ 24 ᠴᠠᠭ ᠲᠠᠰᠤᠯᠳᠠᠭᠤᠯᠤᠯ ᠦᠭᠡᠢ ᠠᠵᠢᠯᠯᠠᠵᠤ᠂ ᠪᠦᠲᠦᠭᠡᠨ ᠪᠠᠶᠢᠭᠤᠯᠤᠭᠴᠢᠳ ᠭᠠᠷᠬᠤ ᠠᠮᠠ ᠶᠢᠨ ᠬᠡᠰᠡᠭ ᠪᠠ 2 ᠵᠢᠰᠢᠭᠦᠦ ᠬᠤᠳᠳᠤᠭ᠂ 5 ᠠᠵᠢᠯᠯᠠᠬᠤ ᠲᠠᠯᠠᠪᠠᠶ ᠶᠢ ᠮᠠᠯᠲᠠᠨ ᠣᠷᠣᠭᠤᠯᠬᠤ ᠵᠠᠭᠪᠤᠷ ᠢ ᠬᠡᠷᠡᠭᠯᠡᠵᠦ᠂ ᠣᠶᠢᠷ᠎ᠠ ᠶᠢᠨ ᠬᠡᠳᠦᠨ ᠰᠠᠷ᠎ᠠ᠂ ᠰᠠᠷ᠎ᠠ ᠪᠦᠷᠢ ᠶᠢᠨ ᠠᠬᠢᠴᠠ 460 ᠮᠧᠲᠷ ᠠᠴᠠ 500 ᠮᠧᠲᠷ ᠲᠤ ᠬᠦᠷᠴᠦ ᠪᠠᠶᠢᠨ᠎ᠠ︾ ᠭᠡᠵᠦ ᠳᠤᠰ ᠪᠠᠷᠢᠯᠭ᠎ᠠ ᠶᠢᠨ ᠬᠠᠷᠢᠭᠤᠴᠠᠯᠭᠠᠲᠠᠨ ᠬᠡᠯᠡᠪᠡ᠃      ᠡᠪᠦᠯ ᠤᠨ ᠤᠯᠠᠷᠢᠯ ᠳᠤ᠂ ᠳᠤᠯᠠᠭᠠᠨ ᠤ ᠬᠡᠮᠵᠢᠶ᠎ᠡ ᠪᠠᠷᠢᠯᠭ᠎ᠠ ᠶᠢᠨ ᠶᠠᠰᠤ ᠴᠢᠨᠠᠷ ᠲᠤ ᠴᠢᠩᠭ᠎ᠠ ᠱᠠᠭᠠᠷᠳᠠᠯᠭ᠎ᠠ ᠲᠠᠢ ᠪᠠᠶᠢᠳᠠᠭ᠃ ᠬᠠᠬᠢᠷ ᠬᠦᠢᠲᠡᠨ ᠴᠠᠭ ᠠᠭᠤᠷ ᠤᠨ ᠡᠮᠦᠨ᠎ᠡ᠂ ᠲᠥᠷᠥᠯ ᠵᠦᠢᠯ ᠤᠨ ᠬᠡᠯᠲᠡᠰ ᠣᠯᠠᠨ ᠵᠦᠢᠯ ᠤᠨ ᠠᠷᠭ᠎ᠠ ᠬᠡᠮᠵᠢᠶ᠎ᠡ ᠠᠪᠴᠠᠢ᠃ ᠠᠭᠤᠢ ᠳᠣᠲᠣᠷᠠᠬᠢ ᠤᠰᠤ ᠬᠠᠩᠭᠠᠬᠤ ᠵᠢᠴᠢ ᠠᠭᠤᠢ ᠶᠢᠨ ᠭᠠᠳᠠᠨᠠᠬᠢ ᠤᠰᠤ ᠭᠠᠳᠠᠭᠰᠢᠯᠠᠭᠤᠯᠬᠤ ᠬᠤᠭᠤᠯᠠᠢ ᠬᠥᠯᠳᠡᠬᠦ ᠠᠴᠠ ᠰᠡᠷᠭᠡᠶᠢᠯᠡᠬᠦ ᠶᠢᠨ ᠲᠥᠯᠥᠭᠡ᠂ ᠲᠡᠳᠡ ᠪᠣᠳᠠᠲᠤ ᠪᠠᠶᠢᠳᠠᠯ ᠢᠶᠠᠨ ᠦᠨᠳᠦᠰᠦᠯᠡᠨ ᠤᠰᠤ ᠬᠠᠩᠭᠠᠬᠤ ᠤᠰᠤ ᠵᠠᠯᠠᠬᠤ ᠬᠤᠭᠤᠯᠠᠢ ᠶᠢ ᠬᠥᠪᠥᠩ ᠢᠶᠠᠷ ᠪᠠᠭᠯᠠᠨ᠂ ᠤᠰᠤᠨ ᠬᠤᠭᠤᠯᠠᠢ ᠬᠥᠯᠳᠡᠵᠦ ᠤᠰᠤ ᠭᠠᠳᠠᠭᠰᠢᠯᠠᠭᠤᠯᠬᠤ ᠶᠢ ᠨᠥᠯᠥᠭᠡᠯᠡᠬᠦ ᠠᠴᠠ ᠰᠡᠷᠭᠡᠶᠢᠯᠡᠬᠦ ᠶᠢᠨ ᠬᠠᠮᠲᠤ ᠪᠠᠷᠢᠯᠭ᠎ᠠ ᠶᠢᠨ ᠠᠭᠠᠷ ᠤᠨ ᠳᠤᠯᠠᠭᠠᠨ ᠢ ᠪᠠᠲᠤᠯᠠᠬᠤ ᠶᠢᠨ ᠲᠥᠯᠥᠭᠡ᠂ ᠨᠦᠭᠡᠨ ᠵᠠᠮ ᠤᠨ ᠭᠠᠷᠬᠤ ᠭᠠᠵᠠᠷ ᠲᠤ ᠳᠤᠯᠠᠭᠠᠨ ᠢ ᠬᠠᠮᠠᠭᠠᠯᠠᠬᠤ ᠰᠠᠷᠠᠪᠴᠢ ᠨᠡᠮᠡᠵᠦ ᠪᠠᠶᠢᠭᠤᠯᠤᠨ᠂ ᠬᠥᠪᠥᠩ ᠬᠥᠰᠢᠭᠡ ᠪᠣᠰᠬᠠᠨ᠂ ᠨᠦᠭᠡᠨ ᠳᠣᠲᠣᠷ᠎ᠠ ᠳᠤᠯᠠᠭᠠᠨ ᠢ ᠬᠠᠮᠠᠭᠠᠯᠠᠬᠤ ᠶᠡᠭᠡ ᠫᠤᠤ ᠪᠠ ᠭᠦᠸᠧᠯᠦ ᠵᠡᠷᠭᠡ ᠶᠢ ᠨᠡᠮᠡᠵᠦ ᠪᠠᠶᠢᠭᠤᠯᠤᠨ᠂ ᠳᠤᠯᠠᠭᠠᠨ ᠢ ᠨᠡᠮᠡᠭᠳᠡᠭᠦᠯᠬᠦ ᠠᠷᠭ᠎ᠠ ᠬᠡᠮᠵᠢᠶ᠎ᠡ ᠠᠪᠴᠤ᠂ ᠨᠦᠭᠡᠨ ᠵᠠᠮ ᠤᠨ ᠳᠤᠮᠳᠠᠴᠢ ᠳᠤᠯᠠᠭᠠᠨ ᠤ ᠬᠡᠮᠵᠢᠶ᠎ᠡ ᠶᠢ 18°C ᠠᠴᠠ ᠳᠡᠭᠡᠭᠰᠢ ᠪᠠᠶᠢᠯᠭᠠᠬᠤ ᠶᠢ ᠦᠨᠡᠨ ᠬᠦ ᠪᠠᠲᠤᠯᠠᠵᠤ᠂ ᠪᠠᠷᠢᠯᠭ᠎ᠠ ᠶᠢᠨ ᠬᠡᠪ ᠤᠨ ᠪᠠᠶᠢᠳᠠᠯ ᠢᠶᠠᠷ ᠶᠠᠪᠤᠭᠳᠠᠬᠤ ᠳᠤ ᠰᠠᠭᠤᠷᠢ ᠲᠠᠯᠪᠢᠵᠤ ᠥᠭᠴᠡᠢ᠃      ᠬᠢᠷᠢ ᠲᠡᠩᠴᠡᠭᠰᠡᠨ ᠪᠸᠲ᠋ᠤᠨ ᠪᠣᠯ ᠴᠢᠨᠠᠷ ᠰᠠᠶᠢᠲᠠᠢ ᠢᠨᠵᠧᠨᠧᠷᠢᠩ ᠢ ᠪᠠᠶᠢᠭᠤᠯᠬᠤ ᠶᠢᠨ ᠴᠢᠬᠤᠯᠠ ᠰᠠᠭᠤᠷᠢ ᠮᠥᠨ᠃ ᠲᠥᠷᠥᠯ ᠵᠦᠢᠯ ᠤᠨ ᠬᠡᠯᠲᠡᠰ ᠪᠧᠲ᠋ᠤᠨ ᠤ ᠦᠢᠯᠡᠳᠪᠦᠷᠢᠯᠡᠯ ᠤᠨ ᠶᠠᠰᠤ ᠴᠢᠨᠠᠷ ᠤᠨ ᠪᠠᠲᠤᠯᠠᠭ᠎ᠠ ᠶᠢ ᠴᠢᠩᠭᠠᠳᠬᠠᠵᠤ᠂ ᠵᠢᠭᠤᠷᠠᠬᠤ ᠥᠷᠲᠡᠭᠡ ᠶᠢᠨ ᠭᠤᠣᠯ ᠮᠠᠰᠢᠨ ᠵᠢᠴᠢ ᠮᠠᠲ᠋ᠧᠷᠢᠶᠠᠯ ᠭᠠᠷᠭᠠᠬᠤ ᠠᠮᠠᠰᠠᠷ ᠢ ᠪᠦᠭᠦᠨ ᠢ ᠪᠢᠲᠡᠭᠦᠮᠵᠢᠯᠡᠨ ᠳᠤᠯᠠᠭᠠᠨ ᠢ ᠬᠠᠮᠠᠭᠠᠯᠠᠵᠤ᠂ ᠴᠠᠭ ᠠᠭᠤᠷ ᠤᠨ ᠳᠤᠯᠠᠭᠠᠨ ᠤ ᠬᠡᠮᠵᠢᠶ᠎ᠡ ᠶᠢᠨ ᠬᠤᠪᠢᠷᠠᠯᠲᠠ ᠶᠢ ᠦᠨᠳᠦᠰᠦᠯᠡᠨ᠂ ᠵᠢᠭᠤᠷᠠᠬᠤ ᠪᠠ ᠤᠰᠤᠨ ᠤ ᠳᠤᠯᠠᠭᠠᠨ ᠤ ᠬᠡᠮᠵᠢᠶ᠎ᠡ ᠶᠢ ᠬᠥᠳᠡᠯᠦᠩᠭᠦᠢ ᠪᠠᠷ ᠲᠣᠬᠢᠷᠠᠭᠤᠯᠵᠤ᠂ ᠪᠧᠲ᠋ᠤᠨ ᠤ ᠮᠠᠰᠢᠨ ᠠᠴᠠ ᠭᠠᠷᠬᠤ ᠳᠤᠯᠠᠭᠠᠨ ᠤ ᠬᠡᠮᠵᠢᠶ᠎ᠡ ᠶᠢ 10°C ᠠᠴᠠ ᠳᠣᠣᠷ᠎ᠠ ᠪᠠᠶᠢᠯᠭᠠᠬᠤ ᠦᠭᠡᠢ ᠶᠢ ᠪᠠᠲᠤᠯᠠᠵᠤ᠂ ᠱᠠᠭᠠᠷᠳᠠᠯᠭ᠎ᠠ ᠶᠣᠰᠣᠭᠠᠷ ᠬᠡᠢ ᠲᠠᠲᠠᠬᠤ ᠡᠳ᠋ ᠪᠠ ᠲᠦᠷᠭᠡᠨ ᠴᠠᠷᠴᠠᠭᠠᠬᠤ ᠡᠳ᠋ ᠢ ᠨᠡᠮᠡᠭᠰᠡᠨ ᠪᠠᠶᠢᠨ᠎ᠠ᠃ ᠲᠡᠭᠡᠭᠡᠪᠦᠷᠢᠯᠡᠬᠦ ᠶᠠᠪᠤᠴᠠ ᠳᠤ᠂ ᠲᠡᠭᠡᠭᠡᠪᠦᠷᠢ ᠶᠢᠨ ᠲᠡᠷᠭᠡᠨ ᠳᠡᠭᠡᠷ᠎ᠡ ᠳᠤᠯᠠᠭᠠᠨ ᠢ ᠬᠠᠮᠠᠭᠠᠯᠠᠬᠤ ᠮᠠᠲ᠋ᠧᠷᠢᠶᠠᠯ ᠬᠤᠴᠢᠵᠤ᠂ ᠪᠸᠲ᠋ᠤᠨ ᠤ ᠬᠡᠪ ᠲᠤ ᠣᠷᠣᠭᠤᠯᠬᠤ ᠳᠤᠯᠠᠭᠠᠨ ᠤ ᠬᠡᠮᠵᠢᠶ᠎ᠡ ᠶᠢ 5 °C ᠠᠴᠠ ᠳᠡᠭᠡᠭᠰᠢ ᠪᠠᠶᠢᠬᠤ ᠶᠢ ᠪᠠᠲᠤᠯᠠᠪᠠ᠃      ᠠᠯᠠᠱᠠ ᠠᠭᠤᠯᠠ ᠶᠢᠨ ᠨᠦᠭᠡᠨ ᠵᠠᠮ ᠤᠨ ᠪᠦᠭᠦ ᠣᠷᠳᠣ 8812 ᠮᠧᠲᠷ ᠪᠠᠶᠢᠵᠤ᠂ ᠲᠠᠩ ᠱᠤᠭᠤᠮ ᠤᠨ ᠨᠦᠭᠡᠨ ᠵᠠᠮ ᠪᠤᠯᠬᠤ ᠪᠥᠭᠡᠳ ᠪᠠᠰᠠ ᠠᠯᠠᠱᠠ ᠠᠭᠤᠯᠠ ᠶᠢ ᠳᠤᠭᠤᠯᠤᠬᠰᠠᠨ ᠠᠩᠬᠠᠳᠠᠭᠴᠢ ᠲᠡᠮᠦᠷ ᠵᠠᠮ ᠤᠨ ᠨᠦᠭᠡᠨ ᠵᠠᠮ ᠪᠣᠯᠣᠨ᠎ᠠ᠂ ᠪᠠᠷᠢᠯᠭ᠎ᠠ ᠶᠢᠨ ᠠᠵᠢᠯ ᠤᠨ ᠬᠦᠴᠢᠷᠳᠡᠯ ᠶᠡᠭᠡ᠂ ᠪᠦᠭᠦ ᠱᠤᠭᠤᠮ ᠤᠨ ᠭᠤᠣᠯᠳᠠᠯᠭ᠎ᠠ ᠲᠠᠢ ᠡᠵᠡᠮᠳᠡᠯ ᠤᠨ ᠴᠢᠨᠠᠷᠲᠠᠢ ᠪᠠᠷᠢᠯᠭ᠎ᠠ ᠪᠣᠯᠣᠨ᠎ᠠ᠃ ᠳᠤᠮᠳᠠᠳᠤ ᠤᠯᠤᠰ ᠤᠨ ᠲᠡᠮᠦᠷ ᠵᠠᠮ ᠤᠨ ᠠᠷᠪᠠᠨ ᠲᠠᠪᠤᠳᠤᠭᠠᠷ ᠲᠣᠪᠴᠢᠶ᠎ᠠ ᠠᠴᠠ ᠳᠠᠭᠠᠭᠠᠴᠢᠯᠠᠨ ᠪᠠᠶᠢᠭᠤᠯᠤᠭᠰᠠᠨ ᠢᠷᠭᠠᠢ ᠠᠴᠠ ᠪᠠᠶᠠᠨᠬᠤᠲᠠ ᠬᠦᠷᠬᠦ ᠲᠦᠷᠭᠡᠨ ᠤ ᠲᠡᠮᠦᠷ ᠵᠠᠮ ᠤᠨ ᠠᠯᠠᠱᠠ ᠠᠭᠤᠯᠠ ᠶᠢᠨ ᠥᠪᠥᠷ ᠮᠣᠩᠭᠤᠯ ᠳᠠᠬᠢ ᠬᠡᠰᠡᠭ ᠤᠨ ᠣᠷᠳᠣ ᠨᠢ 7575 ᠮᠧᠲᠷ ᠪᠠᠶᠢᠵᠤ᠂ ᠠᠯᠠᠱᠠ ᠠᠶᠢᠮᠠᠭ ᠤᠨ ᠬᠢᠯᠢ ᠳᠤ ᠪᠠᠶᠢᠷᠢᠯᠠᠵᠤ ᠪᠤᠶ᠃ 2022 ᠣᠨ ᠤ 9 ᠰᠠᠷ᠎ᠠ ᠳᠤ᠂ ᠪᠦᠭᠦ ᠱᠤᠭᠤᠮ ᠢᠶᠠᠷ ᠪᠠᠷᠢᠯᠭ᠎ᠠ ᠡᠬᠢᠯᠡᠭᠦᠯᠵᠦ᠂ ᠣᠳᠣᠬᠠᠨ ᠪᠤᠯᠲᠠᠯ᠎ᠠ᠂ ᠠᠯᠠᠱᠠ ᠠᠭᠤᠯᠠ ᠶᠢᠨ ᠨᠦᠭᠡᠨ ᠵᠠᠮ ᠢ ᠨᠡᠶᠢᠲᠡ 3766.7 ᠮᠸᠲᠷ ᠮᠠᠯᠲᠠᠵᠤ ᠲᠤᠯᠭᠠᠭᠤᠷᠢᠯᠠᠨ ᠬᠠᠮᠠᠭᠠᠯᠠᠵᠤ᠂ ᠨᠦᠭᠡᠨ ᠵᠠᠮ ᠤᠨ ᠪᠠᠷᠢᠯᠭ᠎ᠠ ᠶᠢᠨ 49.7% ᠶᠢ ᠪᠡᠶᠡᠯᠡᠭᠦᠯᠪᠡ᠃      ᠪᠤᠭᠤᠲᠤ ᠠᠴᠠ ᠢᠷᠭᠠᠢ ᠬᠦᠷᠬᠦ ᠲᠦᠷᠭᠡᠨ ᠤ ᠲᠡᠮᠦᠷ ᠵᠠᠮ ᠤᠨ ᠢᠷᠭᠠᠢ ᠠᠴᠠ ᠪᠠᠶᠠᠨᠬᠤᠲᠠ ᠬᠦᠷᠬᠦ ᠰᠠᠯᠪᠤᠷᠢ ᠱᠤᠭᠤᠮ ᠪᠣᠯ ᠮᠠᠨ ᠤ ᠤᠯᠤᠰ ᠤᠨ ︽ᠨᠠᠢᠮᠠᠨ ᠭᠤᠯᠳᠤ ᠨᠠᠢᠮᠠᠨ ᠬᠥᠨᠳᠡᠯᠡᠨ︾ ᠲᠡᠮᠦᠷ ᠵᠠᠮ ᠤᠨ ᠲᠣᠣᠷ ᠤᠨ ᠪᠡᠭᠡᠵᠢᠩ ᠠᠴᠠ ᠯᠠᠨᠵᠧᠦ ᠬᠦᠷᠬᠦ ᠵᠠᠮ ᠤᠨ ᠴᠢᠬᠤᠯᠠ ᠪᠦᠷᠢᠯᠳᠦᠭᠦᠨ ᠬᠡᠰᠡᠭ ᠪᠣᠯᠣᠨ᠎ᠠ᠂ ᠮᠠᠨ ᠤ ᠣᠷᠣᠨ ᠤ ᠪᠠᠷᠠᠭᠤᠨ ᠴᠢᠭᠯᠡᠯ ᠤᠨ ᠣᠷᠣᠨ ᠠᠴᠠ ᠭᠠᠷᠬᠤ ᠴᠢᠬᠤᠯᠠ ᠲᠦᠷᠭᠡᠨ ᠪᠥᠭᠡᠳ ᠳᠥᠭᠦᠮ ᠳᠥᠲᠡ ᠶᠡᠭᠡ ᠵᠠᠮ ᠪᠣᠯᠣᠨ᠎ᠠ᠂ ᠪᠦᠭᠦ ᠱᠤᠭᠤᠮ ᠤᠨ ᠣᠷᠳᠣ115 ᠺᠢᠯᠣᠮᠧᠲᠷ᠂ ᠥᠪᠥᠷ ᠮᠣᠩᠭᠤᠯ ᠤᠨ ᠬᠡᠰᠡᠭ᠂ ᠨᠢᠩᠰᠢᠶᠠ ᠶᠢᠨ ᠬᠡᠰᠡᠭ ᠭᠡᠵᠦ ᠬᠤᠶᠠᠷ ᠬᠡᠰᠡᠭ ᠬᠤᠪᠢᠶᠠᠨ ᠵᠡᠷᠭᠡ ᠪᠠᠷ ᠪᠦᠲᠦᠭᠡᠨ ᠪᠠᠶᠢᠭᠤᠯᠪᠠ᠂ᠡᠭᠦᠨ ᠳᠤ ᠥᠪᠥᠷ ᠮᠣᠩᠭᠤᠯ ᠤᠨ ᠬᠡᠰᠡᠭ ᠤᠨ ᠪᠦᠭᠦ ᠣᠷᠳᠣ  ᠨᠢ 74.36 ᠺᠢᠯᠣᠮᠧᠲᠷ ᠪᠣᠯᠣᠨ᠎ᠠ᠃ ᠰᠤᠷᠪᠤᠯᠵᠢᠯᠠᠬᠴᠢ ᠠᠶᠢᠮᠠᠭ ᠤᠨ ᠬᠥᠭᠵᠢᠭᠦᠯᠦᠯᠲᠡ ᠥᠭᠡᠷᠡᠴᠢᠯᠡᠯᠲᠡ ᠶᠢᠨ ᠵᠥᠪᠯᠡᠯ ᠠᠴᠠ ᠣᠶᠢᠯᠠᠭᠠᠭᠰᠠᠨ ᠢᠶᠠᠷ᠂ ᠣᠳᠣᠬᠠᠨ ᠪᠤᠯᠲᠠᠯ᠎ᠠ᠂ ᠪᠤᠭᠤᠲᠤ ᠠᠴᠠ ᠢᠷᠭᠠᠢ ᠬᠦᠷᠬᠦ ᠲᠦᠷᠭᠡᠨ ᠤ ᠲᠡᠮᠦᠷ ᠵᠠᠮ ᠤᠨ ᠢᠷᠭᠠᠢ ᠠᠴᠠ ᠪᠠᠶᠠᠨᠬᠤᠲᠠ ᠬᠦᠷᠬᠦ ᠰᠠᠯᠪᠤᠷᠢ ᠱᠤᠭᠤᠮ ᠤᠨ ᠲᠥᠷᠥᠯ ᠵᠦᠢᠯ ᠤᠨ ᠵᠠᠮ ᠤᠨ ᠰᠠᠭᠤᠷᠢ ᠴᠢᠯᠠᠭᠤ ᠶᠢᠨ ᠪᠠᠷᠢᠯᠭ᠎ᠠ ᠶᠢᠨ 96% ᠶᠢ ᠨᠢᠭᠡᠨᠲᠡ ᠪᠡᠶᠡᠯᠡᠭᠦᠯᠵᠡᠶ᠂ ᠳᠠᠭᠠᠭᠠᠴᠢᠯᠠᠨ ᠪᠠᠶᠢᠭᠤᠯᠬᠤ ᠪᠠᠷᠢᠯᠭ᠎ᠠ ᠶᠢᠨ 98% ᠶᠢ ᠪᠡᠶᠡᠯᠡᠭᠦᠯᠪᠡ᠂ ᠭᠦᠭᠦᠷᠭᠡ ᠶᠢᠨ ᠪᠠᠭᠠᠨ᠎ᠠ ᠶᠢᠨ ᠰᠠᠭᠤᠷᠢ ᠶᠢᠨ ᠪᠦᠲᠦᠭᠡᠨ ᠪᠠᠶᠢᠭᠤᠯᠤᠯᠲᠠ ᠶᠢ ᠪᠡᠶᠡᠯᠡᠭᠦᠯᠦᠭᠰᠡᠨ ᠬᠡᠮᠵᠢᠶ᠎ᠡ ᠨᠢ 98% ᠳᠤ ᠬᠦᠷᠴᠦ᠂ ᠠᠵᠢᠯ ᠡᠬᠢᠯᠡᠭᠦᠯᠦᠭᠰᠡᠨ ᠠᠴᠠ ᠨᠠᠭᠠᠰᠢ᠂ 137939 ᠲᠦᠮᠡᠨ ᠲᠥᠭᠦᠷᠢᠭ ᠤᠨ ᠪᠡᠯᠡ ᠣᠷᠣᠭᠤᠯᠤᠯᠲᠠ ᠶᠢ ᠪᠡᠶᠡᠯᠡᠭᠦᠯᠦᠭᠰᠡᠨ ᠪᠠᠶᠢᠨ᠎ᠠ᠃            
 
ᠢᠷᠡᠯᠲᠡ᠄ ᠠᠯᠠᠱᠠ ᠶᠢᠨ ᠡᠳᠦᠷ ᠤᠨ ᠰᠣᠨᠢᠨ᠂ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号