| ᠰᠡᠴᠡᠨ | ︽ᠭᠡᠨᠡᠳᠲᠡ ᠶᠢᠨ ᠬᠠᠯᠳᠠᠪᠤᠷᠢᠳᠤ ᠬᠢᠵᠢᠭ ᠲᠤ ᠲᠠᠭᠠᠷᠢᠬᠳᠠᠵᠦ᠂ ᠬᠡᠳᠦᠨ ᠡᠳᠦᠷ ᠶᠠᠰᠤ ᠦᠰᠦ ᠡᠪᠡᠳᠦᠨ | ᠶᠣᠰᠣᠲᠠᠢ ᠯᠠ ᠡᠷᠭᠢᠭᠡᠳ ᠰᠢᠨ᠎ᠡ ᠲᠢᠲᠢᠮᠯᠢᠭ ᠠᠭᠤᠰᠬᠢᠨ ᠦᠷᠪᠢᠰᠦᠯ ᠳᠤ ᠬᠠᠯᠳᠠᠪᠤᠷᠢᠯᠠᠭᠰᠠᠨ ᠤᠤ ᠭᠡᠮᠡᠷ ᠵᠤᠪᠠᠯᠠᠩ | ᠪᠣᠯᠣᠯ᠎ᠠ᠃ ᠳᠥᠷᠪᠡ ᠲᠠᠪᠤᠨ ᠡᠳᠦᠷ ᠡᠮ ᠶᠡᠭᠦᠯᠡᠵᠦ᠂ ᠵᠡᠭᠦᠦ ᠴᠣᠬᠢᠬᠤ ᠶᠢᠨ ᠰᠠᠶᠢᠨ ᠢᠶᠠᠷ ᠬᠠᠯᠳᠠᠪᠤᠷᠢᠳᠦ | ᠬᠢᠵᠢᠭ ᠠᠴᠠ ᠰᠠᠯᠤᠮᠠᠷ ᠪᠤᠯᠬᠤ ᠳᠤ ᠤᠤᠯ ᠠᠴᠠ ᠪᠠᠨ ᠠᠭᠤᠰᠬᠢ ᠮᠠᠭᠤ ᠬᠥᠮᠥᠨ ᠴᠢᠨᠢ ᠬᠠᠨᠢᠶᠠᠳᠤᠨ ᠳᠤ | ᠪᠠᠷᠢᠭᠳᠠᠴᠢᠬᠠᠯᠠ᠃ ᠨᠠᠶᠢᠵᠠ ᠨᠤᠭᠤᠳ ︿ᠡᠯᠵᠢᠭᠡᠨ ᠬᠠᠨᠢᠶᠠᠳᠤ ᠪᠣᠯᠴᠢᠬᠠᠭᠰᠠᠨ ᠪᠠᠶᠢᠭ᠎ᠠ ᠪᠢᠰᠢ ᠪᠢᠵᠡ᠃ ᠣᠴᠢᠵᠤ | ᠡᠯᠵᠢᠭᠡᠨ ᠰᠦ ᠠᠪᠴᠤ ᠤᠤᠭᠤ﹀ ᠭᠡᠵᠦ ᠰᠠᠨᠠᠭᠤᠯᠤᠭᠰᠠᠨ ᠢᠶᠠᠷ ᠡᠯᠵᠢᠭᠡᠨ ᠰᠦ ᠬᠠᠶᠢᠵᠤ ᠬᠠᠨᠢᠶᠠᠳᠤ ᠪᠠᠨ ᠵᠠᠰᠠᠬᠤ | ᠠᠷᠭ᠎ᠠ ᠡᠷᠢᠭᠰᠡᠨ ᠶᠤᠮ᠃ ᠳᠡᠭᠡᠭᠰᠡᠨ ᠴᠢᠨᠢ ᠡᠯᠵᠢᠭᠡᠨ ᠰᠦ ᠶᠡᠭᠡ ᠬᠡᠷᠡᠭ ᠲᠤ ᠭᠦᠷᠳᠡᠭ ᠶᠤᠮ ᠪᠠᠶᠢᠨ᠎ᠠ︾ ᠭᠡᠵᠦ | ᠰᠠᠶ᠋ᠢᠬᠠᠨ ᠬᠦᠨᠳᠦ ᠨᠣᠴᠢᠲᠠᠢ ᠬᠠᠯᠳᠠᠪᠤᠷᠢᠳᠦ ᠬᠢᠵᠢᠭ ᠲᠤ ᠲᠠᠭᠠᠷᠢᠬᠳᠠᠨ ᠬᠤᠷᠢ ᠭᠠᠷᠤᠢ ᠡᠳᠦᠷ ᠡᠪᠡᠳᠴᠢᠨ | ᠵᠤᠪᠠᠯᠠᠩ ᠳᠤ ᠤᠶᠠᠭᠳᠠᠭᠰᠠᠨ ᠤᠶᠠᠩᠭ᠎ᠠ ᠡᠯᠵᠢᠭᠡᠨ ᠰᠦ ᠶᠢᠨ ᠲᠤᠬᠠᠢ ᠶᠡᠭᠡ ᠰᠣᠨᠢᠭᠤᠴᠢᠯᠠᠵᠤ ᠶᠠᠷᠢᠨ᠎ᠠ᠃ | ᠶᠡᠷᠦᠨᠢ ᠪᠢᠳᠠ ᠴᠠᠬᠢᠮ ᠮᠡᠳᠡᠭᠡ ᠠᠴᠠ ᠡᠯᠵᠢᠭᠡᠨ ᠰᠦ ᠨᠢ ᠬᠥᠮᠥᠨ ᠤ ᠪᠡᠶ᠎ᠡ ᠶᠢᠨ ᠲᠠᠷᠬᠠᠯᠠᠭ᠎ᠠ ᠶᠢ | ᠰᠠᠶᠢᠵᠢᠷᠠᠭᠤᠯᠵᠤ᠂ ᠲᠠᠪᠤᠨ ᠴᠤᠯᠤ ᠶᠢ ᠬᠠᠮᠠᠭᠠᠯᠠᠬᠤ ᠦᠢᠯᠡᠳᠦᠯ ᠲᠠᠢ᠃ ᠠᠭᠤᠰᠬᠢᠨ ᠤ ᠰᠦᠷᠢᠶ᠎ᠡ ᠡᠪᠡᠳᠴᠢᠨ᠂ | ᠠᠭᠰᠠᠭ᠎ᠠ᠂ ᠬᠤᠳᠣᠭᠤᠳᠤᠨ ᠦᠷᠪᠢᠰᠦᠯ ᠵᠡᠷᠭᠡ ᠡᠪᠡᠳᠴᠢᠨ ᠢ ᠡᠮᠨᠡᠬᠦ ᠳᠤ ᠡᠮᠴᠢᠯᠡᠭᠡᠨ ᠤ ᠢᠳᠡᠪᠬᠢ ᠦᠢᠯᠡᠳᠦᠯ ᠲᠠᠢ | ᠪᠥᠭᠡᠳ ᠬᠠᠴᠠᠷ ᠨᠢᠭᠤᠷ ᠴᠠᠶᠢᠷᠠᠭᠤᠯᠬᠤ᠂ ᠠᠷᠠᠰᠤ ᠮᠢᠬ᠎ᠠ ᠶᠢ ᠲᠥᠯᠵᠢᠭᠦᠯᠬᠦ ᠦᠢᠯᠡᠳᠦᠯ ᠲᠠᠢ ᠭᠡᠵᠦ ᠰᠣᠨᠣᠰᠤᠭᠰᠠᠭᠠᠷ | ᠢᠷᠡᠭᠰᠡᠨ᠃ ᠠᠯᠳᠠᠨ ᠮᠣᠩᠭᠤᠯ ᠡᠮᠨᠡᠯᠭᠡ ᠶᠢᠨ ᠲᠤᠰᠬᠠᠢ ᠮᠡᠷᠭᠡᠵᠢᠯ ᠤᠨ ᠡᠮᠨᠡᠯᠭᠡ ᠶᠢᠨ ᠬᠤᠷᠢᠶᠠᠨ ᠤ ᠳᠠᠷᠤᠭ᠎ᠠ | ᠠᠯᠲᠠᠨᠲᠤᠶᠠᠭ᠎ᠠ ᠡᠷᠭᠢᠯᠡᠭᠴᠢ ᠡᠮᠴᠢ ᠠᠴᠠ ᠡᠯᠵᠢᠭᠡᠨ ᠰᠦ ᠶᠢᠨ ᠦᠢᠯᠡᠳᠦᠯ ᠤᠨ ᠲᠤᠬᠠᠢ ᠠᠰᠠᠭᠤᠬᠤ ᠳᠤ ︽ᠶᠡᠷᠦᠨᠢ | ᠠᠮᠢᠳᠠᠨ ᠤ ᠰᠦ ᠪᠣᠯᠭᠠᠨ ᠨᠢ ᠬᠥᠮᠥᠨ ᠤ ᠳᠣᠲᠣᠷ ᠡᠷᠬᠡᠲᠡᠨ ᠳᠤ ᠰᠢᠮ᠎ᠡ ᠲᠡᠵᠢᠭᠡᠯ ᠥᠭᠴᠦ᠂ ᠠᠭᠤᠰᠬᠢ ᠮᠠᠭᠤ | ᠬᠥᠮᠥᠨ᠂ ᠰᠦᠷᠢᠶ᠎ᠡ ᠡᠪᠡᠳᠴᠢᠨ ᠲᠠᠢ ᠪᠤᠶᠤ ᠠᠭᠰᠠᠭ᠎ᠠ ᠲᠠᠢ ᠬᠥᠮᠥᠨ ᠳᠤ ᠰᠦ ᠶᠡᠭᠡ ᠰᠠᠶᠢᠨ ᠪᠠᠶᠢᠳᠠᠭ᠃ | ᠢᠯᠠᠩᠭᠤᠶ᠎ᠠ ᠡᠯᠵᠢᠭᠡᠨ ᠰᠦ᠂ ᠢᠩᠭᠡᠨ ᠰᠦ ᠨᠢ ᠠᠭᠰᠠᠭ᠎ᠠ ᠡᠪᠡᠳᠴᠢᠨ᠂ ᠬᠠᠨᠢᠶᠠᠳᠤ ᠶᠢ ᠵᠠᠰᠠᠬᠤ ᠲᠠᠯ᠎ᠠ ᠪᠠᠷ | ᠢᠳᠡᠪᠬᠢ ᠦᠢᠯᠡᠳᠦᠯ ᠲᠠᠢ︾ ᠭᠡᠵᠦ ᠶᠠᠷᠢᠯ᠎ᠠ᠃ | ᠡᠯᠵᠢᠭᠡᠨ ᠰᠦ ᠶᠢᠨ ᠬᠠᠨᠢᠶᠠᠳᠤ ᠵᠠᠰᠠᠬᠤ ᠭᠠᠶᠢᠬᠠᠮᠰᠢᠭᠲᠤ ᠦᠢᠯᠡᠳᠦᠯ ᠢ ᠣᠶᠢᠯᠠᠭᠠᠬᠤ ᠡᠭᠦᠳᠡᠨ ᠠᠴᠠ | ᠪᠠᠶᠠᠨᠬᠤᠲᠠ ᠶᠢᠨ ᠲᠡᠭᠦᠷᠭᠡ ᠳᠤ ᠡᠯᠵᠢᠭᠡᠨ ᠰᠦ ᠰᠠᠭᠠᠵᠤ ᠬᠤᠳᠠᠯᠳᠤᠵᠤ ᠪᠠᠶᠢᠭ᠎ᠠ ᠮᠣᠩᠭᠤᠯ ᠪᠦᠰᠡᠭᠦᠢ | ᠵᠢᠮᠢᠰᠤᠩᠬᠤᠸᠠᠷ ᠢ ᠬᠠᠶᠢᠵᠤ ᠣᠴᠢᠯ᠎ᠠ᠃ ᠵᠢᠮᠢᠰᠤᠩᠬᠤᠸᠠᠷ ᠪᠣᠯ ᠠᠯᠠᠱᠠ ᠵᠡᠭᠦᠨ ᠬᠤᠰᠢᠭᠤᠨ ᠤ ᠪᠠᠶᠠᠨᠨᠢᠷᠤᠭᠤᠨ | ᠰᠤᠮᠤᠨ ᠤ ᠲᠣᠯᠢ ᠭᠠᠴᠠᠭᠠᠨ ᠤ ᠬᠥᠮᠥᠨ᠃ ᠲᠡᠳᠡᠨᠡᠶᠢᠬᠢ ᠤᠤᠯ ᠠᠴᠠ ᠪᠠᠨ ᠡᠯᠵᠢᠭᠡ ᠤᠯᠠᠨ ᠲᠠᠢ ᠠᠶᠢᠯ᠃ ᠬᠠᠮᠤᠭ | ᠤᠯᠠᠨ ᠳᠠᠭᠠᠨ 170 ᠭᠠᠷᠤᠢ ᠡᠯᠵᠢᠭᠡ ᠬᠠᠷᠢᠭᠤᠯᠵᠤ ᠪᠠᠶᠢᠵᠠᠢ᠃ ᠨᠢᠳᠤᠨᠤᠨ ᠵᠢᠯ ᠬᠦᠦ ᠨᠢ ᠡᠪᠡᠳᠴᠢᠨ ᠳᠤ | ᠨᠡᠷᠪᠡᠭᠳᠡᠵᠦ᠂ ᠤᠳᠠᠭᠠᠨ ᠬᠤᠭᠤᠴᠠᠭᠠᠨ ᠤ ᠡᠮ ᠤᠤᠭᠤᠭᠰᠠᠨ ᠠᠴᠠ ᠡᠮ ᠤᠨ ᠬᠤᠣᠷᠳᠠᠯ ᠪᠣᠯᠵᠤ ᠡᠮᠴᠢ ᠠᠴᠠ | ᠡᠯᠵᠢᠭᠡᠨ ᠰᠦ ᠬᠤᠣᠷ ᠲᠠᠶᠢᠯᠬᠤ ᠦᠢᠯᠡᠳᠦᠯ ᠲᠠᠢ ᠭᠡᠰᠡᠨ ᠵᠥᠪᠯᠡᠮᠵᠢ ᠣᠯᠣᠭᠠᠳ ᠡᠯᠵᠢᠭᠡ ᠪᠠᠨ ᠰᠠᠭᠠᠵᠤ ᠡᠬᠢᠯᠡᠭᠰᠡᠨ | ᠪᠠᠶᠢᠨ᠎ᠠ᠃ ᠠᠩᠬ᠎ᠠ ᠬᠦᠦ ᠶᠢᠨ ᠢᠶᠠᠨ ᠡᠪᠡᠳᠴᠢᠨ ᠢ ᠵᠠᠰᠠᠬᠤ ᠵᠣᠷᠢᠯᠭ᠎ᠠ ᠲᠠᠢ ᠡᠯᠵᠢᠭᠡ ᠰᠠᠭᠠᠭᠰᠠᠨ ᠪᠣᠯ᠂ ᠰᠡᠭᠦᠯᠡᠷ | ᠨᠢ ᠥᠪᠡᠷ ᠤᠨ ᠪᠡᠶ᠎ᠡ ᠶᠢᠨ ᠤᠳᠠᠭᠠᠨ ᠵᠢᠯ ᠤᠨ ᠠᠭᠰᠠᠭ᠎ᠠ ᠡᠪᠡᠳᠴᠢᠨ ᠢᠶᠠᠨ ᠴᠤ ᠡᠯᠵᠢᠭᠡᠨ ᠰᠦ ᠪᠠᠷ ᠡᠳᠡᠭᠡᠷᠡᠭᠦᠯᠵᠦ᠂ | ᠡᠯᠵᠢᠭᠡᠨ ᠰᠦ ᠶᠢᠨ ᠦᠢᠯᠡᠳᠦᠯ ᠢ ᠣᠶᠢᠯᠠᠭᠠᠳᠠᠭ ᠬᠥᠮᠥᠰ ᠴᠤ ᠲᠡᠭᠦᠨ ᠠᠴᠠ ᠡᠯᠵᠢᠭᠡᠨ ᠰᠦ ᠬᠤᠳᠠᠯᠳᠤᠵᠤ ᠠᠪᠬᠤ | ᠪᠣᠯᠵᠠᠢ᠃ | ︽ᠮᠠᠨ ᠤ ᠠᠳᠡ ᠤᠳᠤ ᠡᠯᠵᠢᠭᠡᠨ ᠰᠦ ᠠᠪᠬᠤ ᠭᠡᠵᠦ ᠭᠠᠳᠠᠨ᠎ᠠ ᠣᠷᠣᠨ ᠠᠴᠠ ᠢᠷᠡᠳᠡᠭ ᠬᠥᠮᠥᠨ ᠴᠤ | ᠤᠯᠠᠨ ᠪᠣᠯᠤᠭᠰᠠᠨ᠃ ᠠᠭᠤᠰᠬᠢᠨ ᠤ ᠰᠤᠳᠠᠰᠤ ᠬᠠᠲᠠᠭᠤᠷᠠᠭᠰᠠᠨ᠂ ᠠᠭᠤᠰᠬᠢᠨ ᠦᠮᠡᠨ ᠳᠤ ᠨᠡᠷᠪᠡᠭᠳᠡᠭᠰᠡᠨ᠂ | ᠰᠦᠷᠢᠶ᠎ᠡ ᠡᠪᠡᠳᠴᠢᠨ ᠲᠠᠢ᠂ ᠠᠭᠰᠠᠭ᠎ᠠ ᠲᠠᠢ᠂ ᠬᠠᠨᠢᠶᠠᠳᠤ ᠲᠠᠭᠰᠢᠭᠤᠷ ᠲᠤ ᠨᠡᠷᠪᠡᠭᠳᠡᠭᠰᠡᠨ᠂ ᠬᠤᠳᠣᠭᠤᠳᠤᠨ ᠤ | ᠡᠪᠡᠳᠴᠢᠨ ᠳᠤ ᠨᠡᠷᠪᠡᠭᠳᠡᠭᠰᠡᠨ ᠶᠠᠩᠵᠤ ᠶᠠᠩᠵᠤ ᠶᠢᠨ ᠡᠪᠡᠳᠴᠢᠨ ᠬᠠᠭᠤᠴᠢ ᠲᠠᠢ ᠬᠥᠮᠥᠨ ᠢᠷᠡᠵᠦ ᠰᠦ ᠠᠪᠤᠨ᠎ᠠ᠃ | ᠵᠠᠷᠢᠮ ᠨᠢ ᠮᠢᠨᠤ ᠠᠳᠡ ᠠᠴᠠ ᠰᠦ ᠠᠪᠴᠤ ᠤᠤᠭᠤᠭᠠᠳ ᠡᠪᠡᠳᠴᠢᠨ ᠨᠢ ᠨᠡᠯᠢᠶᠡᠳ ᠢᠯᠠᠷᠢ ᠪᠣᠯᠤᠭᠰᠠᠨ | ᠤᠴᠢᠷ ᠠᠴᠠ ᠵᠢᠯ ᠢᠶᠠᠷ ᠦᠷᠭᠦᠯᠵᠢ ᠵᠠᠬᠢᠶᠠᠯᠠᠵᠤ ᠠᠪᠬᠤ ᠨᠢ ᠴᠤ ᠤᠯᠠᠨ︾ ᠭᠡᠵᠦ ᠵᠢᠮᠢᠰᠤᠩᠬᠤᠸᠠᠷ | ᠲᠠᠨᠢᠯᠴᠠᠭᠤᠯᠤᠨ᠎ᠠ᠃ ᠢᠷᠭᠠᠢ ᠬᠤᠳᠠ ᠶᠢᠨ ᠨᠢᠭᠡᠨ ᠪᠦᠰᠡᠭᠦᠢ ᠠᠭᠤᠰᠬᠢᠨ ᠤ ᠰᠤᠳᠠᠰᠤ ᠨᠢ ᠬᠠᠲᠠᠭᠤᠷᠠᠭᠰᠠᠨ | ᠡᠪᠡᠳᠴᠢᠨ ᠳᠤ ᠨᠡᠷᠪᠡᠭᠳᠡᠵᠦ᠂ ᠶᠡᠭᠡ ᠬᠤᠳᠠ ᠪᠠᠷ ᠡᠮᠴᠢᠯᠡᠭᠡ ᠬᠢᠵᠦ ᠶᠠᠪᠤᠭᠠᠳ ᠡᠮᠴᠢ ᠠᠴᠠ ︽ᠡᠳᠡᠭᠡᠷᠡᠭᠦᠯᠵᠦ | ᠴᠢᠳᠠᠬᠤ ᠦᠭᠡᠢ︾ ᠭᠡᠰᠡᠨ ᠦᠭᠡ ᠰᠣᠨᠣᠰᠤᠭᠠᠳ ᠠᠷᠭ᠎ᠠ ᠪᠤᠰᠤ ᠬᠠᠷᠢᠵᠤ ᠢᠷᠡᠵᠡᠢ᠃ ᠰᠡᠭᠦᠯᠡᠷ ᠨᠢ ᠬᠥᠮᠥᠨ ᠠᠴᠠ | ᠡᠯᠵᠢᠭᠡᠨ ᠰᠦ ᠠᠭᠤᠰᠬᠢᠨ ᠳᠤ ᠰᠠᠶᠢᠨ ᠭᠡᠰᠡᠨ ᠢ ᠰᠣᠨᠣᠰᠤᠭᠠᠳ ᠲᠤᠰᠠᠬᠠᠶᠢᠯᠠᠨ ᠢᠷᠭᠠᠢ ᠬᠤᠳᠠ ᠠᠴᠠ ᠠᠯᠠᠱᠠ ᠳᠤ | ᠢᠷᠡᠵᠦ᠂ ᠡᠯᠵᠢᠭᠡᠨ ᠰᠦ ᠠᠪᠴᠤ ᠤᠤᠭᠤᠭᠰᠠᠨ ᠢᠶᠠᠷ ᠵᠢᠯ ᠤᠨ ᠲᠠᠷᠠᠭ᠎ᠠ ᠲᠠᠭᠢᠵᠦ ᠣᠴᠢᠵᠤ ᠪᠠᠶᠢᠴᠠᠭᠠᠬᠤ ᠳᠤ | ᠡᠪᠡᠳᠴᠢᠨ ᠨᠢ ᠦᠷᠭᠦᠯᠵᠢᠯᠡᠨ ᠬᠦᠨᠳᠦᠷᠡᠭᠰᠡᠨ ᠦᠭᠡᠢ᠂ᠡᠯ᠎ᠡ ᠲᠠᠯ᠎ᠠ ᠶᠢᠨ ᠲᠤᠭ᠎ᠠ ᠪᠠᠷᠢᠮᠲᠠ ᠨᠢ ᠲᠣᠭᠲᠠᠪᠤᠷᠢᠲᠠᠢ | ᠪᠠᠶᠢᠨ᠎ᠠ ᠭᠡᠰᠡᠨ ᠦᠷ᠎ᠡ ᠳ᠋ᠦᠩ ᠣᠯᠵᠠᠢ᠃ ᠡᠭᠦᠨ ᠠᠴᠠ ᠭᠠᠳᠠᠨ᠎ᠠ ᠱᠠᠩᠬᠠᠢ᠂ ᠴᠧᠩᠳᠦ᠋᠂ ᠯᠠᠨᠵᠧᠦ᠂ ᠭᠦᠭᠡᠬᠤᠳᠠ᠂ | ᠪᠠᠶᠠᠨᠨᠠᠭᠤᠷ ᠵᠡᠷᠭᠡ ᠣᠷᠣᠨ ᠤ ᠳᠣᠲᠣᠨ᠎ᠠ ᠭᠠᠳᠠᠨ᠎ᠠ ᠠᠴᠠ ᠡᠯᠵᠢᠭᠡᠨ ᠰᠦ ᠵᠠᠬᠢᠶᠠᠯᠠᠵᠤ ᠠᠪᠬᠤ ᠬᠥᠮᠥᠨ ᠴᠤ ᠡᠳᠦᠷ | ᠢᠷᠡᠬᠦᠶ᠎ᠡ ᠣᠯᠠᠰᠢᠷᠠᠭᠰᠠᠨ ᠪᠠᠶᠢᠨ᠎ᠠ᠃ | ᠵᠢᠮᠢᠰᠤᠩᠬᠤᠸᠠᠷ ᠣᠳᠣᠬᠠᠨ ᠳᠤ ᠲᠠᠪᠤᠨ ᠡᠯᠵᠢᠭᠡ ᠰᠠᠭᠠᠵᠤ ᠪᠤᠢ᠃ ᠪᠦᠷ ᠨᠤᠲᠤᠭ ᠤᠨ ᠡᠯᠵᠢᠭᠡ ᠪᠣᠯᠬᠤᠷ | ᠰᠦ ᠶᠢᠨ ᠤᠨᠠᠯᠳᠠ ᠨᠢ ᠲᠡᠶᠢᠮᠤ ᠶᠡᠭᠡ ᠪᠢᠰᠢ᠂ ᠡᠯᠵᠢᠭᠡ ᠪᠠᠨ 10 ᠴᠠᠭ ᠠᠴᠠ ᠢᠯᠡᠭᠦᠦ ᠠᠮᠠᠷᠠᠭᠠᠵᠤ᠂ ᠲᠡᠵᠢᠭᠡᠯ | ᠪᠣᠷᠳᠤᠭ᠎ᠠ ᠶᠢ ᠨᠢ ᠰᠠᠶᠢᠨ ᠥᠭᠭᠦᠭᠰᠡᠨ ᠪᠣᠯ ᠲᠠᠪᠤᠨ ᠡᠯᠵᠢᠭᠡ ᠠᠴᠠ ᠨᠢᠭᠡ ᠤᠳᠠᠭ᠎ᠠ 3 - 4 ᠵᠢᠩ ᠰᠦ ᠰᠠᠭᠠᠨ᠎ᠠ᠃ | ᠡᠳᠦᠷ ᠲᠤ ᠬᠤᠶᠠᠷ ᠤᠳᠠᠭ᠎ᠠ ᠰᠠᠭᠠᠪᠠᠯ ᠪᠠᠷᠤᠭ 7 - 8 ᠵᠢᠩ ᠰᠦ ᠰᠠᠭᠠᠳᠠᠭ᠃ ᠭᠡᠬᠦ ᠳᠤ ᠵᠠᠷᠢᠮ ᠳᠠᠭᠠᠨ ᠪᠠᠰᠠ | ᠲᠡᠭᠷᠢ ᠬᠦᠢᠲᠡᠷᠡᠭᠰᠡᠨ ᠠᠴᠠ ᠰᠦ ᠲᠠᠲᠠᠷᠠᠬᠤ᠂ ᠲᠡᠷᠭᠡ ᠮᠠᠰᠢᠨ ᠤ ᠲᠠᠭᠤ᠂ ᠬᠥᠮᠥᠨ ᠬᠠᠷ᠎ᠠ ᠠᠴᠠ ᠦᠷᠭᠦᠵᠦ | ᠰᠣᠴᠢᠬᠤ᠂ ᠢᠪᠢᠯᠬᠦ ᠦᠭᠡᠢ ᠵᠡᠷᠭᠡ ᠤᠯᠠᠨ ᠪᠠᠶᠢᠳᠠᠯ ᠭᠠᠷᠤᠨ᠎ᠠ᠃ ᠲᠦᠷᠦᠭᠦᠦ ᠡᠳᠦᠷ ᠨᠢ 8 ᠯᠠᠩ ᠰᠦ ᠤᠨᠠᠭᠰᠠᠨ | ᠪᠣᠯ ᠲᠠᠷᠠᠭ᠎ᠠ ᠡᠳᠦᠷ ᠨᠢ ᠬᠤᠶᠠᠷ ᠯᠠᠩ ᠰᠦ ᠤᠨᠠᠬᠤ ᠤᠴᠢᠷ ᠴᠤ ᠵᠥᠩᠳᠡᠭᠡᠨ᠃ ︽ᠳᠡᠭᠡᠭᠰᠡᠨ ᠴᠤ ᠪᠣᠯᠵᠤ ᠪᠠᠶᠢᠨ᠎ᠠ | ᠃ ᠡᠨᠡ ᠠᠵᠢᠯ ᠢ ᠡᠬᠢᠯᠡᠵᠦ ᠬᠢᠬᠦ ᠳᠤ ᠵᠣᠭᠤᠰ ᠣᠯᠣᠶ᠎ᠠ ᠭᠡᠰᠡᠨ ᠵᠣᠷᠢᠯᠭ᠎ᠠ ᠲᠠᠢ ᠬᠢᠭᠰᠡᠨ ᠪᠢᠰᠢ᠃ | ᠬᠡᠦᠬᠡᠳ ᠤᠨ ᠢᠶᠠᠨ ᠡᠪᠡᠳᠴᠢᠨ ᠢ ᠵᠠᠰᠠᠶ᠎ᠠ ᠭᠡᠰᠡᠨ ᠪᠤᠳᠤᠯ ᠲᠠᠢ ᠡᠬᠢᠯᠡᠭᠦᠯᠦᠭᠰᠡᠨ ᠪᠣᠯᠬᠤᠷ ᠤᠳᠤ ᠡᠯᠵᠢᠭᠡ ᠪᠠᠨ | ᠰᠠᠭᠠᠬᠤ ᠶᠢᠨ ᠳᠠᠭᠠᠤ ᠪᠡᠶ᠎ᠡ ᠪᠠᠨ ᠰᠤᠪᠢᠯᠠᠨ᠂ ᠣᠯᠣᠭᠰᠠᠨ ᠵᠣᠭᠤᠰ ᠨᠢ ᠬᠡᠦᠬᠡᠳ ᠪᠢᠳᠠ ᠬᠤᠶᠠᠷ ᠤᠨ ᠭᠠᠷ | ᠵᠠᠷᠤᠯᠭ᠎ᠠ ᠳᠤ ᠬᠠᠩᠭᠠᠮᠵᠢᠲᠠᠢ ᠭᠦᠢᠴᠡᠵᠦ ᠪᠠᠶᠢᠨ᠎ᠠ᠂ ᠪᠣᠯᠵᠤ ᠯᠠ ᠪᠠᠶᠢᠨ᠎ᠠ︾ ᠭᠡᠵᠦ ᠵᠢᠮᠢᠰᠤᠩᠬᠤᠸᠠᠷ ᠰᠡᠳᠬᠢᠯ | ᠬᠠᠨᠤᠮᠵᠢᠳᠠᠢ ᠶᠠᠷᠢᠵᠤ ᠪᠠᠶᠢᠯ᠎ᠠ᠃ | ᠡᠯᠵᠢᠭᠡᠨ ᠰᠦ ᠪᠠ ᠲᠡᠮᠡᠭᠡᠨ ᠰᠦ ᠶᠢᠨ ᠲᠠᠷᠠᠭ ᠤᠭᠤᠷᠠᠭ ᠤᠨ ᠳᠣᠲᠣᠷ᠎ᠠ ᠠᠴᠠ ᠫᠧᠫᠲ᠋ᠢᠳ᠋ ︵肽︶ ᠶᠢ | ᠢᠯᠭᠠᠷᠠᠭᠤᠯᠵᠤ ᠰᠤᠳᠤᠯᠬᠤ ᠳᠤ ᠡᠯᠵᠢᠭᠡᠨ ᠰᠦ ᠪᠠ ᠲᠡᠮᠡᠭᠡᠨ ᠰᠦ ᠶᠢᠨ ᠫᠧᠫᠲ᠋ᠢᠳ᠋ ᠨᠢ ᠮᠠᠰᠢ ᠴᠢᠩᠭ᠎ᠠ | ᠢᠰᠦᠯᠳᠦᠬᠦ ᠶᠢ ᠡᠰᠡᠷᠭᠦᠴᠡᠬᠦ ᠢᠳᠡᠪᠬᠢ ᠴᠢᠨᠠᠷ ᠲᠠᠢ᠃ ᠡᠶᠢᠮᠦ ᠠᠴᠠ ᠲᠡᠮᠡᠭᠡᠨ ᠰᠦ ᠪᠠ ᠡᠯᠵᠢᠭᠡᠨ ᠰᠦ ᠨᠢ ᠰᠢᠬᠢᠷ | ᠰᠢᠵᠢᠮ ᠡᠪᠡᠳᠴᠢᠨ ᠢ ᠡᠰᠡᠷᠭᠦᠴᠡᠬᠦ ᠳᠤ ᠠᠰᠢᠭᠲᠠᠢ ᠭᠡᠰᠡᠨ ᠤᠨᠤᠯ ᠢ 2020 ᠣᠨ ᠳᠤ ᠲᠦᠷᠺᠠ ᠤᠯᠤᠰ ᠤᠨ | ᠰᠦ ᠶᠢᠨ ᠲᠦᠷᠦᠯ ᠤᠨ ᠰᠤᠳᠤᠯᠭᠠᠲᠠᠨ ᠠᠴᠠ ᠲᠣᠳᠣᠯᠠᠭᠰᠠᠨ ᠭᠡᠳᠡᠭ᠃ ᠪᠢᠳᠠ ᠡᠯᠵᠢᠭᠡᠨ ᠰᠦ ᠶᠢᠨ ᠲᠤᠬᠠᠢ | ᠬᠠᠷᠠᠬᠠᠨ ᠰᠠᠶᠢᠨ ᠣᠶᠢᠯᠠᠭᠠᠭ᠎ᠠ ᠦᠭᠡᠢ ᠪᠤᠯᠪᠠᠴᠦ᠂ ᠬᠠᠨᠢᠶᠠᠳᠤᠨ ᠳᠤ ᠠᠷᠪᠠᠭᠠᠳ ᠡᠳᠦᠷ ᠪᠠᠷᠢᠭᠳᠠᠵᠤ ᠪᠠᠶᠢᠭᠰᠠᠨ | ᠬᠥᠮᠥᠨ ᠬᠤᠶᠠᠷ ᠭᠤᠷᠪᠠᠨ ᠵᠢᠩ ᠡᠯᠵᠢᠭᠡᠨ ᠰᠦ ᠠᠪᠴᠤ ᠤᠤᠭᠤᠬᠤ ᠳᠤ ᠵᠦᠭᠡᠷ ᠪᠣᠯᠵᠤ ᠪᠠᠶᠢᠨ᠎ᠠ ᠭᠡᠰᠡᠨ ᠦᠨᠡᠯᠡᠮᠵᠢ | ᠤᠯᠠᠨ ᠯᠠ ᠰᠣᠨᠣᠰᠤᠯ᠎ᠠ᠃ ︽ᠡᠯᠵᠢᠭᠡᠨ ᠰᠦ ᠴᠢᠨᠢ ᠬᠥᠮᠥᠨ ᠤ ᠪᠡᠶ᠎ᠡ ᠳᠤ ᠶᠡᠭᠡ ᠰᠠᠶᠢᠨ ᠶᠠᠭᠤᠮ᠎ᠠ᠂ ᠲᠡᠶᠢᠮᠤ | ᠪᠣᠯᠬᠤᠷ ᠲᠠᠷᠠᠭ᠎ᠠ ᠠᠯᠬᠤᠮ ᠳᠤ ᠤᠮᠳᠠᠭᠠᠨ ᠪᠤᠶᠤ ᠡᠮ ᠲᠠᠩ ᠰᠢᠭ᠋᠂ ᠵᠢᠭᠠᠬᠠᠨ ᠰᠠᠪᠠᠨ ᠳᠤ ᠪᠣᠭᠤᠳᠠᠯᠯᠠᠭᠠᠳ ᠵᠠᠬ᠎ᠠ | ᠳᠡᠯᠭᠡᠭᠦᠷ ᠲᠤ ᠭᠠᠷᠭᠠᠬᠤ ᠪᠤᠳᠤᠯ ᠲᠠᠢ ᠪᠠᠶᠢᠨ᠎ᠠ᠃ ᠲᠡᠭᠡᠪᠡᠯ ᠬᠠᠨᠢᠶᠠᠳᠤ ᠲᠠᠢ ᠬᠥᠮᠥᠰ ᠰᠢᠭᠤᠳ ᠳᠡᠯᠭᠡᠭᠦᠷ ᠠᠴᠠ | ᠬᠤᠳᠠᠯᠳᠤᠵᠤ ᠠᠪᠤᠭᠠᠳ ᠤᠤᠭᠤᠴᠢᠬᠠᠵᠤ ᠪᠤᠯᠬᠤ ᠪᠢᠰᠢᠦ︕ ᠵᠣᠭᠤᠰ ᠮᠥᠩᠭᠦ ᠲᠤᠲᠠᠭᠳᠠᠵᠤ ᠪᠠᠶᠢᠭ᠎ᠠ ᠪᠣᠯᠬᠤᠷ | ᠠᠷᠠᠢ ᠡᠬᠢᠯᠡᠭᠦᠯᠵᠦ ᠪᠣᠯᠤᠭ᠎ᠠ ᠦᠭᠡᠢ ᠪᠤᠢ︾ ᠭᠡᠵᠦ ᠵᠢᠮᠢᠰᠤᠩᠬᠤᠸᠠᠷ ᠡᠯᠵᠢᠭᠡᠨ ᠤ ᠪᠠᠨ ᠰᠦ ᠪᠠᠷ ᠨᠡᠩ ᠤᠯᠠᠨ | ᠬᠥᠮᠥᠰ ᠤᠨ ᠬᠠᠨᠢᠶᠠᠳᠤ ᠠᠷᠬᠠᠭ ᠢ ᠵᠠᠰᠠᠬᠤ ᠠᠯᠤᠰ ᠬᠤᠯᠠ ᠶᠢᠨ ᠬᠦᠰᠡᠯ ᠮᠥᠷᠥᠭᠡᠳᠦᠯ ᠲᠠᠢ ᠪᠠᠶᠢᠯ᠎ᠠ᠃ |