ᠠᠯᠠᠱᠠ ᠶᠢᠨ ᠲᠡᠦᠬᠡ ᠰᠣᠶᠣᠯ ᠪᠤᠶᠤ ᠮᠢᠨᠤ ᠬᠡᠪᠯᠡᠭᠦᠯᠦᠭᠰᠡᠨ 80 ᠭᠠᠷᠤᠢ ᠨᠣᠮ
ᠨᠡᠶᠢᠲᠡᠯᠡᠭᠰᠡᠨ ᠴᠠᠭ᠄
2024/3/26
                G · ᠴᠣᠭᠲᠤ      ᠪᠢ ᠬᠡᠳᠦᠶᠢᠪᠡᠷ ᠰᠢᠨ᠎ᠡ ᠨᠡᠶᠢᠭᠡᠮ ᠳᠤ ᠲᠦᠷᠦᠵᠦ᠂ ᠤᠯᠠᠭᠠᠨ ᠲᠤᠭ ᠤᠨ ᠳᠣᠣᠷ᠎ᠠ ᠦᠰᠦᠨ ᠪᠣᠶᠢᠵᠢᠭᠰᠠᠨ ᠪᠤᠯᠪᠠᠴᠤ ᠪᠠᠯᠴᠢᠷ ᠪᠠᠭ᠎ᠠ ᠪᠠᠶᠢᠬᠤ ᠳᠤ ᠣᠳᠣᠬᠢ ᠰᠢᠭ᠋ ᠷᠠᠳᠢᠣ᠋ ᠲᠧᠯᠸᠢᠰ ᠭᠡᠵᠦ ᠪᠠᠶᠢᠬᠤ ᠦᠭᠡᠢ᠂ ᠰᠣᠨᠢᠨ ᠰᠡᠳᠬᠦᠯ ᠪᠠᠶᠢᠳᠠᠭ ᠴᠤ ᠮᠠᠨ ᠤ ᠬᠢᠨ ᠰᠢᠭ᠋ ᠪᠢᠴᠢᠭ ᠰᠣᠶᠣᠯ ᠦᠭᠡᠢ ᠡᠭᠡᠯ ᠮᠠᠯᠴᠢᠨ ᠣᠯᠵᠤ ᠬᠠᠷᠠᠬᠤ ᠳᠤ ᠪᠡᠷᠬᠡ ᠪᠠᠶᠢᠭᠰᠠᠨ ᠦᠶ᠎ᠡ ᠪᠢᠯᠡ᠃ ᠴᠣᠷ ᠤᠨ ᠭᠠᠭᠴᠠ ᠰᠡᠳᠬᠢᠯ ᠢ ᠪᠠᠶᠠᠰᠬᠠᠬᠤ ᠵᠦᠢᠯ ᠨᠢ ᠦᠯᠢᠭᠡᠷ ᠳᠣᠮᠤᠭ ᠰᠣᠨᠤᠰᠬᠤ ᠴᠡᠩᠭᠡᠯ ᠪᠠᠶᠢᠯ᠎ᠠ᠃ ᠠᠬ᠎ᠠ ᠶᠡᠬᠡᠴᠦᠦᠯ ᠠᠴᠠ ᠦᠯᠢᠭᠡᠷ ᠰᠣᠨᠤᠰᠬᠤ ᠶᠢᠨ ᠬᠠᠮᠲᠤ ᠭᠡᠷ ᠲᠤ ᠵᠣᠴᠢᠨ ᠢᠷᠡᠬᠦ ᠶᠢ ᠶᠡᠬᠡᠯ᠎ᠡ ᠬᠦᠰᠡᠳᠡᠭ ᠪᠠᠶᠢᠭᠰᠠᠨ᠂ ᠤᠴᠢᠷ ᠨᠢ ᠵᠣᠴᠢᠨ ᠢᠷᠡᠪᠡᠯ ᠲᠡᠳᠡ ᠨᠠᠷ ᠢᠶᠠᠷ ᠦᠯᠢᠭᠡᠷ ᠶᠠᠷᠢᠭᠤᠯᠬᠤ ᠶᠢ ᠭᠤᠶᠤᠵᠤ ᠨᠠᠶᠢᠳᠠᠳᠠᠭ ᠪᠠᠶᠢᠯ᠎ᠠ᠃ ︽ᠠᠯᠠᠱᠠ ᠯᠾᠠᠷᠠᠮᠪᠠ ᠠᠭᠸᠠᠩᠳᠠᠨᠳᠠᠷ ᠤᠨ ᠦᠯᠢᠭᠡᠷ︾᠂ ︽ᠳᠡᠭᠡᠳᠦ ᠶᠢᠨ ᠭᠡᠭᠡᠨ ᠤ ᠦᠯᠢᠭᠡᠷ︾ ᠭᠡᠳ ᠮᠠᠰᠢ ᠣᠯᠠᠨ ᠰᠠᠶᠢᠬᠠᠨ ᠦᠯᠢᠭᠡᠷ ᠳᠣᠮᠤᠭ ᠢ ᠪᠠᠭ᠎ᠠ ᠶᠢᠨ ᠦᠶ᠎ᠡ ᠳᠡᠭᠡᠨ ᠰᠣᠨᠣᠰᠤᠭᠰᠠᠨ ᠪᠢᠯᠡ᠃ ᠴᠣᠬᠤᠮ ᠶᠠᠭᠤ ᠠᠴᠠ ᠪᠣᠯᠤᠭᠰᠠᠨ ᠢ ᠥᠪᠡᠷ ᠢᠶᠠᠨ ᠴᠤ ᠰᠠᠶᠢᠨ ᠮᠡᠳᠡᠯ ᠦᠭᠡᠢ᠂ ᠨᠢᠭᠡ ᠮᠡᠳᠡᠬᠦ ᠳᠤ ᠦᠶ᠎ᠡ ᠶᠢᠨ ᠨᠠᠰᠤᠨ ᠤ ᠪᠠᠭᠠᠴᠤᠤᠯ ᠳᠠᠭᠠᠨ ᠪᠠᠰᠠ ᠨᠢᠭᠡ ᠬᠤᠶᠠᠷ ᠦᠯᠢᠭᠡᠷ ᠬᠡᠯᠡᠵᠦ ᠴᠢᠳᠠᠳᠠᠭ ᠪᠣᠯᠴᠢᠬᠠᠭᠰᠠᠨ ᠪᠠᠶᠢᠪᠠ᠃ ᠨᠠᠮᠠᠶᠢ ᠲᠤᠯᠤᠭᠠᠨ ᠨᠠᠰᠤᠲᠠᠢ ᠪᠠᠶᠢᠬᠤ ᠳᠤ ᠮᠢᠨᠤ ᠠᠬ᠎ᠠ ᠰᠤᠷᠭᠠᠭᠤᠯᠢ ᠠᠴᠠ ᠪᠠᠨ ᠴᠢᠯᠦᠭᠡᠨ ᠤ ᠬᠤᠭᠤᠴᠠᠭᠠᠨ ᠳᠤ ᠬᠠᠷᠢᠵᠤ ᠢᠷᠡᠬᠦ ᠳᠡᠭᠡᠨ ᠨᠢᠭᠡ ᠢᠵᠢ ︽ᠭᠤᠷᠪᠠᠨ ᠤᠯᠤᠰ ᠤᠨ ᠦᠯᠢᠭᠡᠷ︾ ᠢ ᠠᠪᠴᠤ ᠢᠷᠡᠭᠡᠳ᠂ ᠣᠷᠣᠢ ᠪᠣᠯᠭᠠᠨ ᠨᠢᠭᠡ ᠪᠦᠯᠦᠭ ᠢ ᠤᠩᠰᠢᠵᠤ ᠰᠣᠨᠣᠰᠬᠠᠳᠠᠭ ᠪᠠᠶᠢᠭᠰᠠᠨ ᠶᠠᠪᠤᠳᠠᠯ ᠨᠢ ᠨᠠᠳᠠᠳᠤ ᠰᠤᠳᠤᠷ ᠪᠢᠴᠢᠭ ᠲᠤ ᠡᠶᠢᠮᠦ ᠰᠠᠶᠢᠬᠠᠨ ᠦᠯᠢᠭᠡᠷ ᠳᠣᠮᠤᠭ ᠤᠳ ᠬᠠᠳᠠᠭᠠᠯᠠᠭᠳᠠᠵᠤ ᠪᠠᠶᠢᠳᠠᠭ ᠶᠤᠮ ᠪᠠᠶᠢᠨ᠎ᠠ ᠭᠡᠰᠡᠨ ᠰᠣᠨᠢᠷᠬᠠᠯ ᠢ ᠲᠦᠷᠦᠭᠦᠯᠵᠦ᠂ ᠬᠤᠵᠢᠮ ᠤᠨ ᠰᠤᠳᠤᠷ ᠨᠣᠮ ᠴᠤᠭᠯᠠᠭᠤᠯᠬᠤ ᠳᠤᠷ᠎ᠠ ᠪᠠᠬ᠎ᠠ ᠶᠢᠨ ᠰᠢᠵᠢᠮ ᠨᠢ ᠡᠨᠡ ᠦᠶ᠎ᠡ ᠠᠴᠠ ᠡᠬᠢᠯᠡᠨ ᠡᠷᠴᠢᠯᠡᠭᠳᠡᠭᠰᠡᠨ ᠪᠥᠭᠡᠳ ᠨᠣᠮ ᠤᠨ ᠴᠠᠭᠠᠨ ᠪᠤᠶᠠᠨ ᠤ ᠵᠠᠮ ᠳᠤ ᠠᠯᠬᠤᠭᠠᠳ ᠯᠠ ᠪᠠᠶᠢᠪᠠᠯ ᠨᠢᠭᠡᠨ ᠵᠦᠭ ᠶᠠᠭᠠᠬᠢᠭᠰᠠᠨ ᠴᠤ ᠲᠣᠳᠣᠷᠠᠬᠤ ᠪᠤᠢ ᠭᠡᠰᠡᠨ ᠢ ᠮᠡᠳᠡᠭᠦᠯᠦᠭᠰᠡᠨ ᠪᠢᠯᠡ᠃      ᠨᠢᠭᠡ᠂ ᠰᠤᠷᠭᠠᠭᠤᠯᠢ ᠶᠢᠨ ᠮᠥᠷ ᠬᠥᠭᠡᠭᠡᠭᠰᠡᠨ ᠰᠣᠨᠢᠷᠬᠠᠯ ᠲᠠᠢ ᠬᠡᠳᠦᠨ ᠥᠩᠭᠡᠷᠡᠯᠲᠡ      ᠪᠢ ᠬᠡᠳᠦᠶᠢᠪᠡᠷ ᠰᠤᠷᠤᠯᠭ᠎ᠠ ᠶᠢᠨ ᠮᠥᠷ ᠢ ᠣᠯᠠᠨ ᠵᠢᠯ ᠬᠥᠭᠡᠭᠡᠭᠰᠡᠨ ᠪᠤᠯᠪᠠᠴᠤ ᠰᠤᠷᠭᠠᠭᠤᠯᠢ ᠳᠤ ᠰᠠᠭᠤᠬᠤ ᠶᠠᠪᠤᠴᠠ ᠠᠯᠠᠭ ᠲᠠᠢ ᠪᠤᠯᠠᠭ ᠲᠠᠢ᠃ ᠪᠠᠭ᠎ᠠ ᠰᠤᠷᠭᠠᠭᠤᠯᠢ ᠶᠢᠨ ᠳᠦᠷᠪᠡᠨ ᠣᠨ ᠳᠤ ᠳᠥᠩᠭᠡᠵᠢ ᠣᠷᠣᠭᠠᠳ ᠪᠠᠶᠢᠬᠤ ᠳᠤ ᠶᠡᠷᠦ ᠪᠤᠰᠤ ᠶᠢᠨ ᠬᠥᠳᠡᠯᠭᠡᠭᠡᠨ ᠥᠷᠨᠢᠭᠡᠳ᠂ ᠵᠤᠨ ᠤ ᠠᠮᠠᠷᠠᠯᠲᠠ ᠪᠤᠯᠬᠤ ᠳᠤ ᠠᠩᠭᠢ ᠶᠢᠨ ᠪᠠᠭᠰᠢ ᠠᠴᠠ ︽ᠳᠠᠷᠠᠭ᠎ᠠ ᠬᠤᠭᠤᠴᠠᠭ᠎ᠠ ᠰᠤᠷᠭᠠᠭᠤᠯᠢ ᠬᠡᠵᠢᠶ᠎ᠡ ᠡᠬᠢᠯᠡᠬᠦ ᠶᠢ ᠮᠡᠳᠡᠬᠦ ᠦᠭᠡᠢ᠂ ᠮᠡᠳᠡᠭᠳᠡᠯ ᠭᠦᠯᠢᠶᠡ︾ ᠭᠡᠰᠡᠨ ᠵᠠᠬᠢᠶ᠎ᠠ ᠶᠢ ᠬᠠᠶᠢᠷᠠᠯᠠᠭᠰᠠᠨ ᠠᠴᠠ ︽ᠮᠡᠳᠡᠭᠳᠡᠯ︾ ᠬᠦᠯᠢᠶᠡᠭᠡᠳ ᠬᠤᠶᠠᠷ ᠵᠢᠯ ᠭᠠᠷᠤᠢ ᠭᠡᠷ ᠲᠡᠭᠡᠨ ᠰᠠᠭᠤᠪᠠ᠃ ᠨᠢᠭᠡ ᠮᠡᠳᠡᠬᠦ ᠳᠤ 1969 ᠣᠨ ᠪᠣᠯᠵᠤ᠂ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠵᠡᠭᠦᠨᠰᠢ ᠪᠠᠷᠠᠭᠤᠨᠰᠢ ᠬᠡᠳᠦᠨ ᠮᠤᠵᠢ ᠳᠤ ᠬᠤᠪᠢᠶᠠᠭᠰᠠᠨ ᠵᠠᠰᠠᠭ ᠵᠠᠬᠢᠷᠭᠠᠨ ᠤ ᠬᠤᠪᠢᠷᠠᠯᠲᠠ ᠭᠠᠷᠴᠤ᠂ ᠠᠯᠠᠱᠠ ᠪᠠᠷᠠᠭᠤᠨ ᠬᠤᠰᠢᠭᠤ ᠶᠢ ᠭᠠᠨᠰᠤ ᠮᠤᠵᠢ ᠶᠢᠨ ᠦ᠋ ᠸᠧᠢ ᠲᠤᠰᠬᠠᠢ ᠲᠣᠭᠤᠷᠢᠭ ᠲᠤ ᠬᠠᠷᠢᠶᠠᠯᠠᠭᠤᠯᠪᠠ᠃ ᠡᠭᠦᠨ ᠠᠴᠠ ᠪᠣᠯᠵᠤ ᠭᠦᠩᠱᠧ ᠶᠢᠨ ᠱᠦᠵᠢ᠂ᠳᠠᠷᠤᠭ᠎ᠠ ᠨᠠᠷ ︽ᠣᠳᠣ ᠮᠣᠩᠭᠤᠯ ᠪᠢᠴᠢᠭ ᠰᠤᠷᠤᠭᠠᠳ ᠬᠡᠷᠡᠭ ᠦᠭᠡᠢ ᠪᠣᠯᠤᠭᠰᠠᠨ︾ ᠭᠡᠳᠡᠭ ᠶᠠᠷᠢᠶ᠎ᠠ ᠶᠢ ᠦᠨᠡᠮᠰᠢᠨ᠂ ᠨᠠᠮᠠᠶᠢ ᠨᠢᠭᠡᠳᠦᠯ ᠤᠨ ᠪᠠᠭ᠎ᠠ ᠰᠤᠷᠭᠠᠭᠤᠯᠢ ᠶᠢᠨ ᠬᠢᠲᠠᠳ ᠠᠩᠭᠢ ᠶᠢᠨ ᠳᠦᠷᠪᠡᠨ ᠣᠨ ᠳᠤ ᠣᠷᠣᠭᠤᠯᠤᠨ ᠰᠤᠷᠤᠯᠴᠠᠭᠤᠯᠬᠤ ᠪᠠᠷ ᠪᠣᠯᠪᠠ᠃ ᠲᠡᠷᠡ ᠦᠶ᠎ᠡ ᠳᠤ ᠪᠢ ᠬᠢᠲᠠᠳ ᠦᠭᠡ ᠨᠢᠭᠡ ᠴᠤ ᠶᠠᠷᠢᠵᠤ ᠴᠢᠳᠠᠳᠠᠭ ᠦᠭᠡᠢ ᠪᠠᠶᠢᠭᠰᠠᠨ᠃ ᠪᠠᠭᠰᠢ ᠶᠢᠨ ᠬᠢᠴᠢᠶᠡᠯ ᠢ ᠣᠶᠢᠯᠠᠭᠠᠬᠤ ᠦᠭᠡᠢ ᠰᠡᠳᠬᠢᠯ ᠰᠠᠨᠠᠭ᠎ᠠ ᠶᠢ ᠶᠡᠬᠡᠳᠡ ᠪᠤᠬᠢᠨᠢᠳᠤᠭᠤᠯᠤᠭᠰᠠᠨ ᠪᠢᠯᠡ᠃ ᠲᠡᠭᠡᠭᠡᠳ ᠠᠷᠭ᠎ᠠ ᠪᠤᠰᠤ ᠰᠤᠷᠭᠠᠭᠤᠯᠢ ᠶᠢᠨ ᠵᠠᠬᠢᠷᠤᠯ ᠪᠠᠶᠠᠨᠳᠠᠯᠠᠢ ︵ᠮᠣᠩᠭᠤᠯ ᠭᠡᠯᠡ ᠰᠤᠷᠤᠬᠰᠠᠨ ᠬᠢᠲᠠᠳ ᠬᠥᠮᠥᠨ᠂ ᠬᠢᠲᠠᠳ ᠨᠡᠷ᠎ᠡ ᠨᠢ ᠬᠠᠨ ᠰᠢᠤᠸᠠᠢ ᠱᠸᠡᠭ ᠭᠡᠳᠡᠭ︶  ᠶᠢ ᠡᠷᠢᠨ ᠣᠴᠢᠵᠤ᠂ ︽ᠪᠢ ᠬᠢᠲᠠᠳ ᠭᠡᠯᠡ ᠶᠢ ᠰᠠᠶᠢᠨ ᠰᠤᠷᠬᠤ ᠭᠡᠵᠦ ᠴᠢᠷᠮᠠᠶᠢᠵᠤ ᠪᠠᠶᠢᠨ᠎ᠠ᠂ ᠭᠡᠪᠡᠴᠦ ᠬᠢᠲᠠᠳ ᠦᠭᠡ ᠬᠡᠯᠡᠵᠦ ᠴᠢᠳᠠᠬᠤ ᠦᠭᠡᠢ ᠲᠤᠯᠠ ᠶᠠᠭᠠᠬᠢᠵᠤ ᠬᠢᠲᠠᠳ ᠦᠰᠦᠭ ᠰᠤᠷᠬᠤ ᠪᠢᠯᠡ︖ ᠪᠢ ᠨᠢᠭᠡ ᠣᠨ ᠳᠤ ᠣᠷᠣᠵᠤ ᠡᠬᠢᠨ ᠠᠴᠠ ᠨᠢ ᠰᠠᠶᠢᠨ ᠰᠤᠷᠤᠶ᠎ᠠ ᠭᠡᠵᠦ ᠪᠤᠳᠤᠵᠤ ᠪᠠᠶᠢᠨ᠎ᠠ︾ ᠭᠡᠰᠡᠨ ᠳᠤ᠂ ᠪᠠ᠊᠆ ᠵᠠᠬᠢᠷᠤᠯ ᠠᠴᠠ ︽ᠲᠡᠭᠡᠵᠦ ᠶᠠᠭᠠᠬᠢᠵᠤ ᠪᠤᠯᠳᠠᠭ ᠶᠤᠮ︖ ᠴᠢᠨᠦ ᠨᠠᠰᠤ ᠡᠶᠢᠮᠦ ᠶᠡᠭᠡ ᠪᠣᠯᠴᠢᠬᠠᠭᠠᠳ ᠨᠢᠭᠡ ᠣᠨ ᠳᠤ ᠰᠠᠭᠤᠵᠤ ᠪᠤᠯᠬᠤ ᠦᠭᠡᠢ︾ ᠭᠡᠪᠡ᠃ ᠪᠢ ᠬᠠᠷᠢᠭᠤ ᠳᠤᠨᠢ ᠂ ︽ᠲᠡᠭᠡᠪᠡᠯ ᠪᠢ ᠭᠡᠷ ᠲᠡᠭᠡᠨ ᠬᠠᠷᠢᠵᠤ ᠮᠠᠯ ᠢᠶᠠᠨ ᠬᠠᠷᠢᠭᠤᠯᠤᠶ᠎ᠠ︾ ᠭᠡᠵᠡᠢ᠃ ︽ᠪᠠᠶᠢᠵᠠ ᠪᠠᠶᠢᠵᠠ᠂ ᠶᠠᠭᠤ ᠭᠡᠨ᠎ᠡ︖ ᠭᠡᠷ ᠲᠡᠭᠡᠨ ᠬᠠᠷᠢᠵᠤ ᠮᠠᠯ ᠬᠠᠷᠢᠭᠤᠯᠤᠨ᠎ᠠ ᠭᠡᠨ᠎ᠡ ᠤᠤ︖ ᠡᠨᠡ ᠪᠤᠯᠬᠤ ᠦᠭᠡᠢ᠂ ᠲᠡᠭᠡᠪᠡᠯ ᠭᠤᠷᠪᠠᠨ ᠣᠨ ᠠᠴᠠ ᠡᠬᠢᠯᠡᠵᠦ ᠰᠤᠷ︾ ᠭᠡᠪᠡ᠃ ᠪᠢ ᠥᠭᠡᠳᠡ ᠠᠴᠠ ᠨᠢ ︽ᠭᠤᠣᠯ ᠤᠴᠢᠷ ᠨᠢ ᠪᠢ ᠬᠢᠲᠠᠳ ᠦᠭᠡ ᠬᠡᠯᠡᠵᠦ ᠴᠢᠳᠠᠬᠤ ᠦᠭᠡᠢ᠃ ᠨᠢᠭᠡ ᠣᠨ ᠠᠴᠠ ᠰᠤᠷᠪᠠᠯ ᠪᠠᠷᠤᠭ ᠪᠤᠯᠬᠤ ᠪᠠᠶᠢᠬ᠎ᠠ ᠭᠡᠵᠦ ᠪᠤᠳᠤᠵᠤ ᠪᠠᠶᠢᠨ᠎ᠠ︾ ᠭᠡᠪᠡ᠃ ᠪᠠ᠊᠆ ᠵᠠᠬᠢᠷᠤᠯ ᠬᠡᠰᠡᠭ ᠪᠣᠳᠣᠯᠬᠢᠯᠠᠭᠠᠳ᠄ ︽ᠲᠡᠭᠡᠪᠡᠯ ᠴᠢ ᠬᠤᠶᠠᠷ ᠣᠨ ᠳᠤ ᠣᠷᠣᠵᠤ ᠰᠤᠷ︾ ᠭᠡᠯ᠎ᠡ᠃ ᠢᠩᠭᠢᠭᠡᠳ ᠬᠤᠶᠠᠷ ᠵᠢᠯ ᠬᠢᠲᠠᠳ ᠠᠩᠭᠢ ᠳᠤ ᠰᠤᠷᠤᠯᠴᠠᠨ᠂ ᠬᠢᠲᠠᠳ ᠭᠡᠯᠡ ᠶᠢ ᠨᠡᠯᠢᠶᠡᠳ ᠬᠡᠯᠡᠬᠦ ᠲᠠᠢ ᠪᠣᠯᠤᠭᠰᠠᠨ ᠪᠥᠭᠡᠳ ᠲᠠᠨᠢᠬᠤ ᠦᠭᠡᠢ ᠦᠰᠦᠭ ᠢᠶᠠᠨ ᠲᠣᠯᠢ ᠪᠢᠴᠢᠭ ᠡᠷᠭᠢᠭᠦᠯᠵᠦ ᠰᠤᠷᠤᠭᠠᠳ ᠭᠤᠷᠪᠠᠨ ᠣᠨ ᠢᠶᠠᠨ ᠳᠥᠩᠭᠡᠵᠢ ᠲᠡᠭᠦᠰᠬᠡᠭᠡᠳ ᠭᠦᠩᠱᠧ ᠳᠡᠭᠡᠨ ᠬᠢᠲᠠᠳ ᠮᠣᠩᠭᠤᠯ ᠬᠤᠶᠠᠷ ᠭᠡᠯᠡ᠂ᠦᠰᠦᠭ ᠢ ᠮᠡᠳᠡᠬᠦ ︽ᠶᠡᠭᠡ ᠡᠷᠳᠡᠮ ᠨᠣᠮ ᠲᠠᠢ︾ ᠰᠡᠬᠡᠭᠡᠲᠡᠨ ᠬᠥᠮᠥᠨ ᠪᠣᠯᠤᠭᠰᠠᠨ ᠭᠡᠵᠦ ︽ᠡᠷᠳᠦᠭᠡᠳ︾ ᠭᠡᠷ ᠲᠡᠭᠡᠨ ᠬᠠᠷᠢᠵᠤ᠂ ᠬᠠᠮᠲᠤ ᠶᠢᠨ ᠦᠢᠯᠡᠳᠪᠦᠷᠢᠯᠡᠯ ᠳᠤ ᠣᠷᠣᠯᠴᠠᠨ ᠂ ᠰᠢᠯᠢᠳᠡᠭ ᠡᠷᠦᠭᠡ ᠶᠢᠨ ᠴᠡᠷᠢᠭ ᠪᠣᠯᠵᠤ᠂ ᠵᠠᠯᠠᠭᠤᠴᠤᠳ ᠤᠨ ᠭᠠᠪᠰᠢᠭᠠᠢ ᠠᠩᠭᠢ ᠪᠠᠶᠢᠭᠤᠯᠤᠨ ᠬᠤᠳᠳᠤᠭ ᠮᠠᠯᠲᠠᠬᠤ᠂ ᠬᠠᠰᠢᠶ᠎ᠠ ᠰᠠᠷᠠᠪᠴᠢ ᠰᠡᠯᠪᠢᠨ ᠵᠠᠰᠠᠬᠤ᠂ ᠲᠠᠷᠢᠶᠠᠯᠠᠩ ᠤᠨ ᠭᠠᠵᠠᠷ ᠲᠡᠭᠰᠢᠯᠡᠬᠦ᠂ ᠰᠤᠪᠠᠭ ᠴᠦᠭᠦᠷᠦᠮ ᠮᠠᠯᠲᠠᠬᠤ᠂ ᠠᠶᠠᠨ ᠲᠡᠭᠡᠭᠡᠪᠦᠷᠢ ᠳᠤ ᠶᠠᠪᠤᠬᠤ ᠵᠡᠷᠭᠡ ᠬᠠᠷ᠎ᠠ ᠠᠵᠢᠯ ᠬᠢᠪᠡ᠃ 1973 ᠣᠨ ᠤ 4 ᠰᠠᠷ᠎ᠠ ᠳᠤ ᠬᠤᠰᠢᠭᠤᠨ ᠠᠴᠠ ᠲᠤᠰᠬᠠᠢ ᠲᠣᠮᠢᠯᠠᠯᠲᠠ ᠪᠠᠷ ᠮᠠᠨ ᠤ ᠪᠠᠷᠢᠭᠠᠳᠠ ᠳᠤ ᠴᠢᠭ ᠲᠤ ᠰᠠᠭᠤᠭ᠎ᠠ ᡂᠢ ᠣᠪᠣᠭᠲᠤ ᠸᠠᠨ ᠵᠧᠨ ᠭᠡᠭᠴᠢ ᠳᠠᠷᠤᠭ᠎ᠠ ᠠᠴᠠ ᠨᠠᠮᠠᠶᠢ ᠪᠠᠷᠢᠭᠠᠳᠠ ᠶᠢᠨ ᠨᠢᠭᠲᠠᠯᠠᠨ ᠪᠤᠳᠤᠬᠴᠢ ᠪᠣᠯᠭᠠᠨ᠎ᠠ ᠭᠡᠰᠡᠨ ᠰᠢᠢᠳᠪᠦᠷᠢ ᠶᠢ ᠭᠡᠰᠢᠭᠦᠳ ᠤᠨ ᠪᠠᠭ᠎ᠠ ᠬᠤᠷᠠᠯ ᠳᠡᠭᠡᠷ᠎ᠡ ᠵᠠᠷᠯᠠᠪᠠ᠃ ᠨᠢᠭᠲᠠᠯᠠᠨ ᠪᠤᠳᠤᠬᠴᠢ ᠶᠢᠨ ᠠᠵᠢᠯ ᠢ ᠶᠡᠷᠦ ᠠᠴᠠ ᠬᠢᠬᠦ ᠳᠤᠷ᠎ᠠ ᠦᠭᠡᠢ ᠲᠤᠯᠠ ᠪᠢ ᠰᠢᠭᠤᠳ ︽ᠡᠨᠡ ᠠᠵᠢᠯ ᠢ ᠪᠢ ᠬᠢᠵᠦ ᠴᠢᠳᠠᠬᠤ ᠦᠭᠡᠢ︾ ᠭᠡᠰᠡᠨ ᠳᠤ᠂ ︽ᠨᠠᠮ ᠠᠴᠠ ᠴᠢᠮᠠᠶᠢ ᠬᠡᠴᠢᠨᠡᠨ ᠵᠢᠯ ᠬᠥᠮᠥᠵᠢᠭᠦᠯᠦᠭᠰᠡᠨ ᠪᠠᠶᠢᠬᠤ ᠳᠤ ᠶᠠᠭᠤᠨ ᠳᠤ ᠬᠢᠵᠦ ᠴᠢᠳᠠᠬᠤ ᠦᠭᠡᠢ ᠭᠡᠳᠡᠭ ᠶᠤᠮ︖ ᠴᠢᠨᠦ ᠪᠤᠳᠤᠯ ᠰᠠᠨᠠᠭ᠎ᠠ ᠠᠰᠠᠭᠤᠳᠠᠯ ᠲᠠᠢ ᠪᠠᠶᠢᠨ᠎ᠠ︾ ᠭᠡᠵᠦ ᠨᠠᠮᠠᠶᠢ ᠰᠢᠭᠦᠮᠵᠢᠯᠡᠵᠡᠢ᠃ ᠠᠷᠭ᠎ᠠ ᠪᠤᠰᠤ ︽ᠡᠨᠡ ᠠᠵᠢᠯ ᠢ ᠴᠢᠨᠢ ᠬᠦᠯᠢᠶᠡᠶ᠎ᠡ᠃ ᠭᠡᠪᠡᠴᠦ ᠨᠠᠳᠠᠳᠤ ᠨᠢᠭᠡ ᠱᠠᠭᠠᠷᠳᠠᠯᠭ᠎ᠠ ᠪᠠᠶᠢᠨ᠎ᠠ᠂ ᠨᠢᠭᠲᠠᠯᠠᠨ ᠪᠤᠳᠤᠬᠴᠢ ᠶᠢᠨ ᠠᠵᠢᠯ ᠢ ᠬᠦᠯᠢᠶᠡᠭᠰᠡᠭᠡᠷ ᠬᠠᠮᠢᠭ᠎ᠠ ᠴᠤ ᠭᠠᠷᠴᠤ ᠴᠢᠳᠠᠬᠤ ᠦᠭᠡᠢ ᠪᠣᠯᠣᠨ᠎ᠠ᠃ ᠮᠢᠨᠤ ᠠᠬ᠎ᠠ ᠡᠬᠡ ᠤᠯᠤᠰ ᠤᠨ ᠠᠯᠲᠠᠨ ᠬᠢᠯᠢ ᠳᠡᠭᠡᠷ᠎ᠡ ᠠᠵᠢᠯᠯᠠᠵᠤ ᠪᠤᠢ᠂ ᠡᠶᠢᠮᠦ ᠪᠣᠯᠬᠤᠷ ᠤᠷᠢᠳᠠᠪᠠᠷ ᠠᠬ᠎ᠠ ᠲᠠᠢ ᠪᠠᠨ ᠨᠢᠭᠡ ᠵᠣᠯᠭᠠᠭᠠᠳ᠂ ᠲᠠᠷᠠᠭ᠎ᠠ ᠨᠢ ᠡᠨᠡ ᠠᠵᠢᠯ ᠢ ᠭᠠᠷᠳᠠᠨ ᠭᠢᠶ᠎ᠡ︾ ᠭᠡᠰᠡᠨ ᠳᠤ ᠮᠢᠨᠤ ᠬᠦᠰᠡᠯ ᠵᠣᠷᠢᠯᠲᠠ ᠶᠢ ᠵᠥᠪᠰᠢᠶᠡᠷᠡᠵᠡᠢ᠃ ᠶᠡᠷᠦᠨᠢ ᠪᠢ ᠰᠤᠷᠭᠠᠭᠤᠯᠢ ᠳᠤ ᠰᠠᠭᠤᠬᠤ ᠪᠠᠨ ᠵᠣᠭᠰᠣᠵᠤ ᠭᠡᠷ ᠲᠡᠭᠡᠨ ᠬᠠᠷᠢᠵᠤ ᠪᠠᠷᠢᠭᠠᠳᠠ ᠶᠢᠨ ᠭᠡᠰᠢᠭᠦᠨ ᠪᠣᠯᠤᠭᠰᠠᠨ ᠤᠴᠢᠷ ᠢᠶᠠᠨ ᠬᠢᠯᠢ ᠶᠢᠨ ᠴᠠᠭᠳᠠᠭᠠᠨ ᠤ ᠠᠯᠪᠠᠨ ᠳᠤ ᠪᠠᠶᠢᠭᠰᠠᠨ ᠠᠬ᠎ᠠ ᠳᠠᠭᠠᠨ ᠠᠶᠤᠭᠠᠳ ᠬᠡᠯᠡᠵᠦ ᠴᠢᠳᠠᠭ᠎ᠠ ᠦᠭᠡᠢ ᠪᠠᠶᠢᠭᠰᠠᠨ ᠶᠤᠮ᠃ ᠬᠡᠳᠦᠶᠢᠪᠡᠷ ᠲᠤᠬᠠᠢ ᠶᠢᠨ ᠴᠠᠭ ᠴᠢᠮᠡᠭᠡ ᠬᠤᠯᠪᠤᠭ᠎ᠠ ᠠᠪᠤᠨ᠎ᠠ ᠭᠡᠵᠦ ᠵᠠᠬᠢᠳᠠᠯ ᠳ᠋ᠢᠶᠠᠨᠪᠤᠤ ᠠᠴᠠ ᠥᠭᠡᠷ᠎ᠡ ᠵᠦᠢᠯ ᠪᠠᠶᠢᠭᠰᠠᠨ ᠦᠭᠡᠢ ᠴᠤ᠂ ᠮᠢᠨᠤ ᠠᠬ᠎ᠠ ᠨᠠᠮᠠᠶᠢ ᠰᠤᠷᠭᠠᠭᠤᠯᠢ ᠠᠴᠠ ᠭᠠᠷᠤᠭᠰᠠᠨ ᠶᠠᠪᠤᠳᠠᠯ ᠢ ᠭᠠᠳᠠᠷᠯᠠᠭᠰᠠᠨ ᠴᠤ ᠶᠤᠮ ᠤᠤ᠂ ᠨᠠᠮᠠᠶᠢ ᠲᠡᠭᠦᠨ ᠤ ᠲᠡᠨᠳᠡ ᠣᠴᠢᠵᠤ ᠰᠤᠷᠭᠠᠭᠤᠯᠢ ᠳᠤ ᠰᠠᠭᠤ ᠭᠡᠰᠡᠨ ᠨᠢᠭᠡᠨ ᠬᠤᠪᠢ ᠵᠠᠬᠢᠳᠠᠯ ᠢᠷᠡᠭᠦᠯᠦᠭᠰᠡᠨ ᠪᠠᠶᠢᠪᠠ᠃ ᠲᠡᠭᠡᠭᠡᠳ ᠪᠢ ᠪᠠᠷᠢᠭᠠᠳᠠ ᠠᠴᠠ ᠲᠠᠨᠢᠯᠴᠠᠭᠤᠯᠭ᠎ᠠ ᠶᠢᠨ ᠪᠢᠴᠢᠭ ᠭᠠᠷᠭᠠᠵᠤ ᠠᠪᠤᠭᠠᠳ᠂ ᠰᠤᠷᠭᠠᠭᠤᠯᠢ ᠶᠢᠨ ᠪᠠ᠊᠆ ᠵᠠᠬᠢᠷᠤᠯ ᠳᠤ ᠲᠠᠨᠢᠯᠴᠠᠭᠤᠯᠭ᠎ᠠ ᠶᠢᠨ ᠪᠢᠴᠢᠭ ᠢᠶᠠᠨ ᠦᠵᠡᠭᠦᠯᠦᠨ᠂ ︽ᠪᠢ ᠣᠳᠤ ᠠᠬ᠎ᠠ ᠶᠢᠨ ᠬᠠᠵᠠᠭᠤ ᠳᠤ ᠣᠴᠢᠵᠤ ᠰᠤᠷᠭᠠᠭᠤᠯᠢ ᠳᠤ ᠰᠠᠭᠤᠨ᠎ᠠ᠂ ᠲᠠ ᠰᠤᠷᠭᠠᠭᠤᠯᠢ ᠰᠢᠯᠵᠢᠭᠦ ᠭᠡᠷᠡᠴᠢ ᠲᠡᠮᠳᠡᠭ ᠭᠠᠷᠭᠠᠵᠤ ᠥᠭᠬᠦ ᠶᠢ ᠭᠤᠶᠤᠶ᠎ᠠ︾ ᠭᠡᠰᠡᠨ ᠳᠤ᠂ ︽ᠬᠡᠳᠦᠨ ᠣᠨ ᠪᠤᠢ︖︾ ᠭᠡᠵᠦ ᠠᠰᠠᠭᠤᠪᠠ᠃ ︽ᠠᠩᠬ᠎ᠠ ᠳᠤᠮᠳᠠᠳᠤ ᠰᠤᠷᠭᠠᠭᠤᠯᠢ ᠳᠤ ᠰᠠᠭᠤᠨ᠎ᠠ︾ ᠭᠡᠵᠦ ᠬᠠᠷᠢᠭᠤᠯᠪᠠ᠃ ᠲᠡᠭᠡᠭᠡᠳ ᠲᠡᠷᠡ ᠨᠠᠳᠠᠳᠤ ᠪᠠᠭ᠎ᠠ ᠰᠤᠷᠭᠠᠭᠤᠯᠢ ᠲᠡᠭᠦᠰᠪᠡ ᠭᠡᠰᠡᠨ ᠰᠤᠷᠭᠠᠭᠤᠯᠢ ᠰᠢᠯᠵᠢᠭᠦ ᠭᠡᠷᠡᠴᠢ ᠲᠡᠮᠳᠡᠭ ᠭᠠᠷᠭᠠᠵᠤ ᠥᠭᠪᠡ᠃ ᠡᠨᠡᠬᠦ ᠭᠡᠷᠡᠴᠢ ᠲᠡᠮᠳᠡᠭ ᠢᠶᠠᠨ ᠠᠪᠴᠤ ᠬᠤᠰᠢᠭᠤᠨ ᠳᠤ ᠢᠷᠡᠵᠦ ᠳᠣᠲᠣᠭᠠᠳᠤ ᠶᠢ ᠬᠠᠮᠠᠭᠠᠯᠠᠬᠤ ᠬᠡᠯᠲᠡᠰ ︵ᠲᠡᠷᠡ ᠦᠶ᠎ᠡ ᠳᠤ ᠬᠠᠤᠯᠢ ᠴᠠᠭᠠᠵᠠ ᠶᠢᠨ ᠰᠠᠯᠠᠭ᠎ᠠ ᠮᠥᠴᠢᠷ ᠢ ᠨᠡᠶᠢᠯᠡᠭᠦᠯᠦᠨ ᠡᠶᠢᠮᠦ ᠨᠡᠷ᠎ᠡ ᠲᠠᠢ ᠪᠣᠯᠤᠭᠰᠠᠨ ᠪᠠᠶᠢᠪᠠ︶ ᠲᠤ ᠣᠴᠢᠵᠤ ᠬᠢᠯᠢ ᠶᠢᠨ ᠭᠡᠷᠡᠴᠢ ᠠᠪᠬᠤ ᠭᠡᠰᠡᠨ ᠳᠤ ᠨᠢᠭᠡ ᠬᠦᠰᠦᠨᠦᠭ ᠥᠭᠴᠦ ᠲᠠᠭᠯᠠᠭᠤᠯᠤᠭᠠᠳ ᠵᠠᠪᠠᠯ ᠨᠢᠭᠡ ᠢᠮᠠᠬᠤ ᠶᠢᠨ ᠭᠡᠷᠡᠯ ᠵᠢᠷᠤᠭ ᠨᠠᠭᠠᠬᠤ ᠴᠢᠬᠤᠯᠠ ᠲᠠᠢ ᠪᠥᠭᠡᠳ ᠬᠢᠯᠢ ᠳᠤ ᠨᠡᠪᠲᠡᠷᠡᠬᠦ ᠲᠡᠮᠳᠡᠭ ᠳᠡᠭᠡᠷ᠎ᠡ ᠪᠠᠰᠠ ᠭᠡᠷᠡᠯ ᠵᠢᠷᠤᠭ ᠨᠠᠭᠠᠬᠤ ᠬᠡᠷᠡᠭᠲᠡᠢ ᠭᠡᠵᠦ ᠵᠠᠬᠢᠪᠠ᠃ ᠲᠡᠷᠡ ᠦᠶ᠎ᠡ ᠳᠤ ᠨᠠᠳᠠᠳᠤ ᠪᠠᠭᠤᠯᠭᠠᠭᠰᠠᠨ ᠰᠡᠭᠦᠳᠡᠷ ᠵᠢᠷᠤᠭ ᠭᠡᠵᠦ ᠪᠠᠶᠢᠭᠰᠠᠨ ᠦᠭᠡᠢ ᠲᠤᠯᠠ ᠬᠤᠷᠳᠤᠯᠠᠨ ᠭᠠᠷᠴᠤ ᠭᠡᠷᠡᠯ ᠵᠢᠷᠤᠭ ᠤᠨ ᠭᠠᠵᠠᠷ ᠲᠤ ᠬᠦᠷᠴᠦ ᠵᠢᠷᠤᠭ ᠠᠪᠤᠭᠤᠯᠤᠭᠠᠳ ︽ᠬᠡᠵᠢᠶ᠎ᠡ ᠤᠬᠢᠶᠠᠵᠤ ᠭᠠᠷᠭᠠᠬᠤ ᠪᠤᠢ︖︾ ᠭᠡᠵᠦ ᠶᠠᠩ ᠣᠪᠣᠭᠲᠤ ᠭᠡᠷᠡᠯ ᠵᠢᠷᠤᠭ ᠲᠠᠲᠠᠭᠴᠢ ᠠᠴᠠ ᠠᠰᠠᠭᠤᠭᠰᠠᠨ ᠳᠤ᠂ ︽ᠭᠤᠷᠪᠠᠨ ᠡᠳᠦᠷ ᠤᠨ ᠳᠠᠷᠠᠭ᠎ᠠ︾ ᠭᠡᠵᠦ ᠬᠠᠷᠢᠭᠤᠯᠪᠠ᠃ ᠲᠤᠬᠠᠢ ᠶᠢᠨ ᠦᠶ᠎ᠡ ᠨᠢ ᠶᠠᠭ ᠣᠷᠣᠢ ᠶᠢᠨ ᠠᠵᠢᠯ ᠪᠠᠭᠤᠬᠤ ᠴᠠᠭ ᠪᠣᠯᠣᠭᠠᠳ ᠪᠠᠶᠢᠭᠰᠠᠨ ᠲᠤᠯᠠ ᠬᠠᠵᠠᠭᠤ ᠲᠠᠯ᠎ᠠ ᠳᠤ ᠪᠠᠶᠢᠷᠢᠰᠢᠭᠰᠠᠨ ᠬᠤᠰᠢᠭᠤᠨ ᠤ ᠲᠥᠪ ᠲᠠᠬᠢ ᠴᠤᠷ ᠤᠨ ᠭᠠᠭᠴᠠ ᠣᠯᠠᠨ ᠨᠡᠶᠢᠲᠡ ᠶᠢᠨ ᠬᠤᠭᠤᠯᠠᠨ ᠭᠡᠷ ᠲᠤ ᠶᠠᠩ ᠣᠪᠣᠭᠲᠤ ᠭᠡᠷᠡᠯ ᠵᠢᠷᠤᠭ ᠲᠠᠲᠠᠭᠴᠢ ᠶᠢ ᠵᠠᠯᠠᠨ ᠬᠤᠶᠠᠭᠤᠯᠠ ᠳᠦᠭᠦᠮ ᠬᠤᠭᠤᠯᠠ ᠵᠠᠬᠢᠶᠠᠯᠠᠨ ᠬᠤᠭᠤᠯᠠᠯᠠᠪᠠ᠃ ᠴᠣᠬᠤᠮ ᠶᠠᠭᠤᠨ ᠠᠴᠠ ᠪᠣᠯᠤᠭᠰᠠᠨ ᠢ ᠮᠡᠳᠡᠭᠰᠡᠨ ᠦᠭᠡᠢ᠂ ᠶᠠᠩ ᠭᠤᠸᠠᠢ ᠨᠠᠳᠠᠳᠤ ︽ᠮᠠᠷᠭᠠᠰᠢ ᠠᠵᠢᠯ ᠳᠤ ᠭᠠᠷᠤᠭᠰᠠᠭᠠᠷ ᠢᠷᠡᠵᠦ ᠭᠡᠷᠡᠯ ᠵᠢᠷᠤᠭ ᠢᠶᠠᠨ ᠠᠪᠤᠭᠠᠷᠠᠢ︾ ᠭᠡᠰᠡᠨ ᠲᠠᠭᠠᠯᠠᠮᠵᠢᠲᠠᠶᠢᠬᠠᠨ ᠦᠭᠡ ᠬᠠᠶᠢᠷᠠᠯᠠᠯ᠎ᠠ᠃ ᠳᠠᠷᠠᠭ᠎ᠠ ᠡᠳᠦᠷ ᠤᠨ ᠬᠢᠨᠢ ᠠᠵᠢᠯ ᠳᠤ ᠭᠠᠷᠬᠤ ᠴᠠᠭ ᠢ ᠠᠮᠵᠢᠨ ᠭᠡᠷᠡᠯ ᠵᠢᠷᠤᠭ ᠢᠶᠠᠨ ᠠᠪᠤᠭᠠᠳ ᠳᠣᠲᠣᠭᠠᠳᠤ ᠶᠢ ᠬᠠᠮᠠᠭᠠᠯᠠᠬᠤ ᠭᠠᠵᠠᠷ ᠲᠤ ᠣᠴᠢᠵᠤ ᠭᠡᠷᠡᠯ ᠵᠢᠷᠤᠭ ᠢᠶᠠᠨ ᠥᠭᠭᠦᠭᠰᠡᠨ ᠳᠤ ᠥᠨᠥᠬᠢ ᠬᠦᠰᠦᠨᠦᠭ ᠳᠡᠭᠡᠷ᠎ᠡ ᠨᠠᠭᠠᠭᠠᠳ ᠭᠡᠷᠡᠯ ᠵᠢᠷᠤᠭ ᠤᠨ ᠳᠣᠣᠷ᠎ᠠ ᠥᠨᠴᠥᠭ ᠢ ᠲᠠᠭᠠᠷᠠᠭᠤᠯᠵᠤ ᠲᠠᠮᠠᠭ᠎ᠠ ᠪᠠᠨ ᠳᠠᠷᠤᠭᠠᠳ᠂ ︽ᠴᠢ ᠡᠭᠦᠨ ᠢ ᠠᠪᠤᠭᠠᠳ ᠦ᠋ ᠸᠧᠢ ᠲᠤᠰᠬᠠᠢ ᠲᠣᠭᠤᠷᠢᠭ ᠲᠤ ᠣᠴᠢᠵᠤ ᠬᠢᠯᠢ ᠶᠢᠨ ᠭᠠᠵᠠᠷ ᠨᠡᠪᠲᠡᠷᠡᠬᠦ ᠭᠡᠷᠡᠴᠢ ᠲᠡᠮᠳᠡᠭ ᠢ ᠰᠣᠯᠢᠵᠤ ᠠᠪ︾ ᠭᠡᠳ ᠬᠦᠰᠦᠨᠦᠭᠲᠦ ᠶᠢ ᠨᠠᠳᠠᠳᠤ ᠭᠠᠷᠳᠠᠭᠤᠯᠪᠠ᠃ ᠪᠢ ᠲᠡᠨᠳᠡ ᠠᠴᠠ ᠭᠠᠷᠴᠤ ᠪᠠᠭᠤᠳᠠᠯ ᠳᠤ ᠢᠷᠡᠭᠡᠳ ᠦ᠋ ᠸᠧᠢ ᠳᠤ ᠶᠠᠪᠤᠬᠤ ᠭᠡᠰᠡᠨ ᠪᠤᠯᠪᠠᠴᠤ ᠲᠡᠷᠡ ᠬᠦᠰᠦᠨᠦᠭᠲᠦ ᠶᠢ ᠬᠠᠷᠠᠵᠤ ᠡᠨᠡ ᠳᠡᠭᠡᠷ᠎ᠡ ᠮᠢᠨᠤ ᠰᠡᠭᠦᠳᠡᠷ ᠵᠢᠷᠤᠭ ᠪᠠᠶᠢᠬᠤ ᠪᠠᠷ ᠪᠠᠷᠠᠬᠤ ᠦᠭᠡᠢ ᠳᠡᠭᠡᠷ᠎ᠡ ᠨᠢ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠬᠡᠯᠲᠡᠰ ᠤᠨ ᠲᠠᠮᠠᠭ᠎ᠠ ᠪᠠᠶᠢᠬᠤ ᠲᠤᠯᠠ ᠡᠨᠡ ᠨᠢ ᠨᠠᠳᠠᠳᠤ ᠪᠣᠳᠠᠲᠤ ᠭᠡᠷᠡᠴᠢ ᠪᠤᠯᠬᠤ ᠪᠢᠰᠢᠦ ᠭᠡᠵᠦ ᠪᠤᠳᠤᠭᠠᠳ ᠦ᠋ ᠸᠧᠢ ᠳᠤ ᠬᠦᠷᠴᠦ ᠬᠢᠯᠢ ᠳᠤ ᠨᠡᠪᠲᠡᠷᠡᠬᠦ ᠲᠡᠮᠳᠡᠭ ᠠᠪᠬᠤ ᠦᠭᠡᠢ ᠪᠠᠷ ᠰᠢᠢᠳᠪᠡ᠃ ᠶᠠᠭ ᠡᠨᠡ ᠦᠶ᠎ᠡ ᠳᠤ ᠮᠢᠨᠤ ᠲᠠᠨᠢᠳᠠᠭ ᠳ᠋ᠠᠬᠪᠠ ᠭᠡᠳᠡᠭ ᠬᠥᠮᠥᠨ ᠰᠦᠮᠪᠤᠷ ᠲᠤ ᠪᠠᠶᠢᠭ᠎ᠠ ᠠᠬ᠎ᠠ ᠶᠢᠨ ᠳᠠᠭᠠᠨ ᠣᠴᠢᠬᠤ ᠳᠠᠭᠠᠷᠠᠵᠦ ᠬᠠᠮᠲᠤ ᠶᠠᠪᠤᠬᠤ ᠪᠠᠷ ᠪᠣᠯᠪᠠ᠃ ᠲᠡᠷᠡ ᠬᠡᠯᠡᠭᠰᠡᠨ ᠨᠢ ︽ᠪᠢᠳᠠ ᠮᠥᠩᠭᠦᠨᠪᠤᠯᠠᠭ ᠤᠨ ᠰᠢᠯᠢᠨᠪᠤᠯᠠᠭ ᠪᠠᠷᠢᠭᠠᠳᠠ ᠶᠢᠨ ᠥᠯᠵᠡᠶᠢᠵᠢᠷᠭᠠᠯ ᠭᠡᠳᠡᠭ ᠠᠶᠢᠯ ᠳᠤ ᠭᠦᠷᠦᠨ᠎ᠡ᠂ ᠲᠡᠳᠡ ᠮᠠᠨ ᠢ ᠦᠬᠡᠷ ᠤᠰᠤᠨ ᠭᠡᠳᠡᠭ ᠭᠠᠵᠠᠷ ᠠᠴᠠ ᠲᠤᠰᠴᠤ ᠠᠪᠤᠭᠠᠳ ᠡᠨᠡ ᠠᠶᠢᠯ ᠬᠦᠷᠬᠦ ᠳᠤ ᠰᠦᠮᠪᠦᠷ ᠠᠴᠠ ᠤᠨᠤᠭ᠎ᠠ ᠢᠷᠡᠵᠦ ᠨᠠᠮᠠᠶᠢ ᠲᠤᠰᠬᠤ ᠶᠤᠮ᠃ ᠲᠡᠭᠡᠭᠡᠳ ᠲᠡᠨᠳᠡ ᠠᠴᠠ ᠪᠢᠳᠠ ᠬᠠᠮᠲᠤ ᠳᠠᠭᠠᠨ ᠶᠠᠪᠤᠵᠠᠭᠠᠶ᠎ᠠ︾ ᠭᠡᠳ ᠬᠤᠰᠢᠭᠤᠨ ᠠᠴᠠ ᠮᠥᠩᠭᠦᠨᠪᠤᠯᠠᠭ ᠬᠦᠷᠬᠦ ᠣᠯᠠᠨ ᠨᠡᠶᠢᠲᠡ ᠶᠢᠨ ᠲᠡᠭᠡᠭᠡᠪᠦᠷᠢ ᠶᠢᠨ ᠮᠠᠰᠢᠨ ᠪᠤᠯᠬᠤ ᠵᠢᠶᠧ ᠹᠠᠩ ᠲᠡᠮᠳᠡᠭᠲᠦ ᠵᠠᠳᠠᠭᠠᠢ ᠲᠡᠷᠭᠡᠨ ᠤ ᠪᠢᠯᠧᠲ ᠠᠪᠤᠭᠠᠳ ᠠᠯᠤᠰ ᠤᠨ ᠠᠶᠠᠨ ᠢᠶᠠᠨ ᠡᠬᠢᠯᠡᠭᠦᠯᠪᠡ᠃ ᠦᠳᠡ ᠶᠢᠨ ᠬᠤᠶᠢᠨ᠎ᠠ ᠶᠢᠨ ᠳᠦᠷᠪᠡᠨ ᠴᠠᠭ ᠤᠨ ᠠᠯᠳᠠ ᠳᠤ ᠪᠢᠳᠠᠨ ᠤ ᠰᠠᠭᠤᠭᠰᠠᠨ ᠲᠡᠷᠭᠡ ᠦᠬᠡᠷ ᠤᠰᠤᠨ ᠳᠤ ᠢᠷᠡᠬᠦ ᠳᠤ ᠥᠯᠵᠡᠶᠢᠵᠢᠷᠭᠠᠯ ᠠᠯᠢ ᠬᠡᠳᠦᠶᠢᠨ ᠢᠷᠡᠭᠡᠳ ᠪᠢᠳᠠᠨ ᠢ ᠬᠦᠯᠢᠶᠡᠵᠦ ᠪᠠᠶᠢᠪᠠ᠃ ᠪᠢᠳᠠ ᠬᠤᠶᠠᠷ ᠪᠣᠭᠴᠣ ᠪᠣᠭᠤᠳᠠᠯ ᠢᠶᠠᠨ ᠠᠪᠤᠭᠠᠳ ᠲᠡᠷᠭᠡᠨ ᠠᠴᠠ ᠪᠠᠭᠤᠵᠤ ᠤᠨᠤᠯᠭ᠎ᠠ ᠶᠢᠨ ᠡᠯᠵᠢᠭᠡᠨ ᠳᠡᠭᠡᠷ᠎ᠡ ᠶᠠᠭᠤᠮ᠎ᠠ ᠬᠡᠦᠮ᠎ᠡ ᠪᠠᠨ ᠠᠴᠢᠭᠠᠳ ᠬᠤᠶᠢᠲᠤ ᠠᠭᠤᠯᠠ ᠵᠦᠭ ᠴᠢᠭᠯᠡᠨ ᠠᠭᠤᠯᠠ ᠳᠠᠪᠠᠵᠤ ᠥᠯᠵᠡᠶᠢᠵᠢᠷᠭᠠᠯ ᠤᠨ ᠭᠡᠷ ᠲᠤ ᠭᠦᠷᠪᠡ᠃ ᠠᠳᠡ ᠪᠢᠳᠠ ᠬᠤᠶᠠᠷ ᠢᠷᠡᠬᠦ ᠤᠨᠤᠭ᠎ᠠ ᠬᠦᠯᠢᠶᠡᠭᠡᠳ ᠠᠷᠪᠠᠭᠠᠳ ᠡᠳᠦᠷ ᠪᠣᠯᠤᠭᠰᠠᠨ ᠲᠤᠯᠠ ᠪᠢ ᠬᠦᠯᠢᠶᠡᠵᠦ ᠶᠠᠳᠠᠨ ︽ᠶᠠᠪᠠᠭᠠᠨ ᠢᠶᠠᠷ ᠶᠠᠪᠤᠵᠠᠭᠠᠶ᠎ᠠ︾ ᠭᠡᠰᠡᠨ ᠳᠤ ᠳ᠋ᠠᠬᠪᠠ ᠰᠢᠭᠤᠳ ︽ᠵᠠ ᠲᠡᠭᠡᠪᠡᠯ ᠶᠠᠪᠤᠶ᠎ᠠ︾ ᠭᠡᠵᠦ ᠬᠠᠷᠢᠭᠤᠯᠪᠠ᠃ ᠪᠢᠳᠠ ᠬᠤᠶᠠᠷ ᠠᠳᠡ ᠠᠴᠠ ᠨᠤᠲᠤᠭ ᠤᠨ ᠬᠥᠮᠥᠨ ᠢᠶᠠᠷ ᠶᠡᠭᠡ ᠲᠥᠯᠥᠪ ᠵᠠᠮ ᠵᠢᠭᠠᠯᠭᠠᠨ ᠵᠠᠮ ᠳᠠᠭᠠᠨ ᠬᠤᠶᠠᠷ ᠬᠤᠨᠣᠵᠤ ᠭᠤᠷᠪᠠᠳᠠᠭᠢ ᠡᠳᠦᠷ ᠭᠤᠷᠪᠠᠨ ᠠᠯᠳᠠ ᠭᠡᠳᠡᠭ ᠭᠠᠵᠠᠷ ᠲᠤ ᠬᠦᠷᠴᠦ᠂ ᠨᠢᠭᠡ ᠡᠵᠡᠭᠦᠢ ᠠᠶᠢᠯ ᠳᠤ ᠣᠷᠣᠵᠤ ᠬᠤᠭᠤᠯᠠ ᠬᠢᠵᠦ ᠢᠳᠡᠭᠡᠳ ᠬᠤᠨᠣᠭᠯᠠᠪᠠ᠃ᠡᠨᠡ ᠠᠶᠢᠯ ᠨᠢ ᠶᠠᠭ ᠳ᠋ᠠᠬᠪᠠ ᠶᠢᠨ ᠠᠬ᠎ᠠ ᠳ᠋ᠠᠷᠵᠠ ᠶᠢᠨ ᠬᠢᠨ ᠲᠠᠢ ᠬᠠᠮᠲᠤ ᠰᠠᠭᠤᠳᠠᠭ ᠪᠠᠷᠢᠭᠠᠳᠠ ᠶᠢᠨ ᠳᠠᠷᠤᠭ᠎ᠠ ᠪᠤᠶᠠᠨᠪᠢᠯᠢᠭ᠌ ᠤᠨ ᠬᠢᠨ ᠪᠠᠶᠢᠵᠠᠢ᠃ ᠪᠢᠳᠠᠨ ᠢ ᠢᠷᠡᠬᠦ ᠠᠴᠠ ᠬᠤᠶᠠᠷ ᠰᠠᠷ᠎ᠠ ᠶᠢᠨ ᠡᠮᠦᠨ᠎ᠡ ᠨᠢ ᠮᠣᠩᠭᠤᠯ ᠤᠨ ᠲᠠᠩᠨᠠᠭᠤᠯ ᠣᠰᠣᠷ ᠬᠢᠯᠢ ᠳᠠᠪᠠᠨ ᠣᠷᠣᠵᠤ ᠢᠷᠡᠭᠰᠡᠨ ᠪᠠᠴᠢᠮ ᠴᠠᠭ ᠪᠠᠶᠢᠭᠰᠠᠨ ᠪᠠᠶᠢᠵᠠᠢ᠃ ᠪᠢᠳᠠ ᠬᠤᠶᠠᠷ ᠡᠨᠡ ᠠᠶᠢᠯ ᠳᠤ ᠢᠷᠡᠵᠦ ᠬᠤᠨᠣᠭᠰᠠᠨ ᠤ ᠳᠠᠷᠠᠭ᠎ᠠ ᠡᠳᠦᠷ ᠤᠨ ᠦᠳᠡ ᠶᠢᠨ ᠡᠮᠦᠨ᠎ᠡ ᠪᠤᠶᠠᠨᠪᠢᠯᠢᠭ᠌ ᠤᠨ ᠠᠪᠠᠭᠠᠢ ᠢᠷᠡᠵᠦ ᠳ᠋ᠠᠬᠪᠠ ᠶᠢᠨ ᠮᠥᠩᠭᠦᠨ ᠰᠢᠳᠦ ᠲᠠᠢ ᠪᠠᠶᠢᠬᠤ ᠶᠢ ᠬᠠᠷᠠᠭᠠᠳ ᠪᠢᠳᠠ ᠬᠤᠶᠠᠷ ᠢ ᠶᠡᠷᠦ ᠪᠤᠰᠤ ᠶᠢᠨ ᠡᠲᠡᠭᠡᠳ ᠢᠶᠠᠷ ᠰᠡᠵᠢᠭᠯᠡᠪᠡ᠃ ᠲᠡᠭᠡᠭᠡᠳ ᠠᠷᠤ ᠠᠴᠠ ᠨᠢ ᠪᠤᠶᠠᠨᠪᠢᠯᠢᠭ᠌ ᠪᠣᠯᠣᠨ ᠳ᠋ᠠᠬᠪᠠ ᠶᠢᠨ ᠠᠬ᠎ᠠ ᠳ᠋ᠠᠷᠵᠠ ᠨᠠᠷ ᠮᠠᠯ ᠢᠶᠠᠨ ᠲᠠᠭᠤᠵᠤ ᠢᠷᠡᠭᠡᠳ ᠬᠠᠷᠢᠯᠴᠠᠨ ᠲᠠᠨᠢᠯᠴᠠᠨ ᠪᠦᠭᠦᠳᠡᠭᠡᠷ ᠢᠶᠠᠨ ᠶᠡᠬᠡᠳᠡ ᠢᠨᠢᠶᠡᠯᠴᠡᠭᠡᠳ ᠥᠩᠭᠡᠷᠡᠪᠡ᠃ ᠪᠢ ᠲᠡᠨᠳᠡ ᠠᠴᠠ ᠥᠯᠵᠡᠢ ᠳᠤ ᠣᠴᠢᠬᠤ ᠬᠥᠮᠥᠨ ᠤ ᠤᠨᠤᠭᠠᠨ ᠳᠤ ᠳᠠᠶᠢᠬᠳᠠᠨ᠂ ᠲᠤᠬᠠᠢ ᠶᠢᠨ ᠦᠶ᠎ᠡ ᠶᠢᠨ ᠨᠢᠭᠡᠳᠦᠭᠡᠷ ᠲᠣᠭᠤᠷᠢᠭ ᠪᠠᠶᠠᠨᠮᠣᠳᠤ ᠳᠤ ᠠᠵᠢᠯᠯᠠᠵᠤ ᠪᠠᠶᠢᠭᠰᠠᠨ ᠠᠬ᠎ᠠ ᠶᠢᠨ ᠳᠠᠭᠠᠨ ᠣᠴᠢᠭᠠᠳ᠂ ᠳᠠᠷᠠᠭ᠎ᠠ ᠡᠳᠦᠷ ᠨᠢ ᠨᠢᠭᠡᠳᠦᠭᠡᠷ ᠲᠣᠭᠤᠷᠢᠭ ᠤᠨ ᠳᠤᠮᠳᠠᠳᠤ ᠰᠤᠷᠭᠠᠭᠤᠯᠢ ᠶᠢᠨ ᠠᠩᠬ᠎ᠠ ᠳᠤᠮᠳᠠᠳᠤ ᠶᠢᠨ ᠨᠢᠭᠡᠳᠦᠭᠡᠷ ᠣᠨ ᠳᠤ ᠣᠷᠣᠵᠤ ᠰᠤᠷᠤᠯᠴᠠᠪᠠ᠃ ᠪᠢ ᠶᠡᠷᠦᠨᠢ ᠪᠠᠭ᠎ᠠ ᠰᠤᠷᠭᠠᠭᠤᠯᠢ ᠶᠢᠨ ᠳᠦᠷᠪᠡᠨ ᠣᠨ ᠠᠴᠠ ᠬᠤᠶᠢᠰᠢᠬᠢ ᠠᠭᠤᠯᠭ᠎ᠠ ᠶᠢ ᠰᠤᠷᠤᠬᠰᠠᠨ ᠦᠭᠡᠢ ᠪᠣᠯᠬᠤᠷ ᠲᠣᠭᠠᠨ ᠤ ᠤᠬᠠᠭᠠᠨ ᠤ ᠬᠢᠴᠢᠶᠡᠯ ᠳᠤ ᠮᠠᠰᠢ ᠬᠦᠴᠢᠷᠳᠡᠵᠦ ᠪᠠᠶᠢᠯ᠎ᠠ᠃ ᠲᠡᠭᠡᠭᠡᠳ ᠠᠳᠡ ᠪᠠᠨ ᠨᠠᠮᠤᠷ ᠤᠨ ᠬᠤᠭᠤᠴᠠᠭ᠎ᠠ ᠶᠢ ᠲᠡᠭᠦᠰᠬᠡᠭᠡᠳ ᠳᠠᠭᠢᠨ ᠠᠯᠠᠱᠠ ᠪᠠᠷᠠᠭᠤᠨ ᠬᠤᠰᠢᠭᠤᠨ ᠳᠠᠭᠠᠨ ᠢᠷᠡᠵᠦ ᠬᠤᠰᠢᠭᠤᠨ ᠤ ᠳᠤᠮᠳᠠᠳᠤ ᠰᠤᠷᠭᠠᠭᠤᠯᠢ ᠳᠤ ᠰᠤᠷᠤᠯᠴᠠᠨ ᠥᠨᠳᠥᠷ ᠳᠤᠮᠳᠠᠳᠤ ᠪᠠᠨ ᠲᠡᠭᠦᠰᠬᠡᠵᠡᠢ᠃ ᠡᠨᠡ ᠬᠤᠭᠤᠴᠠᠭᠠᠨ ᠳᠤ ᠪᠢ ᠰᠤᠷᠭᠠᠭᠤᠯᠢ ᠶᠢᠨ ᠲᠠᠮᠢᠷ ᠤᠨ ᠬᠡᠷᠡᠭᠰᠡᠯ ᠬᠠᠮᠢᠶᠠᠷᠬᠤ ᠪᠥᠭᠡᠳ ᠡᠳᠦᠷ ᠪᠦᠷᠢ ᠶᠢᠨ ᠬᠢᠴᠢᠶᠡᠯ ᠤᠨ ᠵᠠᠪᠰᠠᠷ ᠤᠨ ᠲᠠᠮᠢᠷ ᠢ ᠵᠢᠯᠣᠭᠤᠳᠤᠨ ᠮᠥᠷᠯᠡᠭᠦᠯᠵᠦ ᠲᠠᠮᠢᠷ ᠭᠢᠯᠭᠡᠳᠡᠭ ᠪᠠᠶᠢᠭᠰᠠᠨ᠃ ᠪᠠᠰᠠ ᠬᠤᠰᠢᠭᠤᠨ ᠤ ᠠᠵᠢᠯ ᠤᠨ ᠴᠢᠯᠦᠭᠡᠨ ᠤ ᠭᠠᠵᠠᠷ ᠬᠥᠳᠡᠯᠬᠦ ᠶᠢ ᠤᠷᠢᠳᠴᠢᠯᠠᠨ ᠰᠢᠨᠵᠢᠨ ᠮᠡᠳᠡᠭᠡᠯᠡᠬᠦ ᠠᠯᠪᠠᠨ ᠭᠡᠷ ᠤᠨ ᠰᠢᠡᠵᠢᠭᠴᠢ ᠶᠢᠨ ᠠᠵᠢᠯ ᠢ ᠭᠠᠷᠳᠠᠵᠤ ᠪᠠᠶᠢᠭᠰᠠᠨ ᠪᠥᠭᠡᠳ ᠭᠤᠷᠪᠠ ᠤᠳᠠᠭᠠᠨ ᠤ ᠶᠡᠬᠡᠬᠡᠨ ᠭᠠᠵᠠᠷ ᠬᠥᠳᠡᠯᠦᠯᠲᠡ ᠶᠢ ᠤᠷᠢᠳᠴᠢᠯᠠᠨ ᠮᠡᠳᠡᠭᠡᠯᠡᠭᠰᠡᠨ ᠠᠴᠠ ᠭᠠᠨᠰᠤ ᠮᠤᠵᠢ ᠶᠢᠨ ᠦ᠋ ᠸᠧᠢ ᠣᠷᠣᠨ ᠤ ᠲᠡᠷᠢᠭᠦᠨ ᠤ ᠠᠵᠢᠯᠲᠠᠨ ᠢᠶᠠᠷ ᠰᠣᠩᠭᠤᠭᠳᠠᠵᠤ ᠥᠩᠭᠡᠷᠡᠪᠡ᠃ ᠪᠠᠰᠠ ᠰᠤᠷᠭᠠᠭᠤᠯᠢ ᠳᠠᠭᠠᠨ ᠣᠶᠤᠨᠲᠤ ᠪᠠᠭᠰᠢ ᠶᠢᠨ ᠵᠢᠯᠣᠭᠤᠳᠤᠯᠭ᠎ᠠ ᠳᠣᠣᠷ᠎ᠠ ︽ᠢᠯᠵᠢᠮᠡᠭ ᠬᠦᠴᠢᠯ ᠤᠨ ᠨᠠᠲᠷᠢ︾ ᠬᠡᠮᠡᠬᠦ ᠬᠢᠮᠢ ᠶᠢᠨ ᠪᠣᠷᠳᠣᠭᠤᠷ ᠢ ᠲᠤᠷᠰᠢᠨ ᠪᠦᠲᠦᠭᠡᠵᠦ᠂ ᠰᠤᠷᠭᠠᠭᠤᠯᠢ ᠶᠢᠨ ᠲᠠᠷᠢᠶᠠᠯᠠᠩ ᠤᠨ ᠲᠠᠯᠠᠪᠠᠢ ᠳᠤ ᠶᠡᠬᠡᠪᠡᠷ ᠠᠰᠢᠭᠯᠠᠭᠳᠠᠭᠰᠠᠨ ᠥᠩᠭᠡᠷᠡᠯᠲᠡ ᠲᠠᠢ᠃ ᠡᠨᠡ ᠮᠡᠲᠦ ᠪᠠᠷ ᠰᠤᠷᠤᠯᠴᠠᠨ ᠪᠠᠶᠢᠵᠤ ᠰᠤᠷᠤᠯᠭ᠎ᠠ ᠪᠠᠨ ᠲᠡᠭᠦᠰᠬᠡᠨ ᠨᠤᠲᠤᠭ ᠲᠠᠭᠠᠨ ᠬᠠᠷᠢᠵᠤ ᠨᠢᠭᠡ ᠠᠴᠠ ᠳᠦᠷᠪᠡᠨ ᠣᠨ ᠤ 28 ᠰᠤᠷᠤᠬᠴᠢ ᠲᠠᠢ ︽ᠲᠡᠮᠡᠭᠡᠨ ᠨᠢᠷᠤᠭᠤᠨ ᠳᠡᠭᠡᠷᠡᠬᠢ ᠰᠤᠷᠭᠠᠭᠤᠯᠢ︾ ᠳᠤ ᠪᠠᠭᠰᠢᠯᠠᠪᠠ᠃      ᠬᠤᠶᠠᠷ᠂ ᠰᠤᠳᠤᠷ ᠤᠨ ᠳᠠᠯᠠᠢ ᠳᠤ ᠠᠩᠬ᠎ᠠ ᠱᠤᠩᠪᠠᠵᠦ ᠡᠬᠢᠯᠡᠭᠰᠡᠨ ᠨᠢ      ᠪᠢ ᠠᠯᠠᠱᠠ ᠪᠠᠷᠠᠭᠤᠨ ᠬᠤᠰᠢᠭᠤᠨ ᠤ ᠳᠤᠮᠳᠠᠳᠤ ᠰᠤᠷᠭᠠᠭᠤᠯᠢ ᠳᠤ ᠰᠤᠷᠤᠯᠭ᠎ᠠ ᠰᠢᠯᠵᠢᠨ ᠢᠷᠡᠵᠦ ᠰᠤᠷᠤᠯᠴᠠᠬᠰᠠᠨ ᠦᠶ᠎ᠡ ᠠᠴᠠ ᠡᠬᠢᠯᠡᠭᠡᠳ᠂ ᠭᠠᠷᠠᠭ ᠤᠨ ᠡᠳᠦᠷ ᠪᠣᠯᠭᠠᠨ ᠳᠤ ᠰᠢᠨᠬᠤᠸᠠ ᠨᠣᠮ ᠤᠨ ᠳᠡᠯᠭᠡᠭᠦᠷ ᠲᠤ ᠣᠴᠢᠵᠤ ᠨᠣᠮ ᠤᠩᠰᠢᠳᠠᠭ ᠪᠠᠶᠢᠯ᠎ᠠ᠃ ᠲᠡᠷᠡ ᠦᠶ᠎ᠡ ᠳᠤ ᠦᠳᠡ ᠶᠢᠨ ᠬᠤᠭᠤᠯᠠ ᠶᠢ ᠦᠳᠡ ᠶᠢᠨ ᠡᠮᠦᠨ᠎ᠡ ᠶᠢᠨ 10 ᠴᠠᠭ᠂ ᠣᠷᠣᠢ ᠶᠢᠨ ᠬᠤᠭᠤᠯᠠ ᠶᠢ ᠦᠳᠡ ᠶᠢᠨ ᠬᠤᠶᠢᠨ᠎ᠠ ᠶᠢᠨ 5 ᠴᠠᠭ ᠲᠤ ᠡᠬᠢᠯᠡᠭᠦᠯᠳᠡᠭ ᠪᠠᠶᠢᠭᠰᠠᠨ᠂ ᠦᠳᠡ ᠪᠠ ᠣᠷᠣᠢ ᠶᠢᠨ ᠬᠤᠭᠤᠯᠠ ᠶᠢᠨ ᠬᠤᠭᠤᠷᠤᠨᠳᠤᠭᠢ ᠴᠠᠭ ᠨᠢ ᠮᠢᠨᠤ ᠨᠣᠮ ᠤᠩᠰᠢᠬᠤ ᠴᠠᠭ ᠪᠠᠶᠢᠵᠤ᠂ ᠴᠠᠭ ᠢ ᠠᠮᠵᠢᠨ ᠰᠢᠨᠬᠤᠸᠠ ᠳᠡᠯᠭᠡᠭᠦᠷ ᠲᠤ ᠣᠴᠢᠵᠤ ᠨᠣᠮ ᠤᠩᠰᠢᠳᠠᠭ ᠪᠠᠶᠢᠪᠠ᠃ ᠦᠨᠡᠨᠳᠡᠭᠡᠨ ᠰᠢᠨᠬᠤᠸᠠ ᠨᠣᠮ ᠤᠨ ᠳᠡᠯᠭᠡᠭᠦᠷ ᠲᠤ ᠢᠯᠡ ᠬᠤᠳᠠᠯᠳᠤᠵᠤ ᠪᠠᠶᠢᠭ᠎ᠠ ᠨᠣᠮ ᠰᠤᠳᠤᠷ ᠤᠨ ᠳᠣᠲᠣᠷ᠎ᠠ ᠠᠴᠠ ᠮᠢᠨᠤ ᠤᠩᠰᠢᠨ ᠪᠠᠭ᠋ᠠᠷᠬᠠᠵᠤ ᠪᠠᠶᠢᠭᠰᠠᠨ ᠨᠣᠮ ᠨᠢ ︽ᠪᠤᠮᠠᠨ ᠡᠷᠳᠡᠨᠢ ᠶᠢᠨ ᠲᠦᠯᠬᠢᠭᠦᠷ︾ ᠭᠡᠳᠡᠭ ᠴᠤᠪᠤᠷᠠᠯ ᠨᠣᠮ ᠪᠠᠶᠢᠪᠠ᠃ ᠡᠨᠡ ᠳᠡᠯᠭᠡᠭᠦᠷ ᠲᠤ ᠨᠠᠩᠰᠠᠯᠮ᠎ᠠ ᠭᠡᠳᠡᠭ ᠨᠡᠷ᠎ᠡ ᠲᠠᠢ ᠨᠢᠭᠡ ᠠᠨᠢᠶ᠎ᠠ ᠪᠠᠶᠢᠭᠰᠠᠨ᠃ ᠲᠡᠷᠡ ᠮᠢᠨᠤ ᠭᠠᠷᠠᠭ ᠤᠨ ᠡᠳᠦᠷ ᠪᠦᠷᠢ ᠢᠷᠡᠵᠦ ᠨᠣᠮ ᠤᠩᠰᠢᠳᠠᠭ ᠪᠠᠶᠢᠭᠰᠠᠨ ᠳᠤ ᠰᠡᠳᠬᠢᠯ ᠬᠥᠳᠡᠯᠦᠭᠰᠡᠨ ᠶᠤᠮ ᠤᠤ᠂ ᠡᠰᠡᠪᠡᠯ ᠪᠤᠰᠤᠳ ᠤᠩᠰᠢᠭᠴᠢᠳ ᠤᠨ ᠥᠭᠡᠷ᠎ᠡ ᠲᠠᠯ᠎ᠠ ᠶᠢᠨ ᠪᠤᠷᠤᠭᠤ ᠣᠶᠢᠯᠠᠭᠠᠯᠲᠠ ᠣᠷᠤᠭᠤᠯᠬᠤ ᠠᠴᠠ ᠰᠡᠷᠡᠮᠵᠢᠯᠡᠭᠰᠡᠨ ᠶᠤᠮ ᠤᠤ ᠪᠤᠤ ᠮᠡᠳᠡ᠂ ᠰᠡᠭᠦᠯᠳᠡᠵᠦ ᠢᠷᠡᠭᠡᠳ ᠨᠠᠮᠠᠶᠢ ᠰᠢᠭᠤᠳ ᠨᠣᠮ ᠤᠨ ᠬᠥᠮᠥᠷᠭᠡ ᠳᠡᠭᠡᠨ ᠳᠠᠭᠠᠭᠤᠯᠤᠨ ᠣᠷᠣᠭᠤᠯᠤᠭᠠᠳ᠂ ︽ᠪᠢᠲᠡᠭᠡᠢ ᠳᠠᠭᠤ ᠴᠢᠮᠡᠭᠡ ᠭᠠᠷᠭ᠎ᠠ᠂ ᠰᠡᠮᠡᠭᠡᠷ ᠰᠠᠭᠤᠭᠠᠳ ᠨᠣᠮ ᠦᠵᠡ᠂ ᠡᠭᠦᠨ ᠢ ᠬᠡᠨ ᠳᠤ ᠴᠤ ᠬᠡᠯᠡᠵᠦ ᠪᠤᠯᠬᠤ ᠦᠭᠡᠢ︾ ᠭᠡᠵᠦ ᠵᠠᠬᠢᠭᠠᠳ ᠡᠭᠦᠳᠡ ᠶᠢ ᠭᠠᠳᠠᠨ᠎ᠠ ᠠᠴᠠ ᠨᠢ ᠣᠨᠢᠰᠤᠯᠠᠭᠠᠳ ᠶᠠᠪᠤᠳᠠᠭ ᠪᠠᠶᠢᠯ᠎ᠠ᠃ ᠲᠡᠷᠡ ᠦᠶ᠎ᠡ ᠳᠤ ᠰᠢᠨᠬᠤᠸᠠ ᠨᠣᠮ ᠤᠨ ᠳᠡᠯᠭᠡᠭᠦᠷ ᠤᠨ ᠮᠠᠰᠢ ᠣᠯᠠᠨ ᠨᠣᠮ ᠢ ᠲᠠᠯᠪᠢᠭᠤᠷ ᠠᠴᠠ ᠪᠠᠭᠤᠯᠭᠠᠭᠠᠳ ᠴᠥᠮ ᠢ ᠬᠥᠮᠥᠷᠭᠡ ᠳᠤ ᠬᠠᠳᠠᠭᠠᠯᠠᠵᠤ ᠪᠠᠶᠢᠵᠠᠢ᠃ ᠪᠢ ᠲᠡᠨᠳᠡ ︽ᠰᠠᠷᠠᠭᠤᠯ ᠨᠤᠲᠤᠭ︾᠂ ︽ᠲᠠᠯ᠎ᠠ ᠶᠢᠨ ᠲᠦᠳᠡᠭ︾᠂ ︽ᠵᠠᠩᠭᠠᠷ︾᠂ ︽ᠳᠠᠯᠠᠨ ᠬᠤᠳᠠᠯᠴᠢ︾᠂ ︽ᠭᠤᠴᠢᠨ ᠬᠤᠶᠠᠷ ᠮᠣᠳᠣᠨ ᠬᠥᠮᠥᠨ ᠤ ᠦᠯᠢᠭᠡᠷ︾᠂ ︽ᠤᠯᠠᠭᠠᠨ ᠬᠠᠳᠠ︾᠂ ︽ᠡᠷᠲᠡᠨ ᠡᠳᠦᠭᠡ ᠶᠢᠨ ᠭᠠᠶᠢᠬᠠᠮᠰᠢᠭᠲᠤ ᠦᠵᠡᠭᠳᠡᠯ︾᠂ ︽ᠪᠠᠷᠠᠭᠤᠨᠰᠢ ᠵᠣᠷᠴᠢᠭᠰᠠᠨ ᠦᠯᠢᠭᠡᠷ︾᠂ ︽ᠱᠦᠢ ᠬᠤ᠋ ᠶᠢᠨ ᠦᠯᠢᠭᠡᠷ︾᠂ ︽ᠤᠯᠠᠭᠠᠨ ᠠᠰᠠᠷ ᠤᠨ ᠵᠡᠭᠦᠳᠦᠨ︾᠂ ︽ᠲᠣᠰᠣ ᠬᠤᠳᠠᠯᠳᠤᠭᠴᠢ ᠶᠢᠨ ᠦᠯᠢᠭᠡᠷ︾᠂ ︽ᠡᠩᠬᠡ ᠲᠠᠶᠢᠪᠤᠩ ᠤᠨ ᠲᠠᠬᠲᠠᠭ᠎ᠠ︾᠂ ︽ᠠᠯᠲᠠᠨ ᠵᠢᠭᠠᠰᠤᠨ ᠤ ᠦᠯᠢᠭᠡᠷ︾᠂ ︽ᠰᠤᠪᠤᠳ ᠰᠠᠴᠤᠭᠰᠠᠨ ᠲᠠᠯ᠎ᠠ︾᠂ ︽ᠵᠠᠯᠠᠭᠤ ᠨᠠᠰᠤᠨ ᠤ ᠳᠠᠭᠤᠯᠠᠯ︾᠂ ︽ᠴᠦᠨ ᠰᠢᠶᠠᠩ ᠤᠨ ᠦᠯᠢᠭᠡᠷ︾᠂ ︽ᠯᠢᠶᠤᠤ ᠽᠠᠢ ᡁᠢ ᠢ ᠪᠢᠴᠢᠭ︾᠂ ︽ᠵᠠᠯᠠᠭᠤ ᠨᠠᠰᠤᠨ ᠤ ᠳᠠᠭᠤᠯᠠᠯ︾᠂ ︽ᠮᠠᠨᠳᠤᠭᠰᠠᠨ ᠮᠣᠩᠭᠤᠯ ᠤᠨ ᠬᠥᠬᠡ ᠰᠤᠳᠤᠷ︾ ᠵᠡᠷᠭᠡ ᠨᠣᠮ ᠤᠨ ᠲᠠᠯᠪᠢᠭᠤᠷ ᠠᠴᠠ ᠪᠠᠭᠤᠯᠭᠠᠭᠰᠠᠨ ᠮᠠᠰᠢ ᠣᠯᠠᠨ ᠨᠣᠮ ᠢ ᠤᠩᠰᠢᠭᠰᠠᠨ ᠪᠥᠭᠡᠳ ᠨᠣᠮ ᠤᠨ ᠳᠠᠯᠠᠢ ᠳᠤ ᠡᠷᠳᠡᠮ ᠤᠨ ᠨᠢᠭᠤᠴᠠ ᠬᠠᠳᠠᠭᠠᠯᠠᠭᠳᠠᠵᠤ ᠪᠠᠶᠢᠳᠠᠭ ᠢ ᠡᠨᠡ ᠦᠶ᠎ᠡ ᠠᠴᠠ ᠤᠯᠠᠮ ᠨᠢᠭᠡ ᠠᠯᠬᠤᠮ ᠲᠠᠨᠢᠨ ᠰᠡᠷᠡᠵᠦ᠂ ᠬᠤᠵᠢᠮ ᠬᠤᠶᠢᠨ᠎ᠠ ᠨᠣᠮ ᠰᠤᠳᠤᠷ ᠬᠠᠳᠠᠭᠠᠯᠠᠬᠤ ᠤᠷᠮ᠎ᠠ ᠵᠣᠷᠢᠭ ᠢ ᠡᠷᠴᠢᠯᠡᠭᠰᠡᠨ ᠪᠢᠯᠡ᠃      ᠭᠤᠷᠪᠠ᠂ ᠶᠡᠭᠡ ᠰᠤᠷᠭᠠᠭᠤᠯᠢ ᠶᠢᠨ ᠠᠯᠲᠠᠨ ᠪᠣᠱᠤᠭ᠎ᠠ ᠶᠢ ᠠᠯᠬᠤᠭᠰᠠᠨ ᠨᠢ      ᠮᠢᠨᠤ ᠪᠠᠭᠰᠢᠯᠠᠭᠰᠠᠨ ︽ᠲᠡᠮᠡᠭᠡᠨ ᠨᠢᠷᠤᠭᠤᠨ ᠳᠡᠭᠡᠷᠡᠬᠢ ᠰᠤᠷᠭᠠᠭᠤᠯᠢ︾ ᠨᠢ ᠲᠤᠬᠠᠢ ᠶᠢᠨ ᠦᠶ᠎ᠡ ᠳᠤ ᠰᠤᠷᠲᠠᠯᠴᠢᠯᠠᠵᠤ ᠪᠠᠶᠢᠭᠰᠠᠨ ᠠᠵᠢᠯ ᠦᠢᠯᠡᠳᠪᠦᠷᠢᠯᠡᠯ ᠠᠴᠠ ᠠᠩᠭᠢᠵᠢᠷᠠᠬᠤ ᠦᠭᠡᠢ ᠪᠠᠷ ᠭᠡᠷ ᠲᠡᠭᠡᠨ ᠰᠠᠭᠤᠨ ᠬᠢᠴᠢᠶᠡᠯᠯᠡᠬᠦ ᠨᠢᠭᠡᠯᠡ ᠪᠠᠭᠰᠢ ᠲᠠᠢ᠂ ᠨᠢᠭᠡ ᠠᠴᠠ ᠳᠦᠷᠪᠡᠨ ᠣᠨ ᠤ 28 ᠰᠣᠷᠤᠬᠴᠢ ᠲᠠᠢ ᠰᠤᠷᠭᠠᠭᠤᠯᠢ ᠪᠣᠯᠣᠨ᠎ᠠ᠃ ᠪᠠᠭᠰᠢ ᠨᠢ ᠡᠪᠦᠯ ᠳᠡᠭᠡᠨ ᠲᠡᠮᠡᠭᠡ ᠤᠨᠤᠵᠤ᠂ ᠬᠠᠪᠤᠷ ᠲᠤ ᠡᠯᠵᠢᠭᠡ ᠤᠨᠤᠵᠤ᠂ ᠵᠤᠨ ᠳᠠᠭᠠᠨ ᠮᠣᠷᠢ ᠤᠨᠤᠵᠤ ᠰᠤᠷᠤᠬᠴᠢ ᠲᠠᠢ ᠠᠶᠢᠯ ᠪᠣᠯᠭᠠᠨ ᠳᠤ ᠣᠴᠢᠵᠤ ᠬᠢᠴᠢᠶᠡᠯᠯᠡᠳᠡᠭ ᠪᠠᠶᠢᠯ᠎ᠠ᠃ 1977 ᠣᠨ ᠤ ᠨᠠᠮᠤᠷ᠂ ᠪᠢ ᠷᠠᠳᠢᠣ᠋ ᠠᠴᠠ ᠶᠡᠭᠡ ᠰᠤᠷᠭᠠᠭᠤᠯᠢ ᠶᠢᠨ ᠰᠤᠷᠤᠬᠴᠢ ᠡᠯᠰᠡᠬᠦ ᠳᠦᠷᠢᠮ ᠢ ᠰᠡᠷᠭᠦᠭᠡᠨ᠂ ᠰᠢᠯᠢᠳᠡᠭ ᠠᠴᠠ ᠰᠢᠯᠢᠨ ᠰᠣᠩᠭᠤᠬᠤ ᠰᠢᠯᠭᠠᠯᠲᠠ ᠶᠢᠨ ᠳᠦᠷᠢᠮ ᠢ ᠡᠨᠡ ᠵᠢᠯ ᠠᠴᠠ ᠬᠡᠷᠡᠭᠵᠢᠭᠦᠯᠦᠨ᠎ᠡ ᠭᠡᠰᠡᠨ ᠮᠡᠳᠡᠭᠡ ᠶᠢ ᠰᠣᠨᠣᠰᠤᠨ ᠶᠡᠬᠡᠳᠡ ᠪᠠᠶᠠᠷᠯᠠᠨ᠂ ᠰᠢᠭᠤᠳ ᠭᠦᠩᠱᠧ ᠳᠤ ᠣᠴᠢᠵᠤ᠂ ᠭᠦᠩᠱᠧ ᠶᠢᠨ ᠬᠤᠪᠢᠰᠬᠠᠯ ᠤᠨ ᠵᠥᠪᠯᠡᠯ ᠤᠨ ᠡᠷᠭᠢᠯᠡᠭᠴᠢ ᡂᠢ ᠸᠠᠨ ᠵᠧᠨ ᠶᠢ ᠡᠷᠢᠵᠦ ᠶᠡᠭᠡ ᠰᠤᠷᠭᠠᠭᠤᠯᠢ ᠳᠤ ᠰᠢᠯᠭᠠᠭᠤᠯᠬᠤ ᠰᠠᠨᠠᠭ᠎ᠠ ᠪᠠᠨ ᠢᠯᠡᠳᠬᠡᠪᠡ᠃ ᠲᠡᠷᠡ ᠨᠠᠳᠠᠳᠤ ︽ᠪᠢ ᠴᠢᠮᠠᠶᠢ ᠭᠦᠩᠱᠧ ᠶᠢᠨ ᠰᠣᠶᠣᠯ ᠤᠨ ᠭᠡᠷ ᠲᠤ ᠵᠢᠩᠬᠢᠨᠢ ᠠᠵᠢᠯ ᠢᠶᠠᠷ ᠰᠢᠯᠵᠢᠭᠦᠯᠦᠨ ᠠᠪᠴᠤ ᠺᠢᠨᠣ᠋ ᠲᠠᠯᠪᠢᠬᠤ ᠠᠵᠢᠯ ᠬᠢᠯᠭᠡᠨ᠎ᠡ᠃ ᠰᠤᠷᠭᠠᠭᠤᠯᠢ ᠳᠤ ᠰᠢᠯᠭᠠᠬᠤ ᠶᠢ ᠴᠢᠨᠢ ᠵᠥᠪᠰᠢᠶᠡᠷᠡᠬᠦ ᠦᠭᠡᠢ︾ ᠭᠡᠳ ᠮᠢᠨᠤ ᠠᠮᠠ ᠶᠢ ᠪᠥᠭᠯᠡᠪᠡ᠃ ᠠᠷᠭ᠎ᠠ ᠪᠤᠰᠤ ᠪᠠᠰᠠ ᠰᠠᠷ᠎ᠠ ᠬᠢᠷᠢ ᠪᠣᠯᠣᠭᠠᠳ ᠬᠤᠰᠢᠭᠤᠨ ᠳᠤ ᠰᠤᠷᠠᠭ ᠴᠢᠮᠡᠭᠡ ᠠᠰᠠᠭᠤᠯᠭᠠᠭᠰᠠᠨ ᠳᠤ᠂ ᠬᠥᠮᠥᠰ ᠰᠢᠯᠭᠠᠭᠤᠯᠬᠤ ᠪᠠᠷ ᠳᠠᠪᠲᠠᠭᠠᠳ ᠨᠢᠭᠡᠨᠲᠡ ᠰᠠᠷ᠎ᠠ ᠭᠠᠷᠤᠢ ᠪᠣᠯᠤᠭᠰᠠᠨ ᠭᠡᠨ᠎ᠡ᠃ ᠡᠨᠡ ᠵᠠᠩᠭᠢ ᠶᠢ ᠰᠣᠨᠣᠰᠤᠭᠠᠳ ᠪᠢ ᠰᠢᠭᠤᠳ ᠪᠠᠷᠢᠭᠠᠳᠠ ᠳᠤ ᠴᠢᠯᠦᠭᠡ ᠬᠡᠯᠡᠬᠦ ᠪᠠᠷ ᠣᠴᠢᠭᠰᠠᠨ ᠳᠤ᠂ ᠪᠠᠷᠢᠭᠠᠳᠠ ᠶᠢᠨ ᠳᠠᠷᠤᠭ᠎ᠠ ᠵᠦ ᠲᠢᠶᠠᠨ ᠱᠧᠦ ᠪᠠᠶᠢᠪᠠ᠃ ᠪᠢ ᠶᠡᠭᠡ ᠰᠤᠷᠭᠠᠭᠤᠯᠢ ᠳᠤ ᠰᠢᠯᠭᠠᠭᠤᠯᠬᠤ ᠰᠠᠨᠠᠭ᠎ᠠ ᠪᠠᠨ ᠢᠯᠡᠳᠬᠡᠵᠦ᠂ ︽ᠰᠢᠯᠭᠠᠭᠤᠯᠬᠤ ᠪᠠᠷ ᠪᠡᠯᠡᠳᠬᠡᠵᠦ ᠪᠠᠶᠢᠭ᠎ᠠ ᠬᠥᠮᠥᠰ ᠬᠤᠰᠢᠭᠤᠨ ᠳᠤ ᠳᠠᠪᠲᠠᠯᠭ᠎ᠠ ᠬᠢᠭᠡᠳ ᠨᠢᠭᠡᠨᠲᠡ ᠰᠠᠷ᠎ᠠ ᠭᠠᠷᠤᠢ ᠪᠣᠯᠵᠤ ᠪᠠᠶᠢᠨ᠎ᠠ ᠭᠡᠨ᠎ᠡ᠃ ᠬᠠᠭᠠᠰ ᠰᠠᠷ᠎ᠠ ᠶᠢᠨ ᠬᠤᠶᠢᠨ᠎ᠠ ᠰᠢᠯᠭᠠᠯᠲᠠ ᠬᠢᠬᠦ ᠶᠤᠮ ᠭᠡᠨ᠎ᠡ᠃ ᠡᠶᠢᠮᠦ ᠪᠣᠯᠬᠤᠷ ᠪᠢ ᠬᠤᠷᠢᠨ ᠡᠳᠦᠷ ᠤᠨ ᠴᠢᠯᠦᠭᠡ ᠬᠡᠯᠡᠵᠦ᠂ ᠬᠡᠳᠦᠨ ᠡᠳᠦᠷ ᠴᠤ ᠪᠣᠯᠤᠭ ᠳᠠᠪᠲᠠᠬᠤ ᠰᠠᠨᠠᠭ᠎ᠠ ᠲᠠᠢ︾ ᠭᠡᠰᠡᠨ ᠳᠤ᠂ ᠵᠦ ᠭᠤᠸᠠᠢ ᠰᠢᠭᠤᠳ ︽ᠡᠨᠡ ᠴᠢᠨᠢ ᠰᠠᠶᠢᠨ ᠤᠴᠢᠷ᠂ ᠪᠣᠯᠣᠨ᠎ᠠ ᠪᠣᠯᠣᠨ᠎ᠠ︾ ᠭᠡᠪᠡ᠃ ᠢᠩᠭᠢᠭᠡᠳ ᠪᠢ ᠬᠤᠰᠢᠭᠤᠨ ᠳᠤ ᠬᠦᠷᠴᠦ ᠳᠠᠪᠲᠠᠬᠤ ᠭᠡᠰᠡᠨ ᠴᠢᠨᠢ᠂ ᠪᠠᠶᠢᠭᠠᠯᠢ ᠶᠢᠨ ᠪᠠ ᠨᠡᠶᠢᠭᠡᠮ ᠤᠨ ᠬᠤᠶᠠᠷ ᠠᠩᠭᠢ ᠬᠤᠪᠢᠶᠠᠨ ᠳᠠᠪᠲᠠᠵᠤ ᠪᠠᠶᠢᠵᠠᠢ᠃ ᠤᠤᠯ ᠨᠢ ᠭᠠᠵᠠᠷ ᠬᠥᠳᠡᠯᠬᠦ ᠶᠢ ᠤᠷᠢᠳᠴᠢᠯᠠᠨ ᠰᠡᠷᠭᠡᠶᠢᠯᠡᠬᠦ ᠠᠵᠢᠯ ᠬᠢᠵᠦ ᠪᠠᠶᠢᠭᠰᠠᠨ ᠰᠠᠭᠤᠷᠢ ᠲᠠᠢ ᠲᠤᠯᠠ ᠪᠠᠶᠢᠭᠠᠯᠢ ᠶᠢᠨ ᠠᠩᠭᠢ ᠳᠤ ᠣᠷᠣᠵᠤ ᠳᠠᠪᠲᠠᠪᠠ᠃ ᠭᠠᠷᠠᠭ ᠤᠨ ᠳᠠᠷᠠᠭ᠎ᠠ᠂ ᠰᠤᠷᠤᠬᠴᠢ ᠡᠯᠰᠡᠬᠦ ᠵᠠᠷ ᠢ ᠬᠠᠷᠠᠬᠤ ᠳᠤ ᠮᠢᠨᠤ ᠰᠢᠯᠭᠠᠭᠤᠯᠬᠤ ᠪᠠᠷ ᠵᠣᠷᠢᠵᠤ ᠪᠠᠶᠢᠭᠰᠠᠨ ᠲᠤᠰᠬᠠᠢ ᠮᠡᠷᠭᠡᠵᠢᠯ ᠨᠢ ᠴᠠᠩ ᠴᠦᠨ ᠶᠡᠭᠡ ᠰᠤᠷᠭᠠᠭᠤᠯᠢ ᠪᠣᠯᠣᠨ ᠶᠦᠨ ᠨᠠᠨ ᠶᠡᠭᠡ ᠰᠤᠷᠭᠠᠭᠤᠯᠢ ᠪᠠᠶᠢᠵᠤ᠂ ᠭᠠᠨᠰᠤ ᠠᠴᠠ ᠲᠤᠰ ᠪᠦᠷᠢ ᠬᠤᠶᠠᠷ ᠨᠡᠷ᠎ᠡ ᠠᠪᠤᠨ᠎ᠠ ᠭᠡᠵᠦ ᠲᠣᠳᠣᠷᠬᠠᠢ ᠵᠠᠷᠯᠠᠭᠰᠠᠨ ᠬᠠᠷᠠᠭᠳᠠᠪᠠ᠃ ᠲᠡᠭᠡᠭᠡᠳ ᠪᠢ ᠳᠣᠲᠣᠷ᠎ᠠ ᠪᠠᠨ ︽ᠪᠦᠭᠦ ᠭᠠᠨᠰᠤ ᠲᠠᠶᠢᠮᠦ ᠣᠯᠠᠨ ᠬᠥᠮᠥᠨ ᠪᠤᠢ᠂ ᠥᠴᠥᠬᠡᠨ ᠪᠢ ᠬᠡᠷᠬᠢᠨ ᠡᠳᠡᠭᠡᠷ ᠬᠥᠮᠥᠰ ᠲᠠᠢ ᠲᠡᠰᠤᠯᠴᠡᠭᠦ ᠪᠢᠯᠡ᠂ ᠬᠠᠰᠢᠯᠠ ᠨᠡᠶᠢᠭᠡᠮ ᠤᠨ ᠠᠩᠭᠢ ᠳᠤ ᠰᠢᠯᠭᠠᠭᠤᠯᠤᠶ᠎ᠠ︾ ᠭᠡᠳ ᠰᠤᠷᠤᠬᠴᠢ ᠡᠯᠰᠡᠬᠦ ᠵᠠᠷ ᠢ ᠬᠠᠷᠠᠬᠤ ᠳᠤ ᠮᠣᠩᠭᠤᠯ ᠢᠶᠠᠷ ᠰᠤᠷᠬᠤ ᠨᠡᠶᠢᠭᠡᠮ ᠤᠨ ᠠᠩᠭᠢ ᠨᠢᠭᠡᠯᠬᠡᠨ ᠪᠠᠷᠠᠭᠤᠨ ᠬᠤᠶᠢᠲᠤ ᠶᠢᠨ ᠦᠨᠳᠦᠰᠦᠲᠡᠨ ᠤ ᠳᠡᠭᠡᠳᠦ ᠰᠤᠷᠭᠠᠭᠤᠯᠢ ᠪᠠᠶᠢᠵᠤ᠂ ᠥᠭᠡᠷ᠎ᠡ ᠠᠯᠢ ᠴᠤ ᠶᠡᠭᠡ ᠰᠤᠷᠭᠠᠭᠤᠯᠢ ᠭᠠᠨᠰᠤ ᠳᠤ ᠮᠣᠩᠭᠤᠯ ᠠᠩᠭᠢ ᠶᠢᠨ ᠨᠡᠷ᠎ᠡ ᠬᠤᠪᠢᠶᠠᠭᠰᠠᠨ ᠦᠭᠡᠢ ᠪᠠᠶᠢᠯ᠎ᠠ᠃ ᠪᠢ ᠲᠡᠭᠡᠭᠡᠳ ᠯᠡ ᠨᠢᠭᠡ ᠰᠡᠳᠬᠢᠯ ᠢᠶᠠᠷ ᠪᠠᠷᠠᠭᠤᠨ ᠬᠤᠶᠢᠲᠤ ᠶᠢᠨ ᠦᠨᠳᠦᠰᠦᠲᠡᠨ ᠤ ᠳᠡᠭᠡᠳᠦ ᠰᠤᠷᠭᠠᠭᠤᠯᠢ ᠳᠤ ᠰᠢᠯᠭᠠᠭᠤᠯᠬᠤ ᠪᠠᠷ ᠭᠠᠷᠠᠭ ᠭᠠᠷᠤᠢ ᠳᠠᠪᠲᠠᠭᠠᠳ ᠤᠯᠤᠰ ᠤᠨ ᠰᠢᠯᠭᠠᠯᠲᠠ ᠳᠤ ᠣᠷᠣᠯᠴᠠᠨ ᠰᠢᠯᠭᠠᠭᠤᠯᠪᠠ᠃ ᠰᠢᠯᠭᠠᠯᠲᠠ ᠶᠢᠨ ᠳ᠋ᠦᠩ ᠳᠤ ᠪᠠᠷᠠᠭᠤᠨ ᠬᠤᠶᠢᠲᠤ ᠶᠢᠨ ᠦᠨᠳᠦᠰᠦᠲᠡᠨ ᠤ ᠳᠡᠭᠡᠳᠦ ᠰᠤᠷᠭᠠᠭᠤᠯᠢ ᠶᠢᠨ ᠴᠥᠭᠡᠨ ᠲᠣᠭᠠᠲᠤ ᠦᠨᠳᠦᠰᠦᠲᠡᠨ ᠤ ᠭᠡᠯᠡ ᠤᠳᠬ᠎ᠠ ᠵᠣᠬᠢᠶᠠᠯ ᠤᠨ ᠰᠠᠯᠪᠤᠷᠢ ᠶᠢᠨ ᠮᠣᠩᠭᠤᠯ ᠭᠡᠯᠡ ᠤᠳᠬ᠎ᠠ ᠵᠣᠬᠢᠶᠠᠯ ᠤᠨ ᠲᠤᠰᠬᠠᠢ ᠮᠡᠷᠭᠡᠵᠢᠯ ᠤᠨ ᠠᠩᠭᠢ ᠳᠤ ᠡᠯᠰᠡᠭᠳᠡᠨ ᠂ 1978 ᠣᠨ ᠤ 3 ᠰᠠᠷ᠎ᠠ ᠳᠤ ᠣᠶᠤᠲᠠᠨ ᠤ ᠡᠩᠨᠡᠭᠡ ᠳᠤ ᠵᠢᠬᠰᠠᠬᠳᠠᠬᠰᠠᠨ ᠪᠢᠯᠡ᠃ ᠮᠠᠨ ᠤ ᠰᠠᠯᠪᠤᠷᠢ ᠨᠢ ᠮᠣᠩᠭᠤᠯ ᠠᠩᠭᠢ ᠪᠠ ᠲᠥᠪᠡᠳ ᠠᠩᠭᠢ ᠭᠡᠬᠦ ᠬᠤᠶᠠᠷ ᠲᠤᠰᠬᠠᠢ ᠮᠡᠷᠭᠡᠵᠢᠯ ᠢᠶᠠᠷ ᠠᠩᠭᠢᠯᠠᠵᠤ᠂ ᠲᠥᠪᠡᠳ ᠬᠤᠶᠠᠷ ᠠᠩᠭᠢ᠂ ᠮᠣᠩᠭᠤᠯ ᠨᠢᠭᠡ ᠠᠩᠭᠢ ᠪᠠᠶᠢᠪᠠ᠃       ᠮᠠᠨ ᠤ ᠠᠩᠭᠢ ᠨᠢ ᠰᠢᠯᠭᠠᠯᠲᠠ ᠶᠢᠨ ᠳᠦᠷᠢᠮ ᠰᠡᠷᠭᠦᠭᠡᠭᠳᠡᠭᠰᠡᠨ ᠤ ᠳᠠᠷᠠᠭᠠᠬᠢ ᠠᠩᠬᠠᠳᠠᠭᠴᠢ ᠠᠩᠭᠢ ᠪᠤᠯᠬᠤ ᠲᠤᠯᠠ ᠰᠤᠷᠭᠠᠭᠤᠯᠢ ᠠᠴᠠ ᠪᠢᠳᠠᠨ ᠢ ᠣᠨᠴᠠ ᠴᠢᠬᠤᠯᠠᠴᠢᠯᠠᠵᠤ᠂ ᠵᠢᠭᠠᠨ ᠰᠤᠷᠭᠠᠯᠲᠠ ᠳᠤ ᠴᠠᠭᠠᠷᠠᠭᠰᠠᠨ ᠪᠠᠭᠰᠢ ᠶᠢ ᠮᠠᠨ ᠤ ᠠᠩᠭᠢ ᠳᠤ ᠲᠣᠬᠢᠷᠠᠭᠤᠯᠤᠭᠰᠠᠨ ᠪᠠᠶᠢᠯ᠎ᠠ᠃ ᠰᠤᠷᠤᠯᠭ᠎ᠠ ᠶᠢᠨ ᠬᠤᠭᠤᠴᠠᠭ᠎ᠠ ᠳᠤ ᠲᠦᠷᠦᠯ ᠪᠦᠷᠢ ᠵᠠᠪᠠᠯ ᠰᠤᠷᠬᠤ ᠬᠢᠴᠢᠶᠡᠯ ᠠᠴᠠ ᠭᠠᠳᠠᠨ᠎ᠠ᠂ ᠰᠠᠶᠢᠨ ᠳᠤᠷ᠎ᠠ ᠠᠴᠠ ᠪᠠᠨ ᠰᠤᠷᠳᠠᠭ ᠳᠠᠭᠠᠯᠳᠤᠬᠤ ᠬᠢᠴᠢᠶᠡᠯ ᠨᠢ ᠠᠷᠠᠳ ᠤᠨ ᠠᠮᠠᠨ ᠵᠣᠬᠢᠶᠠᠯ᠂ ᠶᠣᠰᠣ ᠵᠠᠩᠰᠢᠯ᠂ ᠶᠠᠫᠤᠨ ᠭᠡᠯᠡ᠂ ᠣᠷᠤᠰ ᠭᠡᠯᠡ᠂ ᠹᠷᠠᠨᠼᠢ ᠭᠡᠯᠡ ᠵᠡᠷᠭᠡ ᠪᠠᠶᠢᠭᠰᠠᠨ᠃ ᠮᠠᠨ ᠤ ᠰᠠᠯᠪᠤᠷᠢ ᠶᠢᠨ ᠳᠠᠯᠠᠨ ᠳᠣᠯᠣᠳᠤᠭᠠᠷ ᠠᠩᠭᠢ ᠨᠢ ᠵᠦᠪᠭᠡᠨ ᠭᠤᠷᠪᠠᠭ᠋ᠠᠨ ᠰᠤᠷᠤᠬᠴᠢ ᠲᠠᠢ ᠪᠠᠶᠢᠭᠰᠠᠨ᠂ ᠲᠤᠬᠠᠢ ᠶᠢᠨ ᠦᠶ᠎ᠡ ᠳᠤ ᠲᠥᠪᠡᠳ ᠠᠩᠭᠢ ᠳᠤ ᠪᠠᠭᠰᠢᠯᠠᠵᠤ ᠪᠠᠶᠢᠭᠰᠠᠨ ᠪᠠᠭᠰᠢ ᠶᠢᠨ ᠣᠯᠠᠩᠬᠢ ᠲᠠᠢ ᠨᠢ ᠲᠠᠨᠢᠯᠴᠠᠵᠠᠢ᠃ ᠡᠶᠢᠮᠦ ᠠᠴᠠ ᠣᠯᠠᠨ ᠪᠠᠭᠰᠢ ᠨᠠᠳᠠ ᠳᠤ ᠡᠭᠡᠯᠢᠲᠡᠢ ᠪᠥᠭᠡᠳ ᠡᠯ᠎ᠡ ᠲᠠᠯ᠎ᠠ ᠶᠢᠨ ᠡᠷᠳᠡᠮ ᠮᠡᠳᠡᠯᠭᠡ ᠪᠠᠨ ᠬᠠᠷᠠᠮ ᠦᠭᠡᠢ ᠵᠢᠭᠠᠨ ᠵᠦᠭᠯᠡᠭᠦᠯᠵᠦ ᠦᠭᠳᠡᠭ ᠪᠠᠶᠢᠪᠠ᠃ ᠬᠤᠤ ᠰᠦ᠋ ᠮᠢᠨ ᠪᠠᠭᠰᠢ ᠨᠠᠳᠠᠳᠤ ᠠᠷᠠᠳ ᠤᠨ ᠵᠠᠩ ᠵᠠᠩᠰᠢᠯ᠂ ᠠᠮᠠᠨ ᠵᠣᠬᠢᠶᠠᠯ᠂ ᠰᠤᠷᠪᠤᠯᠵᠢ ᠪᠢᠴᠢᠭ ᠤᠨ ᠲᠠᠯ᠎ᠠ ᠶᠢᠨ ᠠᠷᠭ᠎ᠠ ᠵᠠᠮ ᠢ ᠭᠦᠢᠴᠡᠳ ᠰᠠᠶᠢᠬᠠᠨ ᠵᠢᠭᠠᠨ ᠵᠢᠯᠤᠭᠤᠳᠴᠤ᠂ ᠨᠠᠮᠠᠶᠢ ᠭᠠᠨᠰᠤ ᠮᠤᠵᠢ ᠶᠢᠨ ᠠᠷᠠᠳ ᠤᠨ ᠠᠮᠠᠨ ᠵᠣᠬᠢᠶᠠᠯ ᠤᠨ ᠨᠡᠶᠢᠭᠡᠮᠯᠢᠭ ᠤᠨ ᠭᠡᠰᠢᠭᠦᠨ ᠪᠤᠯᠭᠠᠬᠤ ᠪᠠᠷ ᠲᠠᠨᠢᠯᠴᠠᠭᠤᠯᠵᠤ᠂ ᠲᠤᠰ ᠨᠡᠶᠢᠭᠡᠮᠯᠢᠭ ᠤᠨ ᠠᠩᠬᠠᠳᠤᠭᠠᠷ ᠰᠤᠷᠤᠬᠴᠢ ᠭᠠᠷᠤᠯ ᠲᠠᠢ ᠭᠡᠰᠢᠭᠦᠨ ᠪᠤᠯᠭᠠᠬᠰᠠᠨ ᠪᠥᠭᠡᠳ ᠮᠤᠵᠢ ᠶᠢᠨ ᠨᠣᠮ ᠤᠨ ᠰᠠᠩ ᠤᠨ ᠰᠤᠷᠪᠤᠯᠵᠢ ᠪᠢᠴᠢᠭ ᠤᠨ ᠲᠠᠰᠤᠭ ᠤᠨ ᠰᠠᠩᠴᠢ ᠵᠧᠦ ᠫᠧᠢ ᠰᠢᠶᠠᠨ ᠠᠪᠤᠭᠠᠢ ᠪᠣᠯᠣᠨ ᠮᠦ ᠱᠢ ᠺᠦ᠋ ᠠᠪᠤᠭᠠᠢ ᠳᠤ ᠲᠠᠨᠢᠯᠴᠠᠭᠤᠯᠤᠭᠰᠠᠨ ᠠᠴᠠ ᠣᠷᠣᠨ ᠨᠤᠲᠤᠭ ᠤᠨ ᠲᠡᠦᠬᠡ ᠰᠣᠶᠣᠯ ᠤᠨ ᠮᠠᠲ᠋ᠧᠷᠢᠶᠠᠯ ᠢ ᠡᠮᠬᠢᠳᠬᠡᠨ ᠴᠤᠭᠯᠠᠭᠤᠯᠬᠤ ᠤᠷᠮ᠎ᠠ ᠵᠣᠷᠢᠭ ᠢ ᠡᠷᠴᠢᠯᠡᠭᠰᠡᠨ᠃ ᠪᠢᠳᠠ ᠠᠩᠭᠢ ᠳᠠᠭᠠᠨ ᠲᠣᠰᠤᠨ ᠳᠠᠷᠤᠮᠠᠯ ᠤᠨ ᠰᠡᠳᠬᠦᠯ ᠡᠷᠭᠢᠯᠡᠭᠦ ᠂ ᠰᠣᠨᠢᠨ ᠭᠠᠷᠭᠠᠬᠤ᠂ ᠲᠡᠭᠦᠨᠴᠢᠯᠡᠨ ᠮᠢᠨᠤ ᠴᠢᠷᠮᠠᠶᠢᠯᠭ᠎ᠠ ᠪᠠᠷ ᠣᠨᠢᠰᠤᠭ᠎ᠠ ᠡᠮᠬᠢᠳᠬᠡᠨ ᠴᠤᠭᠯᠠᠭᠤᠯᠵᠤ ᠳᠣᠰᠤᠨ ᠪᠠᠷ ᠢᠶᠠᠷ ︽ᠮᠢᠩᠭᠠᠨ ᠣᠨᠢᠰᠤᠭ᠎ᠠ ᠣᠷᠣᠰᠢᠪᠠ︾ ᠬᠡᠮᠡᠬᠦ ᠨᠣᠮ ᠢ ᠬᠡᠪᠯᠡᠭᠦᠯᠦᠭᠡᠳ ᠰᠤᠷᠭᠠᠭᠤᠯᠢ ᠳᠠᠭᠠᠨ ᠲᠠᠷᠬᠠᠭᠠᠭᠰᠠᠨ ᠪᠠᠶᠢᠵᠤ ᠪᠢᠯᠡ᠃ ᠡᠨᠡ ᠶᠠᠪᠤᠳᠠᠯ ᠨᠢ ᠨᠠᠳᠠᠳᠤ ᠠᠪᠴᠤ ᠬᠡᠯᠡᠪᠡᠯ ᠨᠣᠮ ᠬᠡᠪᠯᠡᠯ ᠪᠠ ᠨᠠᠶᠢᠷᠠᠭᠤᠯᠬᠤ ᠠᠵᠢᠯ ᠤᠨ ᠠᠩᠬᠠᠨ ᠤ ᠡᠬᠢᠯᠡᠯ ᠪᠠᠶᠢᠵᠤ ᠲᠠᠭᠠᠷᠠᠨ᠎ᠠ᠃ ᠨᠠᠮᠠᠶᠢ ᠭᠤᠷᠪᠠᠳᠤᠭᠠᠷ ᠣᠨ ᠳᠤ ᠪᠠᠶᠢᠬᠤ ᠳᠤ᠂ ᠲᠥᠪᠡᠳ ᠲᠤᠰᠬᠠᠢ ᠮᠡᠷᠭᠡᠵᠢᠯ ᠤᠨ ᠴᠡᠳᠡᠡ ᠫᠷᠤᠹᠧᠰᠰᠤᠷ ᠨᠠᠳᠠᠳᠤ ᠠᠭᠸᠠᠩᠳᠠᠨᠳᠠᠷ ᠤᠨ ᠲᠥᠪᠡᠳ ᠵᠣᠬᠢᠶᠠᠯ ᠤᠨ ᠲᠤᠬᠠᠢ ᠠᠩᠬ᠎ᠠ ᠲᠠᠨᠢᠯᠴᠠᠭᠤᠯᠤᠭᠰᠠᠨ᠂ ᠳᠠᠷᠠᠭ᠎ᠠ ᠳᠤᠨᠢ ᠳ᠋ᠣᠷᠰᠢ ᠫᠷᠤᠹᠧᠰᠰᠤᠷ ᠠᠭᠸᠠᠩᠳᠠᠨᠳᠠᠷ ᠤᠨ ᠵᠣᠬᠢᠶᠠᠯ ᠪᠦᠲᠦᠭᠡᠯ ᠤᠨ ᠲᠤᠬᠠᠢ ᠤᠯᠠᠮ ᠡᠷᠴᠢᠮ ᠲᠠᠢ ᠦᠭᠡ ᠶᠢ ᠰᠣᠨᠣᠰᠬᠠᠭᠰᠠᠨ ᠳᠤ᠂ ᠪᠢ ᠡᠨᠡ ᠲᠠᠯ᠎ᠠ ᠪᠠᠷ ᠰᠤᠷᠭᠠᠭᠤᠯᠢ ᠶᠢᠨ ᠨᠣᠮ ᠤᠨ ᠰᠠᠩ ᠳᠤ ᠰᠠᠷ᠎ᠠ ᠭᠠᠷᠤᠢ ᠨᠣᠮ ᠤᠨ ᠭᠠᠷᠴᠠᠭ ᠡᠷᠭᠢᠭᠦᠯᠦᠭᠰᠡᠨ ᠤ ᠳ᠋ᠦᠩ ᠳᠤ ᠶᠠᠮᠠᠷᠴᠤ ᠶᠠᠭᠤᠮ᠎ᠠ ᠣᠯᠵᠤ ᠬᠠᠷᠠᠭᠰᠠᠨ ᠦᠭᠡᠢ᠂ ᠲᠡᠶᠢᠨᠬᠦ ᠠᠷᠭ᠎ᠠ ᠪᠤᠰᠤ ᠠᠭᠸᠠᠩᠴᠣᠶᠢᠳᠠᠷ ᠫᠷᠤᠹᠧᠰᠰᠤᠷ ᠤᠨ ᠭᠡᠷ ᠲᠤ ᠣᠴᠢᠨ᠂ ᠠᠭᠸᠠᠩᠳᠠᠨᠳᠠᠷ ᠤᠨ ᠵᠣᠬᠢᠶᠠᠯ ᠪᠦᠲᠦᠭᠡᠯ ᠤᠨ ᠲᠤᠬᠠᠢ ᠰᠤᠷᠪᠤᠯᠵᠢᠯᠠᠭᠰᠠᠨ ᠳᠤ ᠰᠠᠨᠠᠭᠠᠨ ᠠᠴᠠ ᠭᠠᠳᠠᠭᠤᠷ ᠶᠡᠭᠡ ︽ᠣᠯᠵᠠ︾ ᠣᠯᠵᠤ᠂ ᠠᠭᠸᠠᠩᠳᠠᠨᠳᠠᠷ ᠤᠨ ᠲᠥᠪᠡᠳ ᠵᠣᠬᠢᠶᠠᠯ ᠤᠨ ᠭᠠᠷᠴᠠᠭ ᠢ ᠪᠠᠭᠰᠢ ᠮᠠᠨᠢ ᠨᠢᠭᠡᠳ ᠨᠢᠭᠡ ᠪᠠᠷ ᠣᠷᠴᠢᠭᠤᠯᠤᠨ ᠬᠡᠯᠡᠵᠦ ᠥᠭᠭᠦᠭᠰᠡᠨ ᠪᠢᠯᠡ᠃ ᠡᠭᠦᠨ ᠠᠴᠠ ᠡᠬᠢᠯᠡᠨ ᠠᠭᠸᠠᠩᠳᠠᠨᠳᠠᠷ ᠤᠨ ᠵᠣᠬᠢᠶᠠᠯ ᠢ ᠡᠮᠬᠢᠳᠬᠡᠨ ᠴᠤᠭᠯᠠᠭᠤᠯᠬᠤ ᠠᠵᠢᠯ ᠢᠶᠠᠨ ᠡᠬᠢᠯᠡᠭᠦᠯᠦᠭᠰᠡᠨ ᠪᠠᠶᠢᠨ᠎ᠠ᠃      ᠳᠥᠷᠪᠡ᠂ ᠨᠣᠮ ᠰᠤᠳᠤᠷ ᠤᠨ ᠳᠠᠯᠠᠢ ᠠᠴᠠ ᠡᠷᠳᠡᠨᠢ ᠱᠦᠭᠦᠭᠰᠡᠨ ᠨᠢ      ᠨᠠᠮᠠᠶᠢ ᠶᠡᠭᠡ ᠰᠤᠷᠭᠠᠭᠤᠯᠢ ᠳᠤ ᠰᠤᠷᠤᠯᠴᠠᠵᠤ ᠪᠠᠶᠢᠬᠤ ᠳᠤ᠂ ᠭᠠᠨᠰᠤ ᠮᠤᠵᠢ ᠶᠢᠨ ᠨᠣᠮ ᠤᠨ ᠰᠠᠩ ᠤᠨ ᠲᠡᠦᠬᠡᠨ ᠰᠣᠷᠪᠤᠯᠵᠢ ᠶᠢᠨ ᠲᠠᠰᠤᠭ ᠨᠢ ᠭᠠᠷᠠᠭ ᠤᠨ ᠭᠤᠷᠪᠠᠨ ᠤ ᠦᠳᠡ ᠶᠢᠨ ᠬᠤᠶᠢᠨ᠎ᠠ ᠬᠠᠭᠠᠰᠬᠠᠨ ᠡᠳᠦᠷ ᠤᠩᠰᠢᠭᠴᠢᠳ ᠲᠤ ᠦᠢᠯᠡᠴᠢᠯᠡᠳᠡᠭ ᠪᠠᠶᠢᠪᠠ᠃ ᠭᠡᠪᠡᠴᠦ ᠪᠤᠢ ᠪᠦᠬᠦᠢ ᠨᠣᠮ ᠢ ᠭᠠᠳᠠᠭᠰᠢ ᠵᠢᠭᠡᠯᠡᠭᠦᠯᠳᠡᠭ ᠦᠭᠡᠢ ᠴᠢᠩᠭ᠎ᠠ ᠳᠦᠷᠢᠮ ᠲᠠᠢ ᠪᠠᠶᠢᠯ᠎ᠠ᠃ ᠪᠢ ᠡᠨᠡᠬᠦ ᠬᠤᠪᠣᠷᠬᠠᠨ ᠴᠠᠭ ᠢ ᠶᠡᠷᠦᠨᠢ ᠠᠯᠳᠠᠯ ᠦᠭᠡᠢ ᠪᠠᠷ ᠲᠡᠨᠳᠡ ᠣᠴᠢᠵᠤ ᠬᠠᠭᠤᠴᠢᠨ ︵1949 ᠣᠨ ᠠᠴᠠ ᠤᠷᠢᠳᠠᠭᠢ︶ ᠰᠣᠨᠢᠨ ᠰᠡᠳᠬᠦᠯ ᠢ ᠨᠢᠭᠡᠳ ᠨᠢᠭᠡ ᠪᠠᠷ ᠡᠷᠭᠢᠭᠦᠯᠦᠨ᠂ ᠠᠯᠠᠱᠠ ᠶᠢᠨ ᠲᠤᠬᠠᠢ ᠮᠠᠲ᠋ᠧᠷᠢᠶᠠᠯ ᠪᠣᠯᠣᠨ ᠮᠣᠩᠭᠤᠯ ᠭᠠᠵᠠᠷ ᠲᠤ ᠬᠤᠯᠪᠣᠭᠳᠠᠬᠤ ᠬᠡᠷᠡᠭ ᠲᠠᠢ ᠭᠡᠰᠡᠨ ᠵᠣᠬᠢᠶᠠᠯ ᠢ ᠪᠦᠭᠦ ᠠᠭᠤᠯᠭ᠎ᠠ ᠪᠠᠷ ᠨᠢ ᠬᠠᠭᠤᠯᠤᠨ ᠲᠡᠮᠳᠡᠭᠯᠡᠳᠡᠭ ᠪᠠᠶᠢᠯ᠎ᠠ᠃ ᠡᠳᠦᠷ ᠤᠨ ᠤᠳᠠᠭᠠᠨ ᠳᠤ ᠲᠤᠰ ᠲᠠᠰᠤᠭ ᠤᠨ ᠰᠠᠩᠴᠢ ᠲᠠᠢ ᠤᠯᠠᠮ ᠰᠠᠶᠢᠨ ᠲᠠᠨᠢᠯᠴᠠᠨ ᠨᠠᠶᠢᠵᠠᠯᠠᠭᠰᠠᠨ ᠪᠣᠯᠬᠤᠷ ᠲᠡᠳᠡ ᠨᠠᠳᠠᠳᠤ ᠣᠨᠴᠠᠭᠠᠢ ᠬᠠᠷᠠᠭᠠᠯᠵᠠᠯ ᠬᠦᠷᠲᠡᠭᠡᠵᠦ᠂ ᠨᠠᠮᠠᠶᠢ ᠶᠠᠪᠤᠬᠤ ᠳᠤ ᠬᠤᠶᠠᠷ ᠬᠤᠪᠢ ᠰᠡᠳᠬᠦᠯ ᠢ ᠨᠢᠭᠤᠴᠠ ᠪᠠᠷ ᠥᠭᠴᠦ ︽ᠰᠤᠷᠭᠠᠭᠤᠯᠢ ᠳᠠᠭᠠᠨ ᠬᠠᠷᠢᠭᠠᠳ ᠬᠡᠷᠡᠭ ᠲᠠᠢ ᠭᠡᠰᠡᠨ ᠢᠶᠠᠨ ᠬᠠᠭᠤᠯᠤᠭᠠᠷᠠᠢ᠃ ᠭᠡᠪᠡᠴᠦ ᠭᠡᠭᠡᠵᠦ ᠤᠷᠠᠵᠤ ᠪᠤᠯᠬᠤ ᠦᠭᠡᠢ᠂ ᠬᠥᠮᠥᠨ ᠳᠤ ᠴᠤ ᠬᠡᠯᠡᠵᠦ ᠪᠤᠯᠬᠤ ᠦᠭᠡᠢ︾ ᠭᠡᠵᠦ ᠴᠢᠩᠭ᠎ᠠ ᠵᠠᠬᠢᠳᠠᠭ ᠪᠠᠶᠢᠪᠠ᠃ ᠪᠢ ᠴᠤ ᠲᠡᠳᠡᠨ ᠤ ᠰᠠᠶᠢᠨ ᠰᠠᠨᠠᠭ᠎ᠠ ᠶᠢ ᠬᠥᠰᠡᠷᠳᠡᠭᠦᠯᠦᠯ ᠦᠭᠡᠢ ᠪᠠᠷ ᠬᠦᠷᠬᠦ ᠪᠣᠯᠭᠠᠨ ᠳᠠᠭᠠᠨ ᠵᠢᠭᠡᠯᠡᠭᠰᠡᠨ ᠨᠣᠮ ᠰᠡᠳᠬᠦᠯ ᠢᠶᠠᠨ ᠪᠤᠴᠠᠭᠠᠵᠤ᠂ ᠳᠠᠭᠢᠨ ᠨᠣᠮ ᠰᠣᠩᠭᠤᠨ ᠬᠠᠭᠤᠯᠵᠤ᠂ ᠶᠠᠪᠤᠬᠤ ᠳᠠᠭᠠᠨ ᠪᠠᠰᠠ ᠬᠤᠶᠠᠷ ᠨᠣᠮ ᠠᠪᠤᠭᠠᠳ ᠶᠠᠪᠤᠵᠤ ᠪᠠᠶᠢᠭᠠᠳ᠂ ᠨᠢᠭᠡ ᠮᠡᠳᠡᠬᠦ ᠳᠤ ᠲᠠᠪᠢᠭᠠᠳ ᠲᠦᠮᠡᠨ ᠦᠰᠦᠭ ᠤᠨ ᠮᠠᠲ᠋ᠧᠷᠢᠶᠠᠯ ᠢ ᠬᠠᠭᠤᠯᠤᠨ ᠲᠡᠮᠳᠡᠭᠯᠡᠭᠰᠡᠨ ᠪᠠᠶᠢᠪᠠ᠃ ᠡᠭᠦᠨ ᠤ ᠬᠠᠮᠲᠤ ᠰᠤᠷᠭᠠᠭᠤᠯᠢ ᠶᠢᠨ ᠨᠣᠮ ᠤᠨ ᠰᠠᠩ ᠴᠤ ᠮᠢᠨᠤ ︽ᠡᠷᠳᠡᠨᠢ︾ ᠴᠤᠭᠯᠠᠭᠤᠯᠬᠤ ᠭᠤᠣᠯ ᠭᠠᠵᠠᠷ ᠪᠠᠶᠢᠭᠰᠠᠨ᠂ ᠰᠤᠷᠭᠠᠭᠤᠯᠢ ᠶᠢᠨ ᠨᠣᠮ ᠤᠨ ᠭᠠᠷᠴᠠᠭ ᠪᠦᠭᠦᠳᠡ ᠶᠢ ᠰᠢᠯᠭᠠᠨ ᠬᠠᠷᠠᠵᠤ᠂ ᠰᠠᠨᠠᠭᠠᠨ ᠳᠤ ᠲᠠᠭᠠᠷᠠᠬᠰᠠᠨ ᠨᠣᠮ ᠰᠤᠳᠤᠷ ᠢ ᠵᠢᠭᠡᠯᠡᠨ ᠠᠪᠴᠤ ᠤᠩᠰᠢᠬᠤ ᠶᠢᠨ ᠬᠠᠮᠲᠤ ᠬᠡᠷᠡᠭ ᠲᠠᠢ ᠭᠡᠰᠡᠨ ᠬᠡᠰᠡᠭ ᠢ ᠬᠠᠭᠤᠯᠤᠨ ᠲᠡᠮᠳᠡᠭᠯᠡᠳᠡᠭ ᠪᠠᠶᠢᠯ᠎ᠠ᠃      ᠡᠭᠦᠨ ᠠᠴᠠ ᠭᠠᠳᠠᠨ᠎ᠠ᠂ ᠭᠠᠷᠠᠭ ᠤᠨ ᠡᠳᠦᠷ ᠪᠣᠯᠭᠠᠨ ᠳᠤ ᠵᠠᠪᠠᠯ ᠣᠴᠢᠬᠤ ᠬᠤᠶᠠᠷ ᠭᠠᠵᠠᠷ ᠪᠣᠯ᠂ ᠨᠢᠭᠡ ᠨᠢ ᠬᠤᠲᠠ ᠶᠢᠨ ᠰᠢᠨᠬᠤᠸᠠ ᠨᠣᠮ ᠤᠨ ᠳᠡᠯᠭᠡᠭᠦᠷ᠂ ᠨᠦᠭᠦᠭᠡ ᠨᠢ ᠯᠠᠨᠵᠧᠦ ᠬᠤᠲᠠ ᠶᠢᠨ ᠬᠠᠭᠤᠴᠢ ᠨᠣᠮ ᠤᠨ ᠳᠡᠯᠭᠡᠭᠦᠷ ᠪᠣᠯᠣᠨ᠎ᠠ᠃ ᠰᠢᠨᠬᠤᠸᠠ ᠨᠣᠮ ᠤᠨ ᠳᠡᠯᠭᠡᠭᠦᠷ ᠨᠢ ᠭᠠᠷᠠᠭ ᠤᠨ ᠡᠳᠦᠷ ᠪᠣᠯᠭᠠᠨ ᠰᠢᠨ᠎ᠡ ᠨᠣᠮ ᠲᠠᠷᠬᠠᠭᠠᠬᠤ ᠪᠣᠯᠬᠤᠷ ᠵᠠᠪᠠᠯ ᠥᠷᠯᠥᠭᠡ ᠡᠷᠲᠡᠯᠡᠨ ᠬᠦᠷᠴᠦ ᠵᠢᠭᠰᠠᠵᠤ ᠪᠠᠶᠢᠭᠠᠳ ᠡᠭᠦᠳᠡ ᠨᠡᠭᠡᠭᠡᠬᠦ ᠶᠢ ᠬᠦᠯᠢᠶᠡᠳᠡᠭ ᠪᠠᠶᠢᠭᠰᠠᠨ᠃ ᠡᠨᠡ ᠮᠡᠲᠦ ᠭᠠᠷᠠᠭ ᠪᠣᠯᠭᠠᠨ ᠨᠣᠮ ᠤᠨ ᠳᠡᠯᠭᠡᠭᠦᠷ ᠢᠶᠠᠷ ᠬᠡᠰᠦᠵᠦ᠂ ᠨᠢᠭᠡ ᠮᠡᠳᠡᠬᠦ ᠳᠤ ᠶᠡᠭᠡ ᠪᠠᠭ᠎ᠠ ᠬᠤᠷᠢ ᠰᠢᠬᠠᠮ ᠠᠪᠳᠠᠷ᠎ᠠ ᠨᠣᠮ ᠲᠠᠢ ᠲᠡᠦᠬᠡ ᠰᠣᠶᠣᠯ ᠤᠨ ᠥᠪ ᠢ ᠬᠠᠳᠠᠭᠠᠯᠠᠭᠰᠠᠨ ︽ᠪᠠᠶᠠᠨ︾ ᠬᠥᠮᠥᠨ ᠪᠣᠯᠪᠠ᠃      ᠲᠠᠪᠤ᠂ ᠣᠷᠣᠨ ᠨᠤᠲᠤᠭ ᠤᠨ ᠰᠣᠶᠣᠯ ᠤᠨ ᠦᠢᠯᠡᠰ ᠲᠤ ᠬᠦᠴᠦ ᠪᠠᠨ ᠡᠷᠭᠦᠭᠰᠡᠨ ᠨᠢ      ᠳᠦᠷᠪᠡᠨ ᠵᠢᠯ ᠤᠨ ᠶᠡᠭᠡ ᠰᠤᠷᠭᠠᠭᠤᠯᠢ ᠶᠢᠨ ᠣᠶᠤᠲᠠᠨ ᠤ ᠠᠮᠢᠳᠤᠷᠠᠯ ᠢ ᠡᠳ᠋ᠯᠡᠵᠦ᠂ ᠰᠣᠶᠣᠯ ᠤᠨ ᠮᠥᠷ ᠬᠥᠭᠡᠭᠡᠵᠦ᠂ ᠪᠠᠶᠠᠷ ᠴᠡᠩᠭᠡᠯ ᠤᠨ ᠳᠤᠮᠳᠠ ᠥᠩᠭᠡᠷᠡᠭᠡᠭᠡᠳ᠂ ᠭᠠᠨᠵᠤᠭ᠎ᠠ ᠳᠦᠭᠦᠷᠡᠩ ᠰᠤᠷᠭᠠᠭᠤᠯᠢ ᠲᠡᠭᠦᠰᠦᠭᠰᠡᠨ ᠤ ᠳ᠋ᠦᠩ ᠳᠤ᠂ ᠨᠠᠮᠠᠶᠢ ᠰᠤᠷᠭᠠᠭᠤᠯᠢ ᠳᠤ ᠦᠯᠡᠳᠡᠭᠡᠬᠦ ᠭᠡᠰᠡᠨ ᠪᠤᠯᠪᠠᠴᠤ ᠪᠢ ᠣᠯᠠᠨ ᠵᠦᠢᠯ ᠤᠨ ᠰᠢᠯᠲᠠᠭ ᠬᠡᠯᠡᠵᠦ᠂ ᠠᠯᠠᠱᠠ ᠨᠤᠲᠤᠭ ᠲᠠᠭᠠᠨ ᠬᠠᠷᠢᠵᠤ ᠢᠷᠡᠪᠡ᠃ ᠠᠵᠢᠯ ᠬᠤᠪᠢᠶᠠᠬᠤ ᠳᠤ ᠨᠠᠮᠠᠶᠢ ᠠᠶᠢᠮᠠᠭ ᠤᠨ ᠵᠠᠬᠢᠷᠭ᠎ᠠ ᠶᠢᠨ ᠠᠯᠪᠠᠨ ᠭᠡᠷ ᠲᠤ ᠬᠤᠪᠢᠶᠠᠵᠤ᠂ ᠲᠤᠰᠬᠠᠢ ᠣᠷᠴᠢᠭᠤᠯᠤᠭᠴᠢ ᠪᠣᠯᠭᠠᠪᠠ᠃ ᠬᠤᠶᠠᠷ ᠵᠢᠯ ᠰᠢᠬᠠᠮ ᠵᠠᠬᠢᠷᠭ᠎ᠠ ᠶᠢᠨ ᠠᠯᠪᠠᠨ ᠪᠢᠴᠢᠭ᠂ ᠳᠠᠷᠤᠭ᠎ᠠ ᠶᠢᠨ ᠶᠠᠷᠢᠶ᠎ᠠ ᠵᠡᠷᠭᠡ ᠶᠠᠩᠵᠤ ᠪᠦᠷᠢ ᠶᠢᠨ ᠪᠢᠴᠢᠭ ᠮᠠᠲ᠋ᠧᠷᠢᠶᠠᠯ ᠢ ᠣᠷᠴᠢᠭᠤᠯᠵᠤ᠂ ᠲᠤᠰᠬᠠᠢ ᠠᠵᠢᠯ ᠤᠨ ᠮᠡᠳᠡᠴᠡ ᠮᠡᠳᠡᠯᠭᠡ ᠳᠡᠭᠡᠭᠰᠢᠯᠡᠨ ᠤᠯᠠᠮ ᠢᠶᠠᠷ ᠳᠠᠪᠲᠠᠭᠳᠠᠪᠠ᠃ 1984 ᠣᠨ ᠤ 10 ᠰᠠᠷ᠎ᠠ ᠳᠤ᠂ᠠᠶᠢᠮᠠᠭ ᠤᠨ ᠤᠯᠤᠰ ᠲᠦᠷᠦ ᠶᠢᠨ ᠵᠥᠪᠯᠡᠯᠭᠡᠨ ᠤ ᠰᠣᠶᠣᠯ ᠲᠡᠦᠬᠡ ᠮᠠᠲ᠋ᠧᠷᠢᠶᠠᠯ ᠤᠨ ᠠᠯᠪᠠᠨ ᠭᠡᠷ ᠲᠤ ᠰᠣᠩᠭᠤᠭᠳᠠᠨ ᠰᠢᠯᠢᠭᠳᠡᠵᠦ᠂ ᠠᠵᠢᠯ ᠰᠢᠯᠵᠢᠨ ᠢᠷᠡᠵᠦ ᠠᠵᠢᠯᠯᠠᠪᠠ᠃ ᠨᠠᠮᠠᠶᠢ ᠰᠣᠶᠣᠯ ᠲᠡᠦᠬᠡ ᠶᠢᠨ ᠮᠠᠲ᠋ᠧᠷᠢᠶᠠᠯ ᠤᠨ ᠠᠯᠪᠠᠨ ᠭᠡᠷ ᠲᠤ ᠰᠢᠯᠵᠢᠨ ᠣᠴᠢᠬᠤ ᠦᠶ᠎ᠡ ᠳᠤ ᠨᠢᠭᠡ ᠰᠢᠷᠡᠭᠡ ᠨᠢᠭᠡ ᠰᠠᠨᠳᠠᠯᠢ ᠠᠴᠠ ᠭᠠᠳᠠᠨ᠎ᠠ᠂ ᠭᠦᠭᠡᠬᠤᠲᠠ ᠳᠤ ᠬᠤᠷᠠᠯᠳᠤᠭᠤᠯᠤᠭᠰᠠᠨ ᠪᠦᠭᠦ ᠣᠷᠣᠨ ᠤ ᠰᠣᠶᠣᠯ ᠲᠡᠦᠬᠡ ᠶᠢᠨ ᠮᠠᠲ᠋ᠧᠷᠢᠶᠠᠯ ᠤᠨ ᠠᠵᠢᠯ ᠤᠨ ᠬᠤᠷᠠᠯᠳᠤᠭᠠᠨ ᠤ ᠬᠡᠳᠦᠨ ᠪᠢᠴᠢᠭ ᠮᠠᠲ᠋ᠧᠷᠢᠶᠠᠯ ᠠᠴᠠ ᠥᠭᠡᠷ᠎ᠡ ᠶᠠᠭᠤ ᠴᠤ ᠪᠠᠶᠢᠭᠰᠠᠨ ᠦᠭᠡᠢ᠂ ᠠᠯᠠᠱᠠ ᠠᠶᠢᠮᠠᠭ ᠤᠨ ᠰᠣᠶᠣᠯ ᠲᠡᠦᠬᠡ ᠶᠢᠨ ᠠᠵᠢᠯ ᠨᠢ ᠰᠢᠨ᠎ᠡ ᠭᠡᠷ ᠪᠠᠶᠢᠰᠢᠩ ᠪᠣᠰᠬᠠᠬᠤ ᠠᠳᠠᠯᠢ ᠬᠡᠷᠡᠭ ᠪᠠᠶᠢᠯ᠎ᠠ᠃ ᠲᠤᠬᠠᠢ ᠶᠢᠨ ᠦᠶ᠎ᠡ ᠶᠢᠨ ᠨᠠᠰᠤᠲᠠᠶᠢᠴᠤᠳ ᠤᠳᠠᠭ᠎ᠠ ᠪᠣᠯᠭᠠᠨ ᠤ ᠬᠥᠳᠡᠯᠭᠡᠭᠡᠨ ᠢ ᠪᠡᠶ᠎ᠡ ᠪᠠᠷ ᠢᠶᠠᠨ ᠥᠩᠭᠡᠷᠡᠭᠦᠯᠦᠭᠰᠡᠨ ᠪᠣᠯᠬᠤᠷ ᠣᠯᠠᠨ ᠠᠷᠪᠢᠨ ᠲᠡᠦᠬᠡᠨ ᠬᠡᠷᠡᠭ ᠶᠠᠪᠤᠳᠠᠯ ᠤᠨ ᠰᠦᠪᠡᠭᠴᠢ᠂ ᠥᠪᠡᠷ ᠤᠨ ᠥᠩᠭᠡᠷᠡᠯᠲᠡ ᠵᠡᠷᠭᠡ ᠪᠠᠨ ᠶᠠᠷᠢᠬᠤ ᠳᠤᠷ᠎ᠠ ᠦᠭᠡᠢ ᠪᠠᠶᠢᠪᠠ᠃ ᠭᠡᠪᠡᠴᠦ ᠪᠢ ᠡᠳᠡᠭᠡᠷ ᠪᠤᠭᠤᠷᠤᠯᠴᠤᠳ ᠲᠠᠢ ᠠᠷᠭ᠎ᠠ ᠪᠦᠭᠦᠨ ᠢ ᠰᠦᠪᠡᠭᠴᠢᠯᠡᠨ ᠨᠠᠶᠢᠵᠠᠯᠠᠵᠤ᠂ ᠨᠢᠭᠡ ᠵᠢᠯ ᠤᠨ ᠰᠢᠷᠭᠠᠭᠤ ᠭᠦᠳᠡᠯᠮᠦᠷᠢ ᠶᠢ ᠵᠠᠷᠤᠴᠠᠭᠤᠯᠤᠨ ᠴᠢᠷᠮᠠᠶᠢᠭᠰᠠᠨ ᠤ ᠳ᠋ᠦᠩ ᠳᠤ ᠳᠠᠷᠠᠭ᠎ᠠ ᠵᠢᠯ ᠨᠢ ︽ᠠᠯᠠᠱᠠ ᠠᠶᠢᠮᠠᠭ ᠤᠨ ᠰᠣᠶᠣᠯ ᠲᠡᠦᠬᠡ︾  ᠶᠢᠨ ᠨᠢᠭᠡᠳᠦᠭᠡᠷ ᠡᠮᠬᠢᠳᠬᠡᠯ ᠢ ᠬᠡᠪᠯᠡᠭᠦᠯᠦᠨ ᠲᠠᠷᠬᠠᠭᠠᠪᠠ᠃ ᠡᠨᠡ ᠨᠢ ᠮᠠᠰᠢ ᠰᠠᠶᠢᠨ ᠪᠣᠳᠠᠲᠤ ᠤᠬᠠᠭᠤᠯᠭ᠎ᠠ ᠶᠢᠨ ᠬᠠᠭᠤᠳᠠᠰᠤ ᠪᠣᠯᠤᠭᠰᠠᠨ ᠢᠶᠠᠷ ᠮᠠᠰᠢ ᠣᠯᠠᠨ ᠪᠤᠭᠤᠷᠤᠯᠴᠤᠳ ᠪᠡᠶ᠎ᠡ ᠪᠡᠶ᠎ᠡ ᠪᠠᠨ ᠲᠠᠨᠢᠯᠴᠠᠭᠤᠯᠤᠨ ᠨᠠᠮᠠᠶᠢ ᠳᠡᠮᠵᠢᠬᠦ ᠪᠣᠯᠵᠤ᠂ ᠥᠪᠡᠷ ᠤᠨ ᠪᠡᠶ᠎ᠡ ᠪᠠᠷ ᠢᠶᠠᠨ ᠥᠩᠭᠡᠷᠡᠭᠦᠯᠦᠭᠰᠡᠨ ᠪᠤᠭᠤᠷᠤᠯ ᠳᠤᠷᠠᠰᠤᠮᠵᠢ ᠪᠠᠨ ᠬᠦᠦᠷᠨᠢᠨ ᠥᠭᠦᠯᠡᠵᠦ ᠦᠭᠳᠡᠭ ᠪᠣᠯᠤᠭᠰᠠᠨ᠂ ᠡᠶᠢᠨᠬᠦ ᠤᠷᠢᠳ ᠬᠤᠵᠢᠳ ᠬᠡᠳᠦᠬᠡᠨ ᠵᠢᠯ ᠤᠨ ᠬᠤᠭᠤᠴᠠᠭᠠᠨ ᠳᠤ ᠵᠠᠭᠤ ᠭᠠᠷᠤᠢ ᠬᠥᠮᠥᠰ ᠢ ᠰᠤᠷᠪᠤᠯᠵᠢᠯᠠᠨ᠂ ᠬᠤᠶᠠᠷ ᠵᠠᠭᠤ ᠭᠠᠷᠤᠢ ᠲᠦᠮᠡᠨ ᠦᠰᠦᠭ ᠤᠨ ᠮᠠᠲ᠋ᠧᠷᠢᠶᠠᠯ ᠢ ᠴᠤᠭᠯᠠᠭᠤᠯᠪᠠ᠃ ᠡᠨᠡ ᠮᠡᠲᠦ ᠪᠠᠷ ᠭᠠᠭᠴᠠᠭᠠᠷ ᠢᠶᠠᠨ ᠠᠵᠢᠯᠯᠠᠭᠰᠠᠭᠠᠷ ᠨᠢᠭᠡ ᠮᠡᠳᠡᠬᠦ ᠳᠤ ᠮᠢᠩᠭ᠎ᠠ ᠭᠠᠷᠤᠢ ᠲᠦᠮᠡᠨ ᠦᠰᠦᠭ ᠤᠨ ᠡᠬᠡ ᠪᠢᠴᠢᠭ ᠢ ᠴᠤᠭᠯᠠᠭᠤᠯᠤᠨ ᠲᠤᠭᠤᠷᠪᠢᠭᠰᠠᠨ ᠪᠥᠭᠡᠳ ︽ᠠᠯᠠᠱᠠ ᠠᠶᠢᠮᠠᠭ ᠤᠨ ᠰᠣᠶᠣᠯ ᠲᠡᠦᠬᠡ︾ ᠬᠢᠲᠠᠳ ᠮᠣᠩᠭᠤᠯ ᠬᠡᠯᠡᠨ ᠤ 28 ᠡᠮᠬᠢᠳᠬᠡᠯ᠂ ᠡᠬᠡ ᠪᠢᠴᠢᠭ ᠴᠤᠭᠯᠠᠭᠤᠯᠤᠨ ᠨᠠᠶᠢᠷᠠᠭᠤᠯᠤᠭᠰᠠᠨ ᠰᠡᠳᠬᠦᠯ ᠨᠡᠶᠢᠲᠡ 22 ᠬᠤᠭᠤᠴᠠᠭ᠎ᠠ᠂ ︽ᠣᠶᠢᠷᠠᠳ ᠰᠣᠷᠪᠤᠯᠵᠢ ᠪᠢᠴᠢᠭ ᠪᠠ ᠰᠤᠳᠤᠯᠤᠯ︾᠂ ︽ᠠᠯᠠᠱᠠ ᠶᠢᠨ ᠵᠦᠢᠷ ᠴᠠᠴᠠᠨ ᠦᠭᠡᠰ︾᠂ ︽ᠠᠯᠠᠱᠠ ᠮᠡᠷᠭᠡᠳ ᠤᠨ ᠴᠢᠭᠤᠯᠭᠠᠨ︾᠂ ︽ᠠᠯᠠᠱᠠ ᠶᠢᠨ ᠢᠯᠡᠳᠬᠡᠯ ᠲᠡᠦᠬᠡ︾᠂ ︽ᠠᠭᠸᠠᠩᠳᠠᠨᠳᠠᠷ ᠤᠨ ᠰᠤᠳᠤᠯᠭᠠᠨ ᠤ ᠥᠭᠦᠯᠡᠯ ᠤᠨ ᠴᠢᠭᠤᠯᠭᠠᠨ︾᠂ ︽ᠵᠢᠷᠭᠤᠳᠤᠭᠠᠷ ᠳᠠᠯᠠᠢ ᠪᠯᠠᠮ᠎ᠠ ᠼᠠᠩᠶᠠᠩᠵᠠᠮᠰᠤ ᠶᠢᠨ ᠨᠠᠮᠲᠠᠷ︾᠂ ︽ᠪᠠᠷᠠᠭᠤᠨ ᠬᠡᠶᠢᠳ ᠬᠢᠭᠡᠳ ᠼᠠᠩᠶᠠᠩᠵᠠᠮᠰᠤ︾᠂ ︽ᠠᠯᠠᠱᠠ ᠶᠢᠨ ᠵᠦᠢᠷ ᠰᠡᠴᠡᠨ ᠦᠭᠡ ᠶᠢᠨ ᠴᠢᠭᠤᠯᠭᠠᠨ︾᠂ ︽ᠠᠯᠠᠱᠠ ᠶᠢᠨ ᠤᠯᠠᠮᠵᠢᠯᠠᠯᠲᠤ ᠢᠳᠡᠭᠡᠨ ᠤᠮᠳᠠᠭᠠᠨ︾᠂ ︽ᠠᠯᠠᠱᠠ ᠶᠢᠨ ᠲᠠᠬᠢᠯᠭᠠᠲᠤ ᠠᠭᠤᠯᠠ ᠤᠰᠤ ᠪᠠ ᠮᠣᠩᠭᠤᠯᠴᠤᠳ ᠤᠨ ᠤᠯᠠᠮᠵᠢᠯᠠᠯᠲᠤ ᠠᠮᠢ ᠠᠬᠤᠢ ᠶᠢᠨ ᠬᠠᠮᠠᠭᠠᠯᠠᠯᠲᠠ ᠶᠢᠨ ᠵᠠᠩᠰᠢᠯ︾ ︽ᠣᠶᠢᠷᠠᠳ ᠮᠣᠩᠭᠤᠯ ᠤᠨ ᠲᠡᠦᠬᠡ ᠰᠣᠶᠣᠯ ᠤᠨ ᠰᠤᠳᠤᠯᠤᠯ︾᠂ ︽ᠳᠡᠮᠴᠤᠬᠳᠤᠩᠷᠤᠪ ᠠᠯᠠᠱᠠ ᠳᠤ︾᠂ ︽ᠠᠯᠠᠱᠠ ᠠᠶᠢᠮᠠᠭ ᠤᠨ ᠬᠤᠰᠢᠭᠤ ᠨᠤᠲᠤᠭ ᠤᠨ ᠲᠡᠦᠬᠡᠨ ᠮᠠᠲ᠋ᠧᠷᠢᠶᠠᠯ︾ ︵ᠨᠢᠭᠡᠳᠦᠭᠡᠷ ᠡᠮᠬᠢᠳᠬᠡᠯ︶᠂ ︽ᠠᠯᠠᠱᠠ ᠶᠢᠨ ᠠᠶᠢᠮᠠᠭ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ ᠤ ᠭᠡᠰᠢᠭᠦᠳ ᠤᠨ ᠢᠷᠠᠭᠤ ᠠᠯᠳᠠᠷ︾ ︵1999 ᠣᠨ︶᠂ ︽ᠢᠷᠠᠭᠤ ᠴᠡᠭᠡᠯᠬᠡᠨ ᠨᠠᠰᠤ︾᠂ ︽ᠠᠯᠠᠱᠠ ᠯᠾᠠᠷᠠᠮᠪᠠ ᠠᠭᠸᠠᠩᠳᠠᠨᠳᠠᠷ ᠤᠨ ᠰᠤᠳᠤᠯᠭᠠᠨ ᠤ ᠴᠢᠭᠤᠯᠭᠠᠨ︾ ︵1 - 6 ᠡᠮᠬᠢᠳᠬᠡᠯ︶᠂ ︽ᠲᠡᠦᠬᠡᠨ ᠠᠯᠳᠠᠷᠲᠠᠳ ᠬᠢᠭᠡᠳ ᠠᠯᠠᠱᠠ︾᠂ ︽ᠶᠡᠭᠡ ᠭᠤᠪᠢ ᠶᠢᠨ ᠲᠡᠦᠬᠡᠨ ᠲᠡᠮᠳᠡᠭᠯᠡᠯ︾᠂ ︽ᠼᠠᠩᠶᠠᠩᠵᠠᠮᠰᠤ ᠶᠢᠨ ᠰᠣᠩᠭᠤᠯᠲᠠ ᠠᠯᠠᠱᠠ︾᠂ ︽ᠨᠡᠷᠡᠲᠦ ᠪᠠᠯᠭᠠᠰᠤ ᠬᠤᠯᠠᠳᠠᠭᠢᠨ ᠢ ᠲᠣᠭᠲᠠᠭᠠᠭᠴᠢ ᠬᠤᠷᠢᠶ᠎ᠠ︾ ᠵᠡᠷᠭᠡ ᠨᠠᠶᠠ ᠭᠠᠷᠤᠢ ᠮᠣᠩᠭᠤᠯ ᠬᠢᠲᠠᠳ ᠬᠡᠯᠡᠨ ᠤ ᠨᠣᠮ ᠰᠤᠳᠤᠷ ᠢ ᠬᠡᠪᠯᠡᠭᠦᠯᠵᠡᠢ᠃ ᠡᠨᠡ ᠬᠤᠭᠤᠴᠠᠭᠠᠨ ᠳᠤ ᠪᠠᠰᠠ ᠠᠯᠠᠱᠠ ᠳᠠᠬᠢ ᠲᠡᠦᠬᠡᠲᠦ ᠬᠥᠮᠥᠰ ᠤᠨ ᠲᠤᠬᠠᠢ ᠠᠩᠬᠠᠷᠤᠨ᠂ ᠨᠡᠩ ᠢᠯᠠᠩᠭᠤᠶ᠎ᠠ ᠠᠭᠸᠠᠩᠳᠠᠨᠳᠠᠷ ᠤᠨ ᠵᠣᠬᠢᠶᠠᠯ ᠪᠦᠲᠦᠭᠡᠯ ᠢ ᠦᠷᠭᠦᠯᠵᠢᠯᠡᠨ ᠴᠤᠭᠯᠠᠭᠤᠯᠤᠨ ᠡᠮᠬᠢᠳᠬᠡᠵᠦ᠂ ᠲᠡᠭᠦᠨ ᠢᠶᠠᠨ ᠲᠥᠪᠡᠳ ᠬᠡᠯᠡᠨ ᠠᠴᠠ ᠮᠣᠩᠭᠤᠯᠴᠢᠯᠠᠬᠤ ᠠᠵᠢᠯ ᠢ ᠭᠠᠷᠳᠠᠵᠤ᠂ 2014 ᠣᠨ ᠳᠤ ᠵᠢᠷᠭᠤᠭᠠᠨ ᠪᠣᠳᠢ ᠳᠤ ᠪᠠᠭᠲᠠᠭᠠᠭᠰᠠᠨ ︽ᠠᠯᠠᠱᠠ ᠯᠾᠠᠷᠠᠮᠪᠠ ᠠᠭᠸᠠᠩᠳᠠᠨᠳᠠᠷ ᠤᠨ ᠵᠣᠬᠢᠶᠠᠯ ᠤᠨ ᠴᠢᠭᠤᠯᠭᠠᠨ︾ ᠬᠡᠮᠡᠬᠦ ᠨᠣᠮ ᠢ ᠬᠡᠪᠯᠡᠭᠦᠯᠦᠨ ᠲᠠᠷᠬᠠᠭᠠᠪᠠ᠃ ᠡᠨᠡ ᠨᠢ ᠤᠯᠤᠰ ᠤᠨ ᠳᠣᠲᠣᠭᠠᠳᠤ ᠭᠠᠳᠠᠭᠠᠳᠤ ᠳᠤ ᠠᠯᠠᠱᠠ ᠯᠾᠠᠷᠠᠮᠪᠠ ᠠᠭᠸᠠᠩᠳᠠᠨᠳᠠᠷ ᠤᠨ ᠲᠤᠬᠠᠢ ᠪᠢᠴᠢᠭᠰᠡᠨ ᠠᠩᠬᠠᠳᠠᠭᠴᠢ ᠨᠣᠮ ᠵᠣᠬᠢᠶᠠᠯ ᠪᠠᠶᠢᠵᠤ᠂ ᠰᠤᠳᠤᠯᠭᠠᠴᠢᠳ ᠤᠨ ᠠᠩᠬᠠᠷᠤᠯ ᠢ ᠶᠡᠬᠡᠳᠡ ᠲᠠᠲᠠᠭᠰᠠᠨ ᠪᠠᠶᠢᠨ᠎ᠠ᠃ ᠥᠨᠥ ᠪᠤᠯᠬᠤ ᠳᠤ ᠤᠯᠤᠰ ᠤᠨ ᠳᠣᠲᠣᠨ᠎ᠠ ᠭᠠᠳᠠᠨ᠎ᠠ ᠶᠢᠨ ᠮᠠᠭᠢᠰᠲᠷ ᠪᠠ ᠳ᠋ᠣᠺᠲ᠋ᠣᠷᠠᠨᠲ ᠨᠠᠷ ᠠᠭᠸᠠᠩᠳᠠᠨᠳᠠᠷ ᠤᠨ ᠵᠣᠬᠢᠶᠠᠯ ᠪᠦᠲᠦᠭᠡᠯ ᠢᠶᠠᠷ ᠴᠣᠯᠠ ᠬᠠᠮᠠᠭᠠᠯᠠᠬᠤ ᠶᠠᠪᠤᠳᠠᠯ ᠮᠠᠰᠢ ᠣᠯᠠᠨ ᠪᠣᠯᠵᠤ᠂ ᠨᠠᠮᠠᠶᠢ ᠡᠷᠢᠵᠦ ᠰᠣᠷᠪᠤᠯᠵᠢᠯᠠᠭ᠎ᠠ ᠬᠢᠵᠦ ᠪᠠᠶᠢᠭ᠎ᠠ ᠠᠰᠫᠢᠷᠠᠨᠲ ᠳ᠋ᠣᠺᠲ᠋ᠣᠷᠠᠨᠲ ᠬᠤᠷᠢ ᠭᠠᠷᠤᠢ ᠪᠤᠢ᠃ ᠡᠭᠦᠨ ᠢ ᠬᠠᠷᠠᠭᠠᠳ ᠪᠢ᠂ ︽ᠮᠢᠨᠤ ᠳᠥᠴᠢ ᠭᠠᠷᠤᠢ ᠵᠢᠯ ᠤᠨ ᠴᠢᠷᠮᠠᠶᠢᠯᠭ᠎ᠠ ᠲᠠᠯᠠᠭᠠᠷ ᠪᠤᠰᠤ᠂ ᠨᠡᠶᠢᠭᠡᠮ ᠨᠡᠶᠢᠳᠡ ᠳᠤ ᠬᠡᠷᠡᠭᠴᠡᠭᠡ ᠲᠠᠢ ᠯᠡ ᠶᠤᠮ ᠪᠠᠶᠢᠨ᠎ᠠ︾ ᠭᠡᠵᠦ ᠪᠠᠶᠠᠰᠴᠤ ᠶᠠᠪᠤᠳᠠᠭ ᠪᠢᠯᠡ᠃      ᠴᠠᠭᠠᠨ ᠮᠥᠷ ᠤᠨ ᠶᠠᠪᠤᠳᠠᠯ ᠳᠤ ᠶᠡᠷᠦᠨᠢ ᠰᠠᠶᠢᠨ ᠬᠥᠮᠥᠨ ᠲᠠᠭᠠᠷᠠᠭᠠᠳ ᠯᠠ ᠪᠠᠶᠢᠭᠰᠠᠨ᠂ ᠵᠢᠱᠢᠶᠡᠯᠡᠪᠡᠯ᠂ ᡂᠢ ᠸᠠᠨ ᠵᠧᠨ ᠨᠠᠮᠠᠶᠢ ᠥᠭᠡᠳᠡ ᠲᠠᠲᠠᠬᠤ ᠭᠡᠰᠡᠨ ᠰᠠᠨᠠᠭ᠎ᠠ᠂ ᠪᠠᠶᠠᠨᠳᠠᠯᠠᠢ ︵ᠬᠠᠨ ᠰᠢᠤᠸᠠᠢ ᠱᠸᠡᠭ︶ ᠨᠠᠮᠠᠶᠢ ᠡᠷᠳᠡᠮ ᠮᠡᠳᠡᠯᠭᠡ ᠲᠠᠢ ᠬᠥᠮᠥᠨ ᠪᠤᠯᠭᠠᠬᠤ ᠭᠡᠵᠦ ᠵᠣᠷᠢᠭᠵᠢᠭᠤᠯᠤᠭᠰᠠᠨ᠂ ᠨᠠᠩᠰᠠᠯᠮ᠎ᠠ ᠠᠨᠢᠶ᠎ᠠ ᠨᠠᠮᠠᠶᠢ ᠨᠣᠮ ᠤᠨ ᠬᠥᠮᠥᠷᠭᠡ ᠳᠡᠭᠡᠨ ᠣᠨᠢᠰᠤᠯᠠᠨ ᠨᠣᠮ ᠤᠩᠰᠢᠭᠤᠯᠵᠤ ᠪᠠᠶᠢᠭᠰᠠᠨ ᠨᠢ ᠨᠣᠮ ᠰᠤᠳᠤᠷ ᠤᠨ ᠰᠠᠷᠠᠭᠤᠯ ᠡᠭᠦᠳᠡ ᠤᠷᠤᠭᠤ ᠬᠥᠲᠥᠯᠵᠦ ᠪᠠᠶᠢᠭᠰᠠᠨ ᠶᠠᠪᠤᠳᠠᠯ᠂ ᠬᠤᠣ ᠰᠦ᠋ ᠮᠢᠨ ᠫᠷᠤᠹᠧᠰᠰᠤᠷ ᠨᠠᠮᠠᠶᠢ ᠡᠷᠳᠡᠮ ᠤᠨ ᠳᠠᠯᠠᠢ ᠥᠭᠡᠳᠡ ᠲᠠᠲᠠᠭᠰᠠᠨ᠂ ᠴᠡᠳᠡᠡ ᠱᠠᠪᠷᠤᠩ᠂ ᠳ᠋ᠣᠷᠰᠢ᠂ ᠠᠭᠸᠠᠩᠴᠣᠶᠢᠳᠠᠷ ᠵᠡᠷᠭᠡ ᠭᠤᠷᠪᠠᠨ ᠫᠷᠤᠹᠧᠰᠰᠤᠷ ᠨᠠᠳᠠᠳᠤ ᠠᠭᠸᠠᠩᠳᠠᠨᠳᠠᠷ ᠰᠤᠳᠤᠯᠤᠯ ᠤᠨ ᠵᠠᠮ ᠢ ᠵᠢᠭᠠᠭᠰᠠᠨ ᠵᠡᠷᠭᠡ ᠪᠤᠯᠬᠤ ᠶᠤᠮ᠃ ᠬᠤᠵᠢᠮ ᠨᠢ ᠠᠵᠢᠯ ᠳᠤ ᠭᠠᠷᠤᠭᠰᠠᠨ ᠤ ᠳᠠᠷᠠᠭ᠎ᠠ᠂ ᠪᠦᠭᠡ ᠲᠡᠷᠢᠭᠦᠯᠡᠭᠴᠢ ᠪᠣᠯᠣᠨ ᠶᠣᠨᠳᠣᠨ ᠨᠠᠷᠢᠨ ᠪᠢᠴᠢᠭ ᠤᠨ ᠳᠠᠷᠤᠭ᠎ᠠ ᠨᠠᠮᠠᠶᠢ ᠠᠯᠠᠱᠠ ᠠᠶᠢᠮᠠᠭ ᠤᠨ ᠤᠯᠤᠰ ᠲᠦᠷᠦ ᠶᠢᠨ ᠵᠥᠪᠯᠡᠯᠭᠡᠨ ᠤ ᠰᠣᠶᠣᠯ ᠲᠡᠦᠬᠡ ᠶᠢᠨ ᠮᠠᠲ᠋ᠧᠷᠢᠶᠠᠯ ᠤᠨ ᠠᠯᠪᠠᠨ ᠭᠡᠷ ᠲᠤ ᠰᠣᠩᠭᠤᠨ ᠰᠢᠯᠵᠢᠭᠦᠯᠵᠦ ᠢᠷᠡᠭᠦᠯᠦᠭᠡᠳ᠂ ᠰᠣᠶᠣᠯ ᠲᠡᠦᠬᠡ ᠶᠢᠨ ᠲᠤᠰᠬᠠᠢ ᠠᠵᠢᠯ ᠳᠤ ᠲᠣᠬᠢᠷᠠᠭᠤᠯᠤᠭᠰᠠᠨ ᠶᠠᠪᠤᠳᠠᠯ ᠨᠢ ᠣᠷᠣᠨ ᠨᠤᠲᠤᠭ ᠤᠨ ᠰᠣᠶᠣᠯ ᠲᠡᠦᠬᠡ ᠶᠢᠨ ᠦᠢᠯᠡᠰ ᠲᠤ ᠬᠦᠴᠦ ᠪᠠᠨ ᠡᠷᠭᠦᠨ᠂ ᠣᠯᠠᠨ ᠨᠣᠮ ᠰᠤᠳᠤᠷ ᠢ ᠬᠡᠪᠯᠡᠭᠦᠯᠬᠦ ᠤᠷᠮ᠎ᠠ ᠵᠣᠷᠢᠭ ᠢ ᠬᠥᠪᠴᠢᠯᠡᠵᠦ᠂ ᠦᠨᠳᠦᠰᠦ ᠰᠠᠭᠤᠷᠢ ᠨᠢ ᠪᠣᠯᠤᠭᠰᠠᠨ ᠭᠡᠵᠦ ᠪᠤᠳᠤᠳᠠᠭ ᠪᠥᠭᠡᠳ ᠪᠠᠭᠰᠢ ᠳᠠᠷᠤᠭ᠎ᠠ ᠨᠠᠷ ᠢᠶᠠᠨ ᠬᠡᠵᠢᠶᠡᠳᠡ ᠰᠠᠨᠠᠵᠤ ᠳᠤᠷᠠᠰᠴᠤ ᠶᠠᠪᠤᠳᠠᠭ ᠪᠢᠯᠡ᠃      ᠣᠳᠤ ᠪᠢ ᠬᠡᠳᠦᠶᠢᠪᠡᠷ ᠨᠢᠭᠡᠨᠲᠡ ᠲᠡᠳᠬᠦᠪᠦᠷᠢ ᠳᠤ ᠭᠠᠷᠤᠭᠰᠠᠨ ᠪᠤᠯᠪᠠᠴᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠰᠣᠶᠣᠯ ᠲᠡᠦᠬᠡ ᠰᠤᠳᠤᠯᠬᠤ ᠣᠷᠳᠣᠨ ᠤ ᠰᠠᠩᠴᠢ ᠭᠡᠰᠢᠭᠦᠨ ᠤ ᠬᠤᠪᠢ ᠳᠤ᠂ ᠦᠷᠭᠦᠯᠵᠢᠯᠡᠨ ᠨᠤᠲᠤᠭ ᠣᠷᠣᠨ ᠤ ᠪᠠᠨ ᠰᠣᠶᠣᠯ ᠲᠡᠦᠬᠡ ᠶᠢᠨ ᠦᠢᠯᠡᠰ ᠲᠤ ᠪᠦᠭᠦ ᠬᠦᠴᠦ ᠪᠠᠷ ᠢᠶᠠᠨ ᠴᠢᠷᠮᠠᠶᠢᠵᠤ᠂ ᠨᠡᠩ ᠣᠯᠠᠨ ᠨᠣᠮ ᠰᠤᠳᠤᠷ ᠢ ᠪᠢᠴᠢᠨ ᠦᠯᠡᠳᠡᠭᠡᠬᠦ ᠪᠠᠷ ᠵᠣᠷᠢᠵᠤ ᠶᠠᠪᠤᠨ᠎ᠠ᠃    
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号