ᠨᠠᠰᠤᠨ ᠪᠠᠶᠠᠷ ᠤᠨ ᠢᠷᠦᠬᠡᠯ
ᠨᠡᠶᠢᠲᠡᠯᠡᠭᠰᠡᠨ ᠴᠠᠭ᠄
2024/3/29
      ᠨᠠᠰᠤᠳᠠᠳ ᠢ ᠳᠡᠬᠡᠵᠥ ᠶᠡᠭᠡ ᠢᠷᠦᠬᠡᠳᠡᠭ ᠤᠴᠢᠷ ᠦᠬᠡᠢ᠂ ᠨᠠᠰᠤᠳᠠᠳ ᠢ ︽ᠢᠷᠦᠬᠡᠨ᠎ᠠ︾ ᠬᠡᠵᠥ ᠴᠤ ᠬᠡᠯᠡᠳᠡᠭ ᠦᠬᠡᠢ᠃ ᠬᠠᠷᠢᠨ ᠪᠡᠯᠡᠭ ᠲᠤ ᠢᠷᠡᠭᠰᠡ ᠡᠳ᠋ ᠪᠤᠳᠠᠰ ᠢ ᠨᠢ ᠢᠷᠦᠬᠡᠵᠥ᠂ ᠬᠦᠨᠳᠦᠳᠬᠡᠯ ᠰᠡᠳᠬᠢᠯ ᠢᠶᠠᠨ ᠢᠯᠡᠳᠬᠡᠳᠡᠭ ᠰᠠᠶᠢᠬᠠᠨ ᠵᠠᠩ ᠲᠠᠢ ᠪᠢᠯᠡ᠃ ᠳᠤᠬᠠᠢᠢᠯᠠᠪᠠᠯ᠄ ᠡᠬᠡ ᠳᠠᠬᠢᠨᠢ ᠳᠠᠨ ᠤ ᠪᠠᠨ ᠡᠯᠪᠡᠷᠢᠯ ᠠᠴᠢ ᠶᠢ ᠬᠠᠷᠢᠭᠤᠯᠵᠤ ᠡᠷᠬᠦᠵᠦ ᠪᠠᠷᠢᠬᠤ ᠪᠡᠯᠡᠭ ᠪᠤᠯᠪᠠᠰᠤ᠄ ᠰᠠᠭᠠᠯᠢ ᠶᠢᠨ ᠳᠡᠬᠡᠵᠢ ᠰᠠᠷᠬᠤᠳ ᠰᠠᠨᠰᠠᠷ ᠲᠤ ᠡᠷᠬᠦᠬᠦ ᠰᠠᠮᠪᠠᠢ ᠬᠠᠳᠠᠬ ᠤᠷᠳᠤᠨ ᠤ ᠴᠢᠮᠡᠭ ᠤᠯᠪᠤᠬ ᠳᠠᠪᠠᠬ ᠤᠨ ᠵᠠᠰᠠᠯ ᠪᠤᠭᠤᠷᠰᠤᠬ ᠡᠳ᠋ᠯᠡᠬᠦ ᠶᠢᠨ ᠰᠠᠶᠢᠬᠠᠨ ᠡᠪᠬᠡᠮᠡᠯ ᠳᠤᠷᠭ᠎ᠠ ᠡᠷᠳᠡᠨᠢ ᠶᠢᠨ ᠰᠠᠶᠢᠬᠠᠨ ᠡᠷᠳᠡᠨᠢ ᠰᠤᠪᠤᠳ ᠡᠳᠡᠬᠡᠷ ᠪᠦᠬᠦᠨ ᠤ ᠬᠠᠷᠢᠭᠤ ᠳᠤ ᠡᠵᠢ ᠪᠤᠯᠤᠬᠰᠠᠨ ᠳᠠᠬᠢᠨᠢ ᠮᠢᠨᠢ ᠴᠢᠬᠢ ᠳᠦᠬᠦᠷᠡᠩ ᠴᠡᠩᠬᠡᠯ ᠲᠠᠢ ᠴᠡᠬᠡᠵᠢ ᠳᠦᠬᠦᠷᠡᠩ ᠪᠠᠶᠠᠷᠳᠠᠢ ᠪᠤᠯᠳᠤᠭᠠᠢ︕ ᠬᠡᠳᠡᠭ ᠪᠠᠶᠢᠨ᠎ᠠ᠃ ᠮᠤᠩᠭᠤᠯ ᠢᠷᠦᠬᠡᠯ ᠶᠡᠷᠦ ᠨᠢ ᠦᠪᠡᠷ ᠤᠨ ᠰᠡᠳᠦᠪ ᠠᠭᠤᠯᠭ᠎ᠠ ᠪᠠᠷ ᠢᠶᠠᠨ ᠦᠪᠡᠷᠮᠢᠴᠡ ᠠᠩᠬᠢᠯᠠᠯ ᠢᠶᠠᠷ ᠳᠤᠪ ᠳᠤᠳᠤᠷᠬᠠᠢ ᠪᠠᠶᠢᠳᠠᠬ ᠶᠤᠮ᠃ ᠡᠨᠡ ᠨᠢ ᠮᠤᠩᠭᠤᠯ ᠵᠠᠩ ᠦᠢᠯᠡ ᠶᠢᠨ ᠬᠦᠨᠳᠦᠳᠬᠡᠯ ᠶᠤᠰᠤ ᠪᠡ ᠡᠳ᠋ ᠬᠦᠷᠦᠩᠬᠡ ᠪᠠᠷ ᠪᠡᠶᠡᠨ ᠳᠠᠩᠰᠤᠬ ᠶᠠᠪᠤᠬᠤ ᠶᠢ ᠮᠠᠰᠢ ᠴᠢᠬᠤᠯᠠᠴᠢᠯᠠᠨ ᠪᠡᠯᠬᠡᠳᠡᠳᠡᠭ ᠢᠯᠡᠷᠬᠡᠶᠢᠯᠡᠯ ᠶᠤᠮ᠃ ᠮᠤᠩᠭᠤᠯ ᠢᠷᠦᠭᠡᠯ ᠨᠢ ᠡᠯᠪᠡᠭ ᠰᠠᠶᠢᠨ ᠤ ᠪᠡᠯᠬᠡᠳᠡᠯ ᠢ ᠶᠡᠬᠡᠪᠴᠢᠯᠡᠨ ᠠᠵᠤ ᠠᠮᠢᠳᠤᠷᠠᠯ ᠤᠨ ᠢᠶᠠᠨ ᠦᠨᠳᠦᠰᠦ ᠪᠤᠯᠤᠭᠰᠠᠨ ᠮᠠᠯ ᠰᠦᠷᠦᠭ ᠤᠨ ᠦᠰᠴᠤ ᠦᠷᠡᠵᠢᠬᠦ ᠶᠠᠪᠤᠳᠠᠯ  ᠲᠠᠢ ᠰᠢᠭᠤᠳ ᠬᠤᠯᠪᠤᠨ ᠦᠭᠦᠯᠡᠳᠡᠭ ᠨᠢ ᠨᠠᠬᠦᠳᠡᠯᠴᠢᠳ ᠤᠨ ᠮᠠᠨᠢ ᠤᠯᠠᠮᠵᠢᠯᠠᠯ ᠶᠤᠰᠤ ᠪᠤᠶᠤ᠃ ︽ᠤᠯᠠᠮᠵᠢᠯᠠᠯᠳᠤ ᠵᠠᠩᠰᠢᠯ ᠶᠤᠰᠤᠭᠠᠷ ᠭᠡᠷ ᠮᠢᠯᠢᠶᠠᠬᠤ ᠢᠷᠦᠭᠡᠯ ᠤᠨ ᠳᠠᠷᠠᠭ᠎ᠠ ᠲᠠᠪᠤᠨ ᠬᠤᠰᠢᠭᠤ ᠮᠠᠯ ᠤᠨ ᠮᠠᠭᠳᠠᠭᠠᠯ ᠬᠡᠯᠡᠳᠡᠭ ᠨᠢ ᠦᠩᠭᠡᠴᠡ ᠦᠵᠡᠬᠦ ᠳᠤ ᠲᠤᠬᠠᠢ ᠶᠢᠨ ᠵᠠᠩ ᠦᠢᠯᠡ ᠲᠠᠢ ᠬᠤᠯᠪᠤᠭᠳᠠᠯ ᠦᠭᠡᠢ ᠮᠡᠳᠦ ᠪᠤᠯᠪᠠᠴᠤ ᠮᠠᠯᠴᠢᠨ ᠠᠶᠢᠯ ᠤᠨ ᠠᠵᠤ ᠪᠠᠶᠢᠳᠠᠯ ᠲᠠᠢ ᠬᠤᠯᠪᠤᠨ ᠦᠵᠡᠪᠡᠯ ᠰᠠᠶ᠋ᠢ ᠤᠢᠢᠯᠭᠠᠮᠵᠢᠳᠠᠢ ᠪᠤᠯᠤᠨ᠎ᠠ︾ ᠬᠡᠵᠥ ᠳᠠᠨᠢᠬᠤ ᠨᠢ ᠴᠤ ᠵᠦᠪ ᠯᠡ ᠳ᠋ᠡ
 
ᠢᠷᠡᠯᠲᠡ᠄ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号