﹇︽ᠤᠷᠲᠤ ᠴᠠᠭᠠᠨ ᠬᠡᠷᠡᠮ︾ ᠪᠣᠯᠣᠨ ︽ᠬᠠᠲᠤᠨ ᠭᠤᠣᠯ︾᠎ ᠤᠨ ᠰᠣᠶᠣᠯ ᠤᠨ ᠰᠣᠯᠢᠯᠴᠠᠭ᠎ᠠ ᠤᠶᠠᠯᠳᠤᠯ ﹈ ᠬᠠᠳᠤᠨ ᠭᠤᠣᠯ ᠪᠣᠭᠤᠮᠲᠠ ᠪᠠᠷ ᠤᠷᠤᠰᠤᠨ ᠥᠩᠭᠡᠷᠡᠬᠦᠶ᠎ᠡ ᠬᠠᠷᠠᠬᠤ ᠨᠢᠳᠦᠨ᠎ᠡ ᠮᠢᠩᠭᠠᠨ ᠣᠨ ᠤ ᠲᠡᠦᠬᠡ ᠳᠡᠯᠭᠡᠭᠳᠡᠨ᠎ᠡ
ᠨᠡᠶᠢᠲᠡᠯᠡᠭᠰᠡᠨ ᠴᠠᠭ᠄
2024/5/15
           ᠬᠠᠪᠤᠷ ᠤᠨ ᠡᠬᠢᠨ ᠤ ᠬᠠᠲᠤᠨ ᠭᠤᠣᠯ ᠤᠨ ᠦᠬᠠᠢ ᠶᠢᠨ ᠬᠡᠰᠡᠭ᠂ ᠮᠠᠨᠳᠤᠬᠤ ᠨᠠᠷᠠᠨ ᠤ ᠲᠤᠶᠠᠭᠠᠨ ᠳᠤ ᠲᠤᠨᠤᠷᠠᠨ ᠮᠡᠯᠮᠡᠯᠵᠡᠨ᠎ᠡ᠃ ᠬᠠᠲᠤᠨ ᠭᠤᠣᠯ ᠤᠨ ᠬᠥᠪᠡᠭᠡᠨ ᠳᠠᠬᠢ ᠣᠷᠳᠣ ᠴᠠᠭᠠᠨ ᠬᠡᠷᠡᠮ ᠤᠨ ᠥᠨᠳᠥᠷ ᠴᠣᠨᠵᠢ ᠥᠨᠥᠳᠥᠷ ᠤᠨ ᠥᠷᠨᠢᠩᠭᠦᠢ ᠬᠥᠭᠵᠢᠯᠲᠡ ᠶᠢ ᠴᠢᠮᠡᠭᠡ ᠠᠨᠢᠷ ᠦᠭᠡᠢ ᠪᠠᠭ᠋ᠠᠳᠤᠨ ᠪᠠᠷᠠᠯᠠᠨ᠎ᠠ᠂ ᠬᠠᠩᠳᠠᠭᠰᠠᠨ ᠰᠢᠷᠣᠢ ᠶᠢᠨ ᠬᠤᠭᠤᠷᠣᠨᠳᠤ᠂ ᠬᠡᠳᠦᠨ ᠮᠢᠩᠭᠠᠨ ᠵᠢᠯ ᠤᠨ ᠥᠯᠢᠭᠡᠷ ᠲᠤᠤᠯᠢᠰ ᠬᠠᠳᠠᠭᠠᠯᠠᠭᠳᠠᠨ ᠨᠢᠭᠤᠭᠳᠠᠵᠤ ᠪᠠᠶᠢᠭ᠎ᠠ ᠭᠡᠮᠡᠷ᠃            ᠦᠬᠠᠢ ᠪᠣᠯ ᠬᠠᠲᠤᠨ ᠭᠤᠣᠯ ᠤᠨ ᠥᠪᠥᠷ ᠮᠣᠩᠭᠤᠯ ᠳᠤ ᠤᠷᠤᠰᠤᠨ ᠢᠷᠡᠬᠦ ᠠᠩᠬᠠᠨ ᠤ ᠦᠷᠲᠡᠭᠡ ᠪᠣᠯᠣᠨ᠎ᠠ ᠃ ᠲᠡᠷᠲᠡᠭᠡ ᠬᠤᠯᠠ ᠠᠴᠠ ᠱᠤᠤᠭᠢᠨ ᠤᠷᠤᠰᠬᠤ ᠬᠠᠳᠤᠨ ᠭᠤᠣᠯ ᠤᠨ ᠦᠬᠠᠢ ᠬᠤᠳᠠ ᠪᠠᠷ ᠤᠷᠤᠰᠤᠨ ᠥᠩᠭᠡᠷᠡᠬᠦ ᠤᠷᠳᠤ ᠶᠢᠨ ᠬᠡᠮᠵᠢᠶ᠎ᠡ ᠨᠢ 105 ᠺᠢᠯᠣᠮᠧᠲᠷ ᠪᠠᠶᠢᠳᠠᠭ᠃ ᠡᠶᠢᠮᠦ ᠠᠴᠠ ᠦᠬᠠᠢ ᠶᠢ ᠪᠠᠰᠠ ︽ᠠᠷᠠᠯ ᠤᠨ ᠬᠤᠲᠠ︾ ᠬᠡᠮᠡᠨ ᠳᠦᠷᠰᠦᠯᠡᠨ ᠶᠠᠷᠢᠳᠠᠭ ᠴᠦ ᠪᠤᠢ᠃ ᠦᠬᠠᠢ ᠣᠷᠣᠨ ᠪᠣᠯ ᠲᠡᠦᠬᠡᠨ ᠳᠡᠭᠡᠷᠡᠬᠢ ᠡᠮᠦᠨ᠎ᠡ ᠤᠮᠠᠷ᠎ᠠ ᠶᠢᠨ ᠴᠢᠬᠤᠯᠠ ᠵᠠᠮ ᠪᠤᠯᠬᠤ ᠪᠥᠭᠡᠳ ᠬᠠᠲᠤᠨ ᠭᠤᠣᠯ ᠤᠨ ︽ᠶᠡᠭᠡ ᠲᠣᠬᠤᠢ ᠣᠷᠣᠨ︾᠎ ᠤ ᠭᠠᠵᠠᠷ ᠣᠷᠣᠨ ᠳᠤ ᠴᠢᠬᠤᠯᠠ ᠪᠠᠶᠢᠯᠳᠤᠬᠤ ᠪᠣᠳᠣᠯᠭ᠎ᠠ ᠶᠢᠨ ᠪᠠᠶᠢᠷᠢ ᠰᠠᠭᠤᠷᠢ ᠶᠢ ᠡᠵᠡᠯᠡᠵᠦ᠂ ᠡᠷᠲᠡᠨ ᠤ ᠬᠠᠭᠠᠨᠲᠤ ᠲᠥᠷᠥ ᠶᠢᠨ ᠣᠯᠠᠩᠬᠢ ᠨᠢ ᠠᠳᠡ ᠤᠷᠲᠤ ᠴᠠᠭᠠᠨ ᠬᠡᠷᠡᠮ ᠢ ᠪᠠᠶᠢᠭᠤᠯᠤᠭᠰᠠᠨ ᠲᠡᠦᠬᠡ ᠲᠠᠢ ᠶᠤᠮ᠃            ᠭᠤᠣᠯ ᠮᠥᠷᠡᠨ ᠨᠡᠯᠦᠶᠢᠨ ᠤᠷᠤᠰᠴᠤ᠂ ᠰᠦᠷᠯᠢᠭ ᠪᠣᠭᠤᠮᠲᠠ ᠶᠢᠨ ᠪᠠᠷᠳᠠᠭ᠎ᠠ ᠬᠡᠪ ᠢᠶᠠᠷ ᠢᠶᠠᠨ᠃ ᠬᠤᠶᠠᠷ ᠮᠢᠩᠭ᠎ᠠ ᠭᠠᠷᠤᠢ ᠵᠢᠯ ᠤᠨ ᠲᠤᠷᠰᠢ᠂ ᠬᠠᠲᠤᠨ ᠭᠤᠣᠯ ᠣᠷᠳᠣ ᠴᠠᠭᠠᠨ ᠬᠡᠷᠡᠮ ᠢ ᠨᠠᠯᠠᠵᠤ᠂ ᠣᠷᠳᠣ ᠴᠠᠭᠠᠨ ᠬᠡᠷᠡᠮ ᠬᠠᠲᠤᠨ ᠭᠤᠣᠯ ᠢ ᠭᠦᠨ ᠰᠡᠳᠬᠢᠯᠭᠡ ᠲᠠᠢ ᠪᠠᠷ ᠰᠢᠷᠲᠡᠨ ᠰᠢᠷᠳᠡᠭᠰᠡᠭᠡᠷ᠂ ︽ᠭᠠᠯ ᠵᠠᠯᠠᠭᠤ︾ ᠦᠬᠠᠢ ᠬᠤᠳᠠ ᠬᠠᠲᠤᠨ ᠭᠤᠣᠯ ᠪᠣᠯᠣᠨ ᠣᠷᠳᠣ ᠴᠠᠭᠠᠨ ᠬᠡᠷᠡᠮ ᠤᠨ ᠮᠥᠷᠥᠨ ᠲᠣᠬᠤᠢ ᠳᠤ ᠲᠦᠰᠢᠨ᠂ ᠶᠠᠭ ᠰᠠᠶ᠋ᠢᠬᠠᠨ ᠰᠣᠶᠣᠯ ᠤᠨ ᠠᠭᠤᠰᠤᠯᠴᠠᠯ ᠤᠨ ᠴᠠᠭ ᠦᠶ᠎ᠡ ᠶᠢᠨ ᠰᠢᠨ᠎ᠡ ᠬᠠᠭᠤᠳᠠᠰᠤ ᠶᠢ ᠴᠢᠷᠮᠠᠶᠢᠨ ᠪᠢᠴᠢᠭᠯᠡᠨ᠎ᠡ᠃            ᠤᠷᠲᠤ ᠴᠠᠭᠠᠨ ᠬᠡᠷᠡᠮ ᠪᠣᠯᠣᠨ ᠬᠠᠲᠤᠨ ᠭᠤᠣᠯ ᠤᠨ ︽ᠳᠣᠲᠣᠨᠣᠰᠤᠭ ᠠᠭᠤᠯᠵᠠᠯᠲᠠ︾᠎ ᠎             3 ᠰᠠᠷ᠎ᠠ ᠶᠢᠨ ᠡᠬᠢᠨ ᠤ ᠨᠢᠭᠡᠨ ᠦᠳᠡ ᠶᠢᠨ ᠬᠤᠶᠢᠨ᠎ᠠ᠂ ᠰᠤᠷᠪᠤᠯᠵᠢᠯᠠᠬᠴᠢᠳ ᠬᠠᠶᠢᠷᠤᠪ ᠤᠨ ᠲᠣᠬᠤᠢ ᠲᠣᠭᠤᠷᠢᠭ ᠠᠴᠠ ᠮᠣᠷᠳᠠᠵᠤ᠂ ᠮᠠᠰᠢᠨ ᠲᠡᠷᠭᠡ ᠪᠠᠷ 40 ᠭᠠᠷᠤᠢ ᠺᠢᠯᠣᠮᠧᠲᠷ ᠠᠶᠠᠯᠠᠵᠤ᠂ ᠬᠠᠶᠢᠨᠠᠨ ᠲᠣᠭᠤᠷᠢᠭ ᠤᠨ ᠪᠠᠶᠠᠨᠲᠤᠬᠤᠢ ᠪᠠᠯᠭᠠᠰᠤᠨ ᠤ ᠣᠯᠣᠮ ᠲᠣᠰᠬᠤᠨ ᠤ ᠵᠡᠭᠦᠨᠳᠡᠬᠢ ᠶᠡᠭᠡ ᠬᠥᠭᠦᠷᠭᠡ ᠶᠢᠨ ᠥᠨᠳᠥᠷ ᠴᠣᠨᠵᠢ ᠶᠢᠨ ᠪᠠᠭᠤᠷᠢ ᠳᠤ ᠭᠦᠷᠦᠯ᠎ᠠ᠃ 10 ᠭᠠᠷᠤᠢ ᠮᠸᠲᠷ ᠥᠨᠳᠥᠷ ᠴᠣᠨᠵᠢ ᠳᠡᠭᠡᠷ᠎ᠡ ᠠᠪᠠᠷᠢᠨ ᠭᠠᠷᠴᠤ᠂ 500 ᠭᠠᠷᠤᠢ ᠵᠢᠯ ᠤᠨ ᠡᠮᠦᠨᠡᠬᠢ ︽ᠥᠨᠳᠦᠷᠯᠢᠭ︾ ᠳᠡᠭᠡᠷ᠎ᠡ ᠵᠣᠭᠰᠣᠨ ᠲᠦᠷᠪᠡᠨ ᠵᠦᠭ ᠢ ᠪᠠᠷᠠᠯᠠᠬᠤᠶ᠎ᠠ᠂ ᠬᠠᠳᠤᠨ ᠭᠤᠣᠯ ᠤᠨ ᠤᠰᠤ ᠳᠠᠪᠠᠯᠭᠠᠯᠠᠨ ᠤᠷᠤᠰᠴᠤ᠂ ᠠᠯᠠᠱᠠ ᠠᠭᠤᠯᠠ ᠬᠥᠰᠢᠭᠡᠯᠡᠨ ᠤᠨᠢᠶᠠᠷᠲᠤᠵᠤ᠂ ᠦᠬᠠᠢ ᠪᠣᠯᠣᠨ ᠨᠢᠩᠰᠢᠶᠠ ᠶᠢ ᠬᠤᠯᠪᠣᠭᠰᠠᠨ ᠱᠢ ᠽᠦᠢ ᠱᠠᠨ ᠠᠭᠤᠯᠠ ᠶᠢᠨ ᠬᠠᠳᠤᠨ ᠭᠤᠣᠯ ᠤᠨ ᠶᠡᠭᠡ ᠬᠥᠭᠦᠷᠭᠡ ᠳᠡᠭᠡᠷ᠎ᠡ ᠲᠡᠷᠭᠡ ᠬᠥᠰᠬᠡ ᠴᠤᠪᠤᠷᠠᠯᠳᠤᠨ ᠳᠠᠪᠬᠢᠵᠤ᠂ ᠡᠷᠲᠡᠨ ᠠᠴᠠ ᠢᠨᠠᠭᠰᠢ ᠲᠤᠶᠢᠯ ᠤᠨ ᠴᠢᠬᠤᠯᠠ ᠪᠣᠭᠤᠮᠲᠠ ᠶᠢᠨ ᠭᠠᠵᠠᠷ ᠪᠠᠶᠢᠭᠰᠠᠨ ᠥᠩᠭᠡ ᠲᠥᠷᠬᠦ ᠶᠢ ᠭᠠᠶᠢᠬᠠᠭᠤᠯᠤᠨ᠎ᠠ︕            ᠬᠠᠶᠢᠨᠠᠨ ᠲᠣᠭᠤᠷᠢᠭ ᠤᠨ ᠰᠣᠶᠣᠯ ᠵᠢᠭᠤᠯᠴᠢᠯᠠᠯ ᠪᠡᠶ᠎ᠡ ᠶᠢᠨ ᠲᠠᠮᠢᠷ ᠤᠨ ᠲᠣᠪᠴᠢᠶ᠎ᠠ ᠶᠢᠨ ᠠᠵᠢᠯᠲᠠᠨ ᠤ ᠳᠠᠭᠠᠭᠤᠯᠭ᠎ᠠ ᠪᠠᠷ᠂ ᠰᠤᠷᠪᠤᠯᠵᠢᠯᠠᠬᠴᠢ ᠣᠯᠣᠮ ᠲᠣᠰᠬᠤᠨ ᠤ ᠬᠠᠵᠠᠭᠤ ᠳᠤ ᠪᠠᠶᠢᠭ᠎ᠠ ᠮᠢᠩ ᠤᠯᠤᠰ ᠤᠨ ᠤᠷᠳᠤ ᠴᠠᠭᠠᠨ ᠬᠡᠷᠡᠮ ᠤᠨ ᠪᠠᠭᠤᠷᠢ ᠳᠤ ᠭᠦᠷᠪᠡ᠃ ᠡᠨᠡ ᠬᠦ ᠬᠡᠰᠡᠭ ᠣᠷᠳᠣ ᠴᠠᠭᠠᠨ ᠬᠡᠷᠡᠮ ᠤᠨ ᠬᠠᠩᠳᠠᠭᠰᠠᠨ ᠰᠢᠷᠣᠢ ᠶᠢᠨ ᠵᠠᠭᠠᠳᠠᠰᠤ ᠢᠯᠡᠷᠬᠡᠢ ᠪᠠᠶᠢᠵᠤ᠂ ᠬᠡᠰᠡᠭ ᠬᠤᠪᠢᠶᠠᠨ ᠲᠡᠮᠦᠷᠯᠢᠭ ᠵᠢᠶᠠᠰᠠ ᠪᠠᠷ ᠪᠢᠲᠡᠭᠦᠮᠵᠢᠯᠡᠨ ᠬᠠᠮᠠᠭᠠᠯᠠᠵᠠᠢ᠃            ᠬᠤᠯᠪᠣᠭᠳᠠᠯ ᠪᠦᠬᠦᠢ ᠰᠤᠷᠪᠤᠯᠵᠢ ᠪᠢᠴᠢᠭ ᠪᠣᠯᠣᠨ ᠮᠠᠲ᠋ᠧᠷᠢᠶᠠᠯ ᠢ ᠪᠠᠶᠢᠴᠠᠭᠠᠨ ᠦᠵᠡᠬᠦ ᠳᠤ᠂ ᠤᠷᠳᠤ ᠴᠠᠭᠠᠨ ᠬᠡᠷᠡᠮ ᠪᠣᠯᠣᠨ ᠬᠠᠳᠤᠨ ᠭᠤᠣᠯ ᠤᠨ ᠦᠬᠠᠢ ᠣᠷᠣᠨ ᠳᠤ ᠭᠤᠷᠪᠠ ᠤᠳᠠᠭ᠎ᠠ ᠠᠭᠤᠯᠵᠠᠭᠰᠠᠨ ᠵᠠᠮ ᠱᠤᠭᠤᠮ ᠮᠠᠰᠢ ᠲᠣᠳᠣᠷᠬᠠᠢ ᠪᠠᠶᠢᠯ᠎ᠠ᠃            ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 214 ᠣᠨ ᠳᠤ᠂ ᠴᠢᠨ ᠱᠢ ᠬᠤᠸᠠᠩ ᠶᠡᠭᠡ ᠵᠠᠩᠵᠤᠨ ᠮᠧᠩ ᠲᠢᠶᠠᠨ ᠢ ᠲᠣᠮᠢᠯᠠᠨ ᠤᠮᠠᠷᠠᠲᠤ ᠣᠷᠣᠨ ᠳᠤ ᠤᠷᠳᠤ ᠴᠠᠭᠠᠨ ᠬᠡᠷᠡᠮ ᠢ ᠪᠠᠶᠢᠭᠤᠯᠵᠤ᠂ ᠬᠤᠳᠠ ᠶᠢᠨ ᠬᠡᠷᠡᠮ ᠨᠢ ᠠᠯᠠᠱᠠ ᠠᠭᠤᠯᠠ ᠶᠢᠨ ᠵᠡᠭᠦᠨ ᠬᠤᠷᠮᠣᠢ ᠠᠴᠠ ᠡᠬᠢ ᠠᠪᠴᠤ ᠲᠡᠭᠢᠨ ᠬᠠᠳᠤᠨ ᠭᠤᠣᠯ ᠢ ᠥᠩᠭᠡᠷᠡᠨ᠂ ᠤᠳᠤ ᠶᠢᠨ ᠦᠬᠠᠢ ᠬᠤᠳᠠ ᠶᠢᠨ ᠵᠦᠸᠧ ᠽᠢ ᠱᠠᠨ ᠠᠭᠤᠯᠠᠨ ᠤ ᠣᠷᠣᠨ ᠳᠤ ᠭᠦᠷᠲᠡᠯ᠎ᠡ ᠰᠤᠨᠵᠢᠭᠤᠷᠠᠵᠤ᠂ ᠪᠦᠭᠦᠶᠢᠯᠡ ᠵᠦᠸᠧ ᠽᠢ ᠱᠠᠨ ᠠᠭᠤᠯᠠ ᠶᠢ ᠪᠦᠰᠡᠯᠡᠪᠡ᠃ ᠵᠦᠸᠧ ᠽᠢ ᠱᠠᠨ ᠠᠭᠤᠯᠠ ᠶᠢᠨ ᠣᠷᠳᠣ ᠴᠠᠭᠠᠨ ᠬᠡᠷᠡᠮ ᠢ ᠪᠠᠶᠢᠭᠤᠯᠤᠭᠰᠠᠨ ᠎ ᠨᠢ ᠣᠷᠳᠣ ᠴᠠᠭᠠᠨ ᠬᠡᠷᠡᠮ ᠪᠣᠯᠣᠨ ᠬᠠᠲᠤᠨ ᠭᠤᠣᠯ ᠤᠨ ᠥᠪᠥᠷ ᠮᠣᠩᠭᠤᠯ ᠣᠷᠣᠨ ᠳᠠᠬᠢ ᠠᠩᠬ᠎ᠠ ᠤᠳᠠᠭ᠎ᠠ ᠶᠢᠨ ︽ᠳᠣᠲᠣᠨᠣᠰᠤᠭ ᠠᠭᠤᠯᠵᠠᠯᠲᠠ︾᠎ ᠶᠢ ᠪᠡᠶᠡᠯᠡᠭᠦᠯᠪᠡ᠃ ᠠᠳᠡᠬᠢ ᠬᠠᠮᠤᠭ ᠤᠨ ᠠᠯᠳᠠᠷᠲᠠᠢ ᠰᠣᠶᠣᠯ ᠤᠨ ᠲᠡᠮᠳᠡᠭ ᠪᠣᠯ ᠳᠠᠷᠤᠢ ᠬᠠᠲᠤᠨ ᠭᠤᠣᠯ ᠤᠨ ᠰᠣᠶᠣᠯ ᠤᠨ ᠭᠦᠪᠦᠷᠡᠨ ᠪᠣᠶᠢᠵᠢᠭᠰᠠᠨ ᠵᠦᠸᠧ ᠽᠢ ᠱᠠᠨ ᠠᠭᠤᠯᠠ ᠶᠢᠨ ᠬᠠᠲᠠᠨ ᠵᠢᠷᠤᠭ ᠪᠣᠯᠣᠨ᠎ᠠ᠃            ᠮᠢᠩ ᠤᠯᠤᠰ ᠤᠨ ᠴᠧᠩ ᠬᠤᠸᠠ ᠶᠢᠨ ᠠᠷᠪᠠᠨ ᠲᠠᠪᠤᠳᠤᠭᠠᠷ ᠣᠨ ︵1479 ᠣᠨ︶᠎ ᠳᠤ᠂ ᠴᠡᠷᠢᠭ ᠤᠨ ᠶᠠᠪᠤᠳᠠᠯ ᠤᠨ ᠳᠠᠷᠤᠯᠲᠠ ᠶᠢᠨ ᠰᠢᠯᠲᠠᠭᠠᠨ ᠠᠴᠠ ᠪᠣᠯᠵᠤ᠂ ᠴᠠᠭᠳᠠᠨ ᠪᠠᠶᠢᠴᠠᠭᠠᠭᠴᠢ ᠰᠠᠶᠢᠳ ᠵᠢᠶᠠ ᠵᠢᠶᠦ᠋ᠨ ︽ᠭᠤᠣᠯ ᠳᠠᠭᠠᠤ ᠬᠡᠷᠡᠮ︾᠎ ᠢ ᠪᠠᠷᠢᠵᠤ ᠡᠬᠢᠯᠡᠵᠡᠢ᠃ ᠡᠨᠡ ᠬᠦ ᠭᠤᠣᠯ ᠳᠠᠭᠠᠤ ᠬᠡᠷᠡᠮ ᠨᠢ ᠨᠢᠩᠰᠢᠶᠠ ᠶᠢᠨ ᠾᠧᠩ ᠴᠧᠩ ᠠᠴᠠ ᠤᠮᠠᠷᠠᠰᠢᠬᠢ ᠬᠠᠲᠤᠨ ᠭᠤᠣᠯ ᠤᠨ ᠵᠡᠭᠦᠨ ᠡᠷᠭᠢ ᠳᠤ ᠪᠠᠶᠢᠷᠢᠯᠠᠵᠤ᠂ ᠡᠮᠦᠨ᠎ᠡ ᠲᠠᠯ᠎ᠠ ᠪᠠᠷ ᠢᠶᠠᠨ ︽ᠭᠤᠣᠯ ᠤᠨ ᠵᠡᠭᠦᠨ ᠬᠡᠷᠡᠮ︾᠎ ᠲᠠᠢ ᠵᠠᠯᠭᠠᠯᠳᠤᠵᠤ᠂ ᠪᠠᠷᠠᠭᠤᠨᠰᠢ ᠪᠠᠨ ᠭᠤᠣᠯ ᠭᠠᠲᠤᠯᠵᠤ ︽ᠬᠠᠭᠤᠴᠢᠨ ᠤᠮᠠᠷᠠᠲᠤ ᠶᠢᠨ ᠤᠷᠲᠤ ᠴᠠᠭᠠᠨ ᠬᠡᠷᠡᠮ︾᠎ ᠲᠠᠢ ᠵᠠᠯᠭᠠᠯᠳᠤᠵᠤ᠂ ᠨᠢᠩᠰᠢᠶᠠ ᠶᠢᠨ ᠬᠤᠶᠢᠲᠤ ᠬᠢᠯᠢ ᠳᠤ ᠤᠷᠲᠤ ᠴᠠᠭᠠᠨ ᠬᠡᠷᠡᠮ ᠤᠨ ᠨᠢᠭᠡᠨ ᠪᠢᠲᠡᠭᠦᠦ ᠰᠡᠷᠭᠡᠶᠢᠯᠡᠯᠲᠡ ᠶᠢᠨ ᠱᠤᠭᠤᠮ ᠢ ᠪᠦᠷᠢᠯᠳᠦᠭᠦᠯᠦᠭᠰᠡᠨ ᠪᠠᠶᠢᠨ᠎ᠠ᠃ ᠡᠨᠡ ᠬᠦ ᠭᠤᠣᠯ ᠳᠠᠭᠠᠤ ᠬᠡᠷᠡᠮ ᠨᠢ ᠬᠤᠶᠢᠲᠤ ᠤᠷᠤᠰᠬᠠᠯ ᠤᠨ ᠬᠠᠲᠤᠨ ᠭᠤᠣᠯ ᠤᠨ ᠵᠡᠭᠦᠨ ᠡᠷᠭᠢ ᠶᠢᠨ ᠡᠮᠦᠨᠡᠰᠢ ᠤᠮᠠᠷᠠᠰᠢ ᠴᠢᠭᠯᠡᠯ ᠢᠶᠠᠷ ᠲᠠᠷᠬᠠᠵᠤ᠂ ᠨᠢᠭᠡ ᠬᠡᠰᠡᠭ ᠨᠢ ᠥᠨᠥᠳᠥᠷ ᠤᠨ ᠦᠬᠠᠢ ᠶᠢᠨ ᠬᠢᠯᠢ ᠳᠤ ᠪᠠᠶᠢᠳᠠᠭ᠃            ᠮᠢᠩ ᠤᠯᠤᠰ ᠤᠨ ᠵᠢᠶᠠ ᠵᠢᠩ ᠤᠨ ᠠᠷᠪᠠᠨ ᠲᠠᠪᠤᠳᠤᠭᠠᠷ ᠣᠨ ︵1536 ᠣᠨ︶᠎ ᠳᠤ᠂ ᠱᠠᠨᠰᠢ ᠶᠢᠨ ᠭᠤᠷᠪᠠᠨ ᠬᠢᠵᠠᠭᠠᠷ ᠤᠨ ᠶᠡᠷᠦᠩᠬᠡᠢ ᠵᠠᠬᠢᠷᠤᠭᠴᠢ ᠯᠢᠦ ᠲᠢᠶᠠᠨ ᠾᠧ ᠬᠠᠲᠤᠨ ᠭᠤᠣᠯ ᠠᠴᠠ ᠪᠠᠷᠠᠭᠤᠨᠰᠢᠬᠢ᠂ ᠠᠯᠠᠱᠠ ᠠᠭᠤᠯᠠ ᠠᠴᠠ ᠵᠡᠭᠦᠨᠰᠢᠬᠢ᠂ ᠫᠢᠩ ᠢᠦᠢ ᠬᠤᠲᠠ ᠠᠴᠠ ᠤᠮᠠᠷᠠᠰᠢᠬᠢ ᠵᠧᠨ ᠶᠤᠸᠠᠨ ᠭᠤᠸᠠᠨ ᠪᠣᠭᠤᠮᠲᠠ ᠬᠦᠷᠲᠡᠯᠡᠬᠢ 70 ᠭᠠᠵᠠᠷ ᠤᠨ ᠬᠢᠯᠢ ᠬᠢᠵᠠᠭᠠᠷ ᠢ ᠰᠡᠷᠭᠦᠭᠡᠬᠦ ᠰᠠᠨᠠᠭ᠎ᠠ ᠡᠭᠦᠰᠴᠦ᠂ ᠬᠠᠲᠤᠨ ᠭᠤᠣᠯ ᠤᠨ ᠵᠡᠭᠦᠨ ᠡᠷᠭᠢ ᠳᠤ ᠳᠠᠯᠠᠩ ᠵᠠᠰᠠᠵᠤ᠂ ᠭᠤᠣᠯ ᠳᠠᠭᠠᠤ ᠰᠢᠭᠤᠳ ᠾᠧᠩ ᠴᠧᠩ ᠤᠨ ᠶᠡᠭᠡ ᠬᠡᠷᠡᠮ ᠳᠤ ᠭᠦᠷᠪᠡ᠃ ᠡᠨᠡ ᠬᠦ ᠣᠷᠳᠣ ᠳᠠᠯᠠᠩ ᠨᠢ ᠭᠤᠣᠯᠳᠠᠭᠤ ᠨᠢᠩᠰᠢᠶᠠ ᠶᠢᠨ ᠤᠤᠯ ᠤᠨ ᠲᠤᠤ ᠯᠧ ᠰᠢᠶᠠᠨ ᠤ ᠬᠢᠯᠢ ᠳᠤ ᠲᠠᠷᠬᠠᠵᠤ᠂ ᠬᠤᠵᠢᠮ ᠤᠨ ᠬᠥᠮᠥᠰ ᠲᠤ ︽ᠲᠤᠤ ᠯᠧ ᠶᠢᠨ ᠤᠷᠲᠤ ᠳᠠᠯᠠᠩ︾ ᠭᠡᠵᠦ ᠨᠡᠷᠡᠶᠢᠳᠦᠭᠳᠡᠪᠡ᠃ ᠯᠢᠦ ᠲᠢᠶᠠᠨ ᠾᠧ ᠶᠢᠨ ᠳᠠᠯᠠᠩ ᠵᠠᠰᠠᠭᠰᠠᠨ ᠤᠭ ᠰᠠᠨᠠᠭ᠎ᠠ ᠪᠠ ᠲᠤᠬᠠᠢ ᠶᠢᠨ ᠭᠠᠵᠠᠷ ᠤᠨ ᠬᠠᠶᠢᠨ ᠪᠠᠶᠢᠴᠠᠭᠠᠯᠲᠠ ᠲᠠᠢ ᠤᠶᠠᠯᠳᠤᠭᠤᠯᠤᠨ ᠦᠵᠡᠪᠡᠯ᠂ ︽ᠲᠤᠤ ᠯᠧ ᠶᠢᠨ ᠤᠷᠲᠤ ᠳᠠᠯᠠᠩ︾᠎ ᠢ ᠪᠣᠯ ︽ᠭᠤᠣᠯ ᠳᠠᠭᠠᠤ ᠬᠡᠷᠡᠮ︾᠎ ᠤᠨ ᠰᠠᠭᠤᠷᠢᠨ ᠳᠡᠭᠡᠷ᠎ᠡ ᠪᠠᠷᠢᠭᠰᠠᠨ ᠶᠤᠮ᠃ ᠡᠨᠡ ᠬᠦ ᠬᠡᠰᠡᠭ ᠣᠷᠳᠣ ᠴᠠᠭᠠᠨ ᠬᠡᠷᠡᠮ ᠤᠨ ᠨᠢᠭᠡ ᠬᠡᠰᠡᠭ ᠨᠢ ᠨᠢᠩᠰᠢᠶᠠ ᠠᠴᠠ ᠭᠠᠷᠴᠤ ᠲᠣᠰᠣᠲᠤ ᠭᠤᠣᠯ ᠢ ᠭᠠᠲᠤᠯᠤᠨ᠂ ᠦᠬᠠᠢ ᠳᠤ ᠣᠷᠣᠵᠤ᠂ ᠥᠨᠥᠳᠥᠷ ᠤᠨ ᠣᠯᠵᠤ ᠦᠵᠡᠵᠦ ᠪᠠᠶᠢᠭ᠎ᠠ ᠦᠬᠠᠢ ᠶᠢᠨ ᠮᠢᠩ ᠤᠯᠤᠰ ᠤᠨ ᠦᠶ᠎ᠡ ᠶᠢᠨ ᠣᠷᠳᠣ ᠴᠠᠭᠠᠨ ᠬᠡᠷᠡᠮ ᠤᠨ ᠭᠤᠣᠯ ᠴᠣᠭᠴᠠ ᠪᠣᠯᠤᠭᠰᠠᠨ ᠪᠠᠶᠢᠨ᠎ᠠ᠃            ᠦᠬᠠᠢ ᠬᠤᠳᠠ ᠶᠢᠨ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ ᠶᠢᠨ ᠲᠡᠦᠬᠡ ᠶᠢᠨ ᠳᠤᠷᠠᠰᠬᠠᠯᠲᠤ ᠵᠦᠢᠯᠡᠰ ᠤᠨ ᠰᠠᠯᠠᠭ᠎ᠠ ᠶᠢᠨ ᠰᠢᠶᠧ ᠵᠢᠩ᠂ ᠦᠬᠠᠢ ᠶᠢᠨ ᠴᠢᠨ ᠤᠯᠤᠰ ᠤᠨ ᠦᠶ᠎ᠡ ᠶᠢᠨ ᠤᠷᠳᠤ ᠴᠠᠭᠠᠨ ᠬᠡᠷᠡᠮ ᠪᠣᠯᠣᠨ ᠮᠢᠩ ᠤᠯᠤᠰ ᠤᠨ ᠤᠷᠳᠤ ᠴᠠᠭᠠᠨ ᠬᠡᠷᠡᠮ ᠪᠦᠭᠦ ᠤᠯᠤᠰ ᠲᠤ ᠮᠠᠰᠢ ᠶᠡᠭᠡ ᠨᠥᠯᠥᠭᠡ ᠲᠠᠢ ᠪᠠᠶᠢᠵᠤ᠂ ᠬᠠᠮᠤᠭ ᠤᠨ ᠢᠯᠡ ᠲᠣᠳᠣ ᠣᠨᠴᠠᠯᠢᠭ ᠨᠢ ᠬᠠᠳᠤᠨ ᠭᠤᠣᠯ ᠲᠠᠢ ᠬᠠᠷᠢᠯᠴᠠᠨ ᠲᠦᠰᠢᠯᠴᠡᠵᠦ ᠂ ᠬᠠᠷᠢᠯᠴᠠᠨ ᠬᠠᠮᠠᠭᠠᠯᠠᠬᠤ ᠪᠠᠶᠢᠳᠠᠯ ᠲᠠᠢ ᠪᠣᠯᠤᠭᠰᠠᠨ ᠶᠠᠪᠤᠳᠠᠯ ᠪᠣᠯᠣᠨ᠎ᠠ ᠭᠡᠵᠦ ᠲᠠᠨᠢᠯᠴᠠᠭᠤᠯᠪᠠ᠃            ᠦᠬᠠᠢ ᠶᠢᠨ ᠬᠢᠯᠢ ᠳᠠᠬᠢ ᠴᠢᠨ ᠤᠯᠤᠰ ᠤᠨ ᠦᠶ᠎ᠡ ᠶᠢᠨ ᠤᠷᠳᠤ ᠴᠠᠭᠠᠨ ᠬᠡᠷᠡᠮ ᠨᠢ ᠱᠢ ᠽᠦᠢ ᠱᠠᠨ ᠬᠤᠳᠠ ᠶᠢᠨ ᠬᠤᠶᠢᠨᠤᠩ ᠲᠣᠭᠤᠷᠢᠭ ᠠᠴᠠ ᠵᠡᠭᠦᠨᠰᠢ ᠬᠠᠳᠤᠨ ᠭᠤᠣᠯ ᠢ ᠭᠠᠲᠤᠯᠤᠨ ᠬᠠᠶᠢᠨᠠᠨ ᠲᠣᠭᠤᠷᠢᠭ ᠤᠨ ᠪᠠᠶᠠᠨᠲᠤᠬᠤᠢ ᠪᠠᠯᠭᠠᠰᠤ ᠶᠢᠨ ᠳ᠋ᠦᠩ ᠹᠧᠩ ᠲᠠᠷᠢᠶᠠᠯᠠᠩ ᠤᠨ ᠲᠠᠯᠠᠪᠠᠢ ᠶᠢᠨ ᠠᠷᠪᠠᠳᠤᠭᠠᠷ ᠳᠤᠭᠤᠶᠢᠯᠠᠩ ᠳᠤ ᠣᠷᠣᠵᠤ᠂ ᠪᠠᠷᠠᠭᠤᠨ ᠡᠮᠦᠨ᠎ᠡ ᠠᠴᠠ ᠵᠡᠭᠦᠨ ᠬᠤᠶᠢᠰᠢ ᠰᠤᠨᠵᠤ᠂ ᠬᠠᠶᠢᠷᠤᠪ ᠤᠨ ᠲᠣᠬᠤᠢ ᠲᠣᠭᠤᠷᠢᠭ ᠢᠶᠠᠷ ᠥᠩᠭᠡᠷᠡᠨ ᠣᠷᠳᠣᠰ ᠬᠤᠳᠠ ᠶᠢᠨ ᠤᠲᠤᠭ ᠬᠤᠰᠢᠭᠤᠨ ᠳᠤ ᠭᠦᠷᠳᠡᠭ᠃ ᠦᠬᠠᠢ ᠶᠢᠨ ᠬᠢᠯᠢ ᠳᠠᠬᠢ ᠬᠤᠶᠢᠲᠤ ᠦᠵᠦᠭᠦᠷ ᠤᠨ ᠡᠴᠦᠰ ᠤᠨ ᠴᠡᠭ ᠨᠢ ᠬᠠᠶᠢᠷᠤᠪ ᠤᠨ ᠲᠣᠬᠤᠢ ᠲᠣᠭᠤᠷᠢᠭ ᠤᠨ ᠴᠢᠶᠠᠨ ᠯᠢ ᠱᠠᠨ ᠪᠠᠯᠭᠠᠰᠤᠨ ᠤ ᠴᠡᠭᠡᠯ ᠠᠭᠤᠯᠠ ᠨᠡᠶᠢᠭᠡᠮ ᠲᠣᠭᠤᠷᠢᠭ ᠤᠨ ᠵᠡᠭᠦᠨ ᠬᠤᠶᠢᠲᠤ ᠬᠡᠰᠡᠭ ᠲᠤ ᠪᠤᠢ᠃ ᠴᠢᠨ ᠤᠯᠤᠰ ᠤᠨ ᠦᠶ᠎ᠡ ᠶᠢᠨ ᠤᠷᠳᠤ ᠴᠠᠭᠠᠨ ᠬᠡᠷᠡᠮ ᠤᠨ ᠬᠡᠷᠡᠮ ᠤᠨ ᠵᠠᠮ ᠳᠠᠭᠠᠤ 8 ᠰᠠᠭᠤᠷᠢ ᠴᠣᠨᠵᠢ ᠲᠠᠢ᠂ 7 ᠰᠠᠭᠤᠷᠢᠰᠢᠯ ᠤᠨ ᠪᠠᠭᠤᠷᠢ ᠪᠤᠶ᠃            ᠦᠬᠠᠢ ᠳᠤ ᠪᠠᠶᠢᠭ᠎ᠠ ᠮᠢᠩ ᠤᠯᠤᠰ ᠤᠨ ᠦᠶ᠎ᠡ ᠶᠢᠨ ᠣᠷᠳᠣ ᠴᠠᠭᠠᠨ ᠬᠡᠷᠡᠮ ᠨᠢ ᠬᠠᠶᠢᠨᠠᠨ ᠲᠣᠭᠤᠷᠢᠭ ᠤᠨ ᠪᠠᠶᠠᠨᠲᠤᠬᠤᠢ ᠪᠠᠯᠭᠠᠰᠤᠨ ᠤ ᠬᠤᠶᠢᠲᠤ ᠤᠷᠤᠰᠬᠠᠯ ᠤᠨ ᠬᠠᠲᠤᠨ ᠭᠤᠣᠯ ᠤᠨ ᠵᠡᠭᠦᠨ ᠡᠷᠭᠢ ᠳᠤ ᠲᠠᠷᠬᠠᠵᠤ᠂ ᠡᠮᠦᠨᠡᠰᠢ ᠪᠠᠨ ᠨᠢᠩᠰᠢᠶᠠ ᠶᠢᠨ ᠲᠤᠤ ᠯᠧ ᠶᠢᠨ ᠬᠡᠰᠡᠭ ᠲᠠᠢ ᠵᠠᠯᠭᠠᠯᠳᠤᠵᠤ᠂ ᠲᠡᠭᠰᠢ ᠰᠠᠷᠠᠭᠤᠯ ᠬᠥᠨᠳᠡᠢ ᠳᠠᠭᠠᠤ ᠡᠮᠦᠨ᠎ᠡ ᠠᠴᠠ ᠤᠮᠠᠷᠠᠰᠢ ᠰᠢᠪᠲᠤᠯᠤᠨ ᠥᠩᠭᠡᠷᠡᠵᠦ᠂ ᠲᠠᠷᠢᠶᠠᠯᠠᠩ ᠤᠨ ᠲᠠᠯᠠᠪᠠᠢ ᠶᠢᠨ ᠨᠢᠭᠡᠳᠦᠭᠡᠷ ᠳᠤᠭᠤᠶᠢᠯᠠᠩ᠂ ᠬᠤᠶᠠᠳᠤᠭᠠᠷ ᠳᠤᠭᠤᠶᠢᠯᠠᠩ᠂ ᠭᠤᠷᠪᠠᠳᠤᠭᠠᠷ ᠳᠤᠭᠤᠶᠢᠯᠠᠩ᠂ ᠢ ᠺᠧ ᠱᠤ᠋ ᠲᠣᠰᠬᠤᠨ᠂ ᠪᠠᠶᠠᠨᠲᠤᠬᠤᠢ ᠲᠣᠰᠬᠤᠨ᠂ ᠪᠠᠶᠠᠨᠲᠤᠬᠤᠢ ᠪᠠᠯᠭᠠᠰᠤ᠂ ᠳ᠋ᠦᠩ ᠬᠤᠩ ᠲᠣᠰᠬᠤᠨ᠂ ᠯᠢᠦᠢ ᠬᠤᠸᠠ ᠨᠢᠭᠡᠳᠦᠭᠡᠷ ᠳᠤᠭᠤᠶᠢᠯᠠᠩ᠂ ᠲᠠᠷᠢᠶᠠᠯᠠᠩ ᠤᠨ ᠲᠠᠯᠠᠪᠠᠢ ᠶᠢᠨ ᠵᠢᠷᠭᠤᠳᠤᠭᠠᠷ ᠳᠤᠭᠤᠶᠢᠯᠠᠩ᠂ ᠲᠠᠷᠢᠶᠠᠯᠠᠩ ᠤᠨ ᠲᠠᠯᠠᠪᠠᠢ ᠶᠢᠨ ᠳᠣᠯᠣᠳᠤᠭᠠᠷ ᠳᠤᠭᠤᠶᠢᠯᠠᠩ᠂ ᠰᠧ ᠳ᠋ᠣᠣ ᠴᠢᠤᠸᠠᠨ ᠬᠤᠶᠠᠳᠤᠭᠠᠷ ᠳᠤᠭᠤᠶᠢᠯᠠᠩ᠂ ᠵᠢᠷᠭᠤᠳᠤᠭᠠᠷ ᠳᠤᠭᠤᠶᠢᠯᠠᠩ ᠢᠶᠠᠷ ᠥᠩᠭᠡᠷᠡᠵᠦ᠂ ᠣᠯᠣᠮ ᠲᠣᠰᠬᠤᠨ ᠳᠤ ᠬᠦᠷᠴᠦ᠂ ᠬᠠᠳᠤᠨ ᠭᠤᠣᠯ ᠢ ᠭᠠᠲᠤᠯᠤᠨ ᠨᠢᠩᠰᠢᠶᠠ ᠶᠢᠨ ᠱᠢ ᠽᠦᠢ ᠱᠠᠨ ᠠᠭᠤᠯᠠᠨ ᠳᠤ ᠣᠷᠣᠵᠤ᠂ ᠪᠦᠭᠦ ᠤᠷᠲᠤ ᠨᠢ 16997.1 ᠮᠸᠲᠷ ᠪᠠᠶᠢᠵᠤ᠂ ᠦᠯᠡᠳᠡᠭᠰᠡᠨ ᠰᠢᠷᠣᠢ ᠬᠡᠷᠡᠮ ᠤᠨ ᠤᠷᠳᠤ ᠨᠢ 3726.1 ᠮᠧᠲᠷ ᠂ ᠵᠠᠮ ᠳᠠᠭᠠᠤ 4 ᠰᠠᠭᠤᠷᠢ ᠴᠣᠨᠵᠢ ᠲᠠᠢ᠃            ᠨᠢᠭᠡ ᠭᠡᠷ ᠤᠨ ᠳᠦᠷᠪᠡᠨ ᠦᠶ᠎ᠡ ᠶᠢᠨ ︽ᠨᠡᠭᠦᠳᠡᠯᠯᠡᠭᠰᠡᠨ ᠲᠡᠦᠬᠡ︾᠎ ᠎             2020 ᠣᠨ ᠳᠤ᠂ ᠦᠬᠠᠢ ᠬᠤᠳᠠ ᠶᠢᠨ ᠬᠠᠳᠤᠨ ᠭᠤᠣᠯ ᠤᠨ ᠰᠣᠶᠣᠯ ᠢ ᠬᠠᠮᠠᠭᠠᠯᠠᠬᠤ ᠪᠠ ᠤᠯᠠᠮᠵᠢᠯᠠᠨ ᠵᠠᠯᠭᠠᠮᠵᠢᠯᠠᠬᠤ ᠲᠤᠬᠠᠢ ᠰᠤᠳᠤᠯᠤᠨ ᠶᠠᠷᠢᠯᠴᠠᠬᠤ ᠬᠤᠷᠠᠯ ᠬᠤᠷᠠᠯᠳᠤᠵᠤ᠂ ᠲᠡᠦᠬᠡ ᠶᠢᠨ ᠤᠬᠠᠭᠠᠨ ᠤ ᠳ᠋ᠣᠺᠲ᠋ᠣᠷ᠂ ᠤᠮᠠᠷᠠᠲᠤ ᠶᠢᠨ ᠦᠨᠳᠦᠰᠦᠲᠡᠨ ᠤ ᠲᠡᠦᠬᠡ ᠶᠢᠨ ᠰᠤᠳᠤᠯᠭᠠᠨ ᠬᠢᠵᠦ ᠪᠠᠶᠢᠭ᠎ᠠ ᠪᠦᠦ ᠸᠧᠨ ᠱᠧᠩ᠄ ︽ᠦᠬᠠᠢ ᠣᠷᠣᠨ ᠪᠣᠯ ᠭᠤᠪᠢ ᠶᠢᠨ ᠡᠮᠦᠨ᠎ᠡ ᠬᠡᠰᠡᠭ ᠪᠣᠯᠣᠨ ᠪᠣᠭᠤᠮᠲᠠ ᠶᠢᠨ ᠳᠤᠮᠳᠠ ᠣᠷᠣᠨ᠂ ᠬᠠᠳᠤᠨ ᠭᠤᠣᠯ ᠤᠨ ᠪᠠᠷᠠᠭᠤᠨ ᠬᠤᠩᠭᠢᠯ᠂ ᠬᠥᠬᠡᠨᠠᠭᠤᠷ ᠲᠥᠪᠡᠳ ᠤᠨ ᠥᠨᠳᠦᠷᠯᠢᠭ ᠵᠡᠷᠭᠡ ᠭᠠᠵᠠᠷ ᠢ ᠬᠤᠯᠪᠣᠨ ᠵᠣᠯᠭᠠᠭᠤᠯᠤᠭᠰᠠᠨ ᠠᠭᠤᠯᠵᠠᠷ ᠪᠣᠭᠤᠮᠲᠠ ᠪᠣᠯᠣᠨ᠎ᠠ᠂ ᠮᠣᠩᠭᠤᠯ ᠤᠨ ᠥᠨᠳᠦᠷᠯᠢᠭ ᠲᠤ ᠰᠠᠭᠤᠷᠢᠰᠢᠵᠤ ᠪᠠᠶᠢᠭ᠎ᠠ ᠤᠮᠠᠷᠠᠲᠤ ᠶᠢᠨ ᠦᠨᠳᠦᠰᠦᠲᠡᠨ ᠶᠡᠷᠦ ᠎ ᠨᠢ ᠬᠠᠳᠤᠨ ᠭᠤᠣᠯ ᠢ ᠲᠠᠭᠠᠨ ᠦᠬᠠᠢ ᠶᠢᠨ ᠬᠤᠩᠭᠢᠯ ᠤᠨ ᠣᠷᠣᠨ ᠪᠦᠰᠡ ᠶᠢ ᠳᠠᠪᠠᠵᠤ᠂ ᠡᠮᠦᠨ᠎ᠡ ᠲᠠᠯ᠎ᠠ ᠶᠢᠨ ᠠᠷᠤ ᠭᠠᠵᠠᠷ ᠤᠨ ᠵᠢᠶᠠᠩᠨᠠᠨ ᠣᠷᠣᠨ ᠳᠤ ᠣᠴᠢᠳᠠᠭ ᠪᠠᠶᠢᠨ᠎ᠠ; ᠬᠥᠬᠡᠨᠠᠭᠤᠷ ᠲᠥᠪᠡᠳ ᠤᠨ ᠥᠨᠳᠦᠷᠯᠢᠭ ᠲᠤ ᠰᠠᠭᠤᠵᠤ ᠪᠠᠶᠢᠭ᠎ᠠ ᠪᠠᠷᠠᠭᠤᠨ ᠡᠮᠦᠨᠡᠲᠦ ᠣᠷᠣᠨ ᠤ ᠦᠨᠳᠦᠰᠦᠲᠡᠨ ᠬᠠᠳᠤᠨ ᠭᠤᠣᠯ ᠢ ᠲᠠᠭᠠᠨ ᠢᠷᠭᠠᠢ ᠶᠢᠨ ᠲᠠᠯ᠎ᠠ ᠭᠠᠵᠠᠷ ᠲᠤ ᠣᠷᠣᠵᠤ᠂ ᠪᠠᠰᠠ ᠦᠬᠠᠢ ᠶᠢᠨ ᠬᠤᠩᠭᠢᠯ ᠤᠨ ᠣᠷᠣᠨ ᠪᠦᠰᠡ ᠪᠠᠷ ᠥᠩᠭᠡᠷᠡᠵᠦ᠂ ᠤᠮᠠᠷᠠᠰᠢ ᠪᠠᠨ ᠴᠦᠯᠯᠡᠷᠭᠡᠭ ᠲᠠᠯ᠎ᠠ ᠨᠤᠲᠤᠭ ᠲᠤ ᠭᠦᠷᠳᠡᠭ᠃ ᠦᠬᠠᠢ ᠣᠷᠣᠨ ᠤ ᠠᠯᠠᠱᠠ ᠠᠭᠤᠯᠠ ᠶᠢ ᠪᠠᠭᠲᠠᠭᠠᠭᠰᠠᠨ ᠠᠭᠤᠯᠠᠷᠬᠠᠭ ᠣᠷᠣᠨ ᠨᠢ ᠲᠡᠦᠬᠡᠨ ᠳᠡᠭᠡᠷ᠎ᠡ ᠡᠯ᠎ᠡ ᠦᠨᠳᠦᠰᠦᠲᠡᠨ ᠤ ᠠᠭᠤᠰᠤᠯᠴᠠᠭᠰᠠᠨ ᠣᠷᠣᠨ ᠪᠠᠶᠢᠵᠤ᠂ ᠠᠳᠠᠯᠢ ᠪᠤᠰᠤ ᠰᠣᠶᠣᠯ ᠤᠨ ᠰᠣᠯᠢᠯᠴᠠᠭᠠᠨ ᠤ ᠬᠠᠲᠤᠨ ᠭᠤᠣᠯ ᠤᠨ ᠣᠯᠣᠮ ᠭᠡᠵᠦ ᠦᠵᠡᠵᠦ ᠪᠣᠯᠣᠨ᠎ᠠ︾ ᠭᠡᠵᠦ ᠶᠠᠷᠢᠵᠤ ᠥᠩᠭᠡᠷᠡᠪᠡ᠃            ᠥᠨᠥᠳᠥᠷ ᠤᠨ ᠣᠯᠣᠮ ᠲᠣᠰᠬᠤᠨ ᠪᠣᠯ ︽ᠠᠳᠠᠯᠢ ᠪᠤᠰᠤ ᠰᠣᠶᠣᠯ ᠤᠨ ᠰᠣᠯᠢᠯᠴᠠᠭ᠎ᠠ ᠲᠠᠢ ᠬᠠᠳᠤᠨ ᠭᠤᠣᠯ ᠤᠨ ᠣᠯᠣᠮ︾᠎ ᠤᠨ ᠬᠤᠷᠢᠶᠠᠩᠭᠤᠢ ᠵᠢᠷᠤᠭᠯᠠᠯ ᠪᠣᠯᠣᠨ᠎ᠠ᠃            ᠡᠨᠡ ᠵᠢᠯ 63 ᠨᠠᠰᠤᠲᠠᠢ ᠣᠯᠣᠮ ᠲᠣᠰᠬᠤᠨ ᠤ ᠡᠮᠴᠢ ᠵᠠᠩ ᠽᠧᠩ ᠢ ᠶᠢᠨ ᠨᠢᠭᠡ ᠭᠡᠷ ᠤᠨ ᠳᠦᠷᠪᠡᠨ ᠦᠶ᠎ᠡ ᠶᠢᠨ ᠠᠮᠢᠳᠤᠷᠠᠯ ᠤᠨ ᠬᠤᠪᠢᠷᠠᠯᠲᠠ ᠨᠢ ᠦᠬᠠᠢ ᠣᠷᠣᠨ ᠤ ᠰᠣᠯᠢᠯᠴᠠᠭ᠎ᠠ ᠠᠭᠤᠰᠤᠯᠴᠠᠯ ᠳᠤ ᠪᠣᠳᠠᠲᠠᠢ ᠭᠡᠷᠡᠴᠢᠯᠡᠯ ᠬᠠᠩᠭᠠᠪᠠ᠃ ᠵᠠᠩ ᠽᠧᠩ ᠢ ᠬᠠᠷᠢᠨ ᠣᠷᠳᠣᠰ ᠠᠶᠠᠯᠭᠤ ᠲᠠᠢ᠂ ᠪᠣᠭᠤᠮᠲᠠ ᠶᠢᠨ ᠳᠣᠲᠣᠷᠠᠬᠢ ᠥᠨᠳᠥᠷᠬᠡᠨ ᠪᠡᠶ᠎ᠡ ᠲᠠᠢ ᠬᠥᠷᠥᠰᠦᠯᠢᠭ ᠪᠣᠷᠣ ᠡᠷ᠎ᠡ᠃ ᠲᠡᠭᠦᠨ ᠤ ᠡᠷᠭᠢᠴᠡᠭᠦᠯᠦᠭᠰᠡᠨ ᠢᠶᠠᠷ᠂ ᠲᠡᠭᠦᠨ ᠢ 4 ᠨᠠᠰᠤᠲᠠᠢ ᠪᠠᠶᠢᠬᠤ ᠳᠤ᠂ ᠲᠡᠭᠦᠨ ᠤ ᠡᠪᠦᠭᠡ ᠪᠣᠯᠣᠨ ᠠᠪᠤ ᠨᠢ ᠠᠮᠢ ᠵᠢᠭᠤᠵᠤ ᠠᠮᠢᠳᠤᠷᠠᠬᠤ ᠶᠢᠨ ᠲᠥᠯᠥᠭᠡ ᠱᠠᠨᠰᠢ ᠶᠢᠨ ᠱᠧᠨ ᠮᠦ ᠠᠴᠠ ᠣᠷᠳᠣᠰ ᠤᠨ ᠤᠳᠤᠭ ᠬᠤᠰᠢᠭᠤᠨ ᠤ ᠦᠵᠦᠭᠦᠷ ᠪᠠᠯᠭᠠᠰᠤ ᠳᠤ ᠨᠡᠭᠦᠨ ᠢᠷᠡᠵᠤ᠂ ᠲᠠᠷᠢᠶᠠᠯᠠᠬᠤ ᠶᠢᠨ ᠳᠠᠭᠠᠤ ᠮᠠᠯ ᠮᠠᠯᠵᠢᠵᠤ ᠠᠮᠢᠳᠤᠷᠠᠵᠤ ᠪᠠᠶᠢᠵᠠᠢ᠃ ᠲᠡᠷᠡ ᠦᠶ᠎ᠡ ᠳᠤ ᠲᠡᠳᠡᠨ ᠯᠦᠭᠡ ᠬᠠᠮᠲᠤ 50 ᠭᠠᠷᠤᠢ ᠡᠷᠦᠭᠡ 200 ᠭᠠᠷᠤᠢ ᠬᠥᠮᠥᠨ ᠦᠵᠦᠭᠦᠷ ᠪᠠᠯᠭᠠᠰᠤᠨ ᠳᠤ ᠨᠡᠭᠦᠵᠡᠢ᠃ ᠵᠠᠩ ᠽᠧᠩ ᠢ ᠲᠡᠷᠡ ᠤᠳᠠᠭᠠᠨ ᠤ ᠬᠠᠮᠲᠤ ᠶᠢᠨ ᠨᠡᠭᠦᠳᠡᠯ ᠢ ︽ᠣᠳᠣ ᠦᠶ᠎ᠡ ᠶᠢᠨ ᠪᠣᠭᠤᠮᠲᠠ ᠶᠢᠨ ᠪᠠᠷᠠᠭᠤᠨ ᠠᠮᠠ ᠳᠠᠪᠠᠵᠤ ᠮᠣᠩᠭᠤᠯ ᠣᠷᠣᠨ ᠳᠤ ᠣᠷᠣᠭᠰᠠᠨ ᠨᠡᠭᠦᠳᠡᠯ︾ ᠭᠡᠵᠡᠢ᠃            1979 ᠣᠨ ᠳᠤ᠂ ᠵᠠᠩ ᠽᠧᠩ ᠢ ᠣᠲᠤᠭ ᠬᠤᠰᠢᠭᠤᠨ ᠤ ᠦᠵᠦᠭᠦᠷ ᠪᠠᠯᠭᠠᠰᠤ ᠠᠴᠠ ᠦᠬᠠᠢ ᠬᠤᠲᠠ ᠶᠢᠨ ᠬᠠᠶᠢᠨᠠᠨ ᠲᠣᠭᠤᠷᠢᠭ ᠤᠨ ᠪᠠᠶᠠᠨᠲᠤᠬᠤᠢ ᠪᠠᠯᠭᠠᠰᠤᠨ ᠤ ᠣᠯᠣᠮ ᠲᠣᠰᠬᠤᠨ ᠳᠤ ᠨᠡᠭᠦᠨ ᠣᠴᠢᠵᠤ᠂ ᠠᠨᠠᠭᠠᠬᠤ ᠤᠬᠠᠭᠠᠨ ᠰᠤᠷᠬᠤ ᠶᠢᠨ ᠳᠠᠭᠠᠤ ᠲᠠᠷᠢᠶ᠎ᠠ ᠳᠠᠷᠢᠪᠠ᠃            ᠣᠯᠣᠮ ᠲᠣᠰᠬᠤᠨ ᠪᠣᠯ ᠬᠠᠳᠤᠨ ᠭᠤᠣᠯ ᠥᠪᠥᠷ ᠮᠣᠩᠭᠤᠯ ᠳᠤ ᠤᠷᠤᠰᠴᠤ ᠣᠷᠣᠭᠰᠠᠨ ᠤ ᠳᠠᠷᠠᠭᠠᠬᠢ ᠲᠦᠷᠦᠭᠦᠦ ᠨᠢᠭᠡ ᠬᠠᠳᠤᠨ ᠭᠤᠣᠯ ᠳᠠᠭᠠᠤ ᠶᠢᠨ ᠲᠣᠰᠬᠤᠨ ᠪᠣᠯᠣᠨ᠎ᠠ᠂ ᠭᠠᠵᠠᠷ ᠰᠢᠷᠣᠢ ᠥᠩ ᠰᠢᠮᠡᠯᠢᠭ᠂ ᠵᠠᠮ ᠬᠠᠷᠢᠯᠴᠠᠭ᠎ᠠ ᠳᠥᠭᠦᠮ ᠳᠥᠲᠡ ᠪᠠᠶᠢᠵᠤ᠂ 1966 ᠣᠨ ᠤ ᠡᠬᠢ ᠪᠠᠷ ᠪᠠᠶᠢᠭᠤᠯᠤᠭᠳᠠᠬᠤ ᠦᠶ᠎ᠡ ᠳᠤ ᠬᠡᠳᠦᠨ ᠵᠠᠭᠤᠨ ᠬᠥᠮᠥᠨ ᠲᠠᠢ ᠪᠠᠭ᠎ᠠ ᠲᠣᠰᠬᠤᠨ ᠪᠠᠶᠢᠭᠰᠠᠨ ᠠᠴᠠ ᠪᠠᠨ ᠤᠳᠤ ᠨᠢᠭᠡᠨᠲᠡ 4900 ᠬᠥᠮᠥᠨ ᠠᠮᠠ ᠲᠠᠢ ᠲᠣᠮᠣ ᠭᠡᠯᠪᠡᠷᠢ ᠶᠢᠨ ᠬᠠᠳᠤᠨ ᠭᠤᠣᠯ ᠳᠠᠭᠠᠤ ᠶᠢᠨ ᠲᠣᠰᠬᠤᠨ ᠪᠣᠯᠵᠤ ᠬᠥᠭᠵᠢᠪᠡ᠃            ᠣᠯᠣᠮ ᠲᠣᠰᠬᠤᠨ ᠪᠣᠯᠣᠨ ᠱᠢ ᠽᠦᠢ ᠱᠠᠨ ᠬᠤᠳᠠ ᠶᠢᠨ ᠬᠤᠢ ᠨᠦᠩ ᠲᠣᠭᠤᠷᠢᠭ ᠭᠤᠣᠯ ᠠᠯᠤᠰᠯᠠᠨ ᠨᠢᠭᠤᠷᠯᠠᠨ ᠬᠥᠷᠰᠢᠯᠡᠵᠦ᠂ ᠬᠠᠪᠤᠷ ᠡᠪᠦᠯ ᠤᠨ ᠬᠠᠳᠤᠨ ᠭᠤᠣᠯ ᠤᠨ ᠮᠥᠰᠥ ᠬᠥᠯᠳᠡᠬᠦ ᠬᠤᠭᠤᠴᠠᠭ᠎ᠠ ᠪᠣᠯᠣᠮᠠᠭᠴᠠ᠂ ᠬᠤᠶᠠᠷ ᠭᠠᠵᠠᠷ ᠤᠨ ᠬᠥᠮᠥᠰ ᠮᠥᠰᠥ ᠭᠢᠰᠬᠢᠯᠡᠨ ᠨᠠᠭᠠᠰᠢ ᠴᠠᠭᠠᠰᠢ ᠶᠠᠪᠤᠨ᠎ᠠ; ᠵᠤᠨ ᠨᠠᠮᠤᠷ ᠤᠨ ᠦᠶ᠎ᠡ ᠳᠤ᠂ ᠣᠩᠭᠤᠴᠠ ᠰᠠᠯ ᠢᠶᠠᠷ ᠬᠤᠶᠠᠷ ᠭᠠᠵᠠᠷ ᠤᠨ ᠬᠢᠨ ᠨᠠᠭᠠᠰᠢ ᠴᠠᠭᠠᠰᠢ ᠰᠦᠯᠵᠢᠯᠳᠦᠨ᠎ᠡ᠃ ︽ᠬᠤᠶ ᠨᠦᠩ ᠲᠣᠭᠤᠷᠢᠭ ᠪᠠ ᠪᠠᠶᠠᠨᠲᠤᠬᠤᠢ ᠪᠠᠯᠭᠠᠰᠤ ᠶᠢ ᠬᠤᠯᠪᠣᠭᠰᠠᠨ ᠬᠠᠲᠤᠨ ᠭᠤᠣᠯ ᠤᠨ ᠶᠡᠭᠡ ᠬᠥᠭᠦᠷᠭᠡ ᠡᠩ ᠤᠨ ᠲᠡᠷᠭᠡ ᠬᠥᠰᠬᠡ ᠠᠴᠠ ᠰᠦᠢᠳᠬᠡᠯ ᠬᠤᠷᠢᠶᠠᠬᠤ ᠶᠢ ᠦᠭᠡᠶᠢᠰᠬᠡᠭᠰᠡᠨ ᠠᠴᠠ ᠨᠠᠭᠠᠰᠢ᠂ ᠬᠤᠶᠠᠷ ᠭᠠᠵᠠᠷ ᠤᠨ ᠬᠥᠮᠥᠰ ᠤᠨ ᠰᠣᠯᠢᠯᠴᠠᠭ᠎ᠠ ᠶᠠᠪᠤᠯᠴᠠᠭ᠎ᠠ ᠨᠠᠩ ᠣᠯᠠᠰᠢᠷᠠᠪᠠ︾᠃ ᠣᠯᠣᠮ ᠲᠣᠰᠬᠤᠨ ᠤ ᠨᠠᠮ ᠤᠨ ᠡᠭᠦᠷ ᠤᠨ ᠱᠦᠵᠢ ᠸᠠᠩ ᠰᠦᠸᠧ ᠫᠢᠩ ᠤᠨ ᠲᠠᠨᠢᠯᠴᠠᠭᠤᠯᠤᠭᠰᠠᠨ ᠢᠶᠠᠷ᠂ ᠣᠯᠣᠮ ᠲᠣᠰᠬᠤᠨ ᠤ ᠠᠷᠠᠳ ᠤᠨ ᠠᠮᠢᠳᠤᠷᠠᠯ ᠤᠨ ᠬᠡᠷᠡᠭᠰᠡᠯ ᠪᠠ ᠡᠪᠡᠳᠴᠢᠨ ᠦᠵᠡᠭᠦᠯᠭᠦ ᠨᠢ ᠣᠯᠠᠩᠬᠢ ᠳᠠᠭᠠᠨ ᠡᠰᠡᠷᠭᠦ ᠲᠠᠯ᠎ᠠ ᠶᠢᠨ ᠱᠢ ᠽᠦᠢ ᠱᠠᠨ ᠬᠤᠲᠠ ᠳᠤ ᠲᠦᠰᠢᠭᠯᠡᠳᠡᠭ; ᠲᠠᠷᠢᠶᠠᠯᠠᠩ ᠤᠨ ᠶᠠᠭᠠᠷᠠᠤ ᠴᠠᠭ ᠪᠠ ᠠᠵᠢᠯᠴᠢᠨ ᠬᠡᠷᠡᠭᠯᠡᠬᠦ ᠤᠯᠠᠷᠢᠯ ᠳᠤ᠂ ᠱᠢ ᠽᠦᠢ ᠱᠠᠨ ᠣᠷᠣᠨ ᠴᠤ ᠲᠤᠬᠠᠢ ᠶᠢᠨ ᠭᠠᠵᠠᠷ ᠲᠤ ᠶᠡᠭᠡ ᠬᠡᠮᠵᠢᠶᠡᠨ ᠤ ᠬᠥᠮᠥᠨ ᠤ ᠬᠦᠴᠦᠨ ᠤ ᠳᠡᠮᠵᠢᠯᠭᠡ ᠬᠠᠩᠭᠠᠳᠠᠭ ᠭᠡᠵᠦ ᠲᠠᠨᠢᠯᠴᠠᠭᠤᠯᠪᠠ᠃            ᠵᠠᠩ ᠽᠧᠩ ᠢ ᠶᠢᠨ ᠬᠦᠦ ᠪᠣᠯᠣᠨ ᠬᠦᠦ ᠪᠡᠷᠢ ᠨᠢ ᠬᠤᠢ ᠨᠦᠩ ᠲᠣᠭᠤᠷᠢᠭ ᠲᠤ ᠭᠡᠷ ᠬᠤᠳᠠᠯᠳᠤᠨ ᠠᠪᠴᠠᠢ ᠂ ᠲᠠᠳᠠ ᠡᠳᠦᠷ ᠨᠢ ᠪᠠᠶᠠᠨᠲᠤᠬᠤᠢ ᠳᠤ ᠠᠵᠢᠯᠯᠠᠵᠤ᠂ ᠣᠷᠣᠢ ᠨᠢ ᠬᠤᠢ ᠨᠦᠩ ᠲᠣᠭᠤᠷᠢᠭ ᠲᠠᠭᠠᠨ ᠬᠠᠷᠢᠵᠤ ᠰᠠᠭᠤᠵᠤ᠂ 8 ᠨᠠᠰᠤᠲᠠᠢ ᠣᠮᠪᠣᠯᠣ ᠬᠦᠦ ᠨᠢ ᠬᠤᠢ ᠨᠦᠩ ᠲᠣᠭᠤᠷᠢᠭ ᠲᠤ ᠪᠢᠴᠢᠭ ᠦᠵᠡᠵᠦ ᠪᠠᠶᠢᠳᠠᠭ᠃            ᠦᠬᠠᠢ ᠬᠤᠳᠠ ᠪᠣᠯ ᠨᠡᠶᠢᠲᠡᠯᠢᠭ ᠴᠢᠨᠠᠷᠲᠠᠢ ᠰᠢᠨ᠎ᠡ ᠭᠡᠯᠪᠡᠷᠢ ᠶᠢᠨ ᠨᠡᠭᠦᠳᠡᠯ ᠠᠷᠠᠳ ᠤᠨ ᠬᠤᠳᠠ ᠪᠣᠯᠣᠨ᠎ᠠ᠂ ᠲᠡᠭᠦᠨ ᠤ ᠦᠰᠦᠨ ᠪᠣᠶᠢᠵᠢᠭᠰᠠᠨ ᠲᠡᠦᠬᠡ ᠨᠢ ᠮᠥᠨ ᠴᠦ ᠬᠠᠳᠤᠨ ᠭᠤᠣᠯ ᠤᠨ ᠰᠣᠶᠣᠯ᠂ ᠲᠠᠷᠢᠶᠠᠯᠠᠬᠤ ᠰᠣᠶᠣᠯ᠂ ᠤᠷᠳᠤ ᠴᠠᠭᠠᠨ ᠬᠡᠷᠡᠮ ᠤᠨ ᠰᠣᠶᠣᠯ᠂ ᠲᠠᠯ᠎ᠠ ᠨᠤᠲᠤᠭ ᠤᠨ ᠰᠣᠶᠣᠯ ᠤᠨ ᠰᠣᠯᠢᠯᠴᠠᠭ᠎ᠠ ᠠᠭᠤᠰᠤᠯᠴᠠᠯ ᠤᠨ ᠲᠡᠦᠬᠡ ᠪᠣᠯᠣᠨ᠎ᠠ᠃            ᠦᠬᠠᠢ ᠬᠤᠲᠠ ᠶᠢᠨ ᠰᠣᠶᠣᠯ ᠪᠡᠶ᠎ᠡ ᠶᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ ᠶᠢᠨ ᠨᠠᠮ ᠤᠨ ᠤᠳᠤᠷᠢᠳᠬᠤ ᠳᠤᠭᠤᠶᠢᠯᠠᠩ ᠤᠨ ᠱᠦᠵᠢ᠂ ᠲᠣᠪᠴᠢᠶᠠᠨ ᠳᠠᠷᠤᠭ᠎ᠠ ᠦ᠋ ᠹᠧᠩ ᠷᠦᠩ᠂ ᠦᠬᠠᠢ ᠶᠢᠨ ᠬᠥᠮᠥᠰ ᠤᠨ ᠣᠲᠣ ᠶᠢᠨ ᠠᠮᠢᠳᠤᠷᠠᠯ ᠤᠨ ᠠᠷᠭ᠎ᠠ ᠮᠠᠶ᠋ᠢᠭ᠂ ᠵᠠᠩ ᠳᠠᠳᠬᠠᠯ᠂ ᠤᠯᠠᠮᠵᠢᠯᠠᠯ ᠲᠠᠢ ᠪᠣᠯᠤᠭᠰᠠᠨ ᠨᠢ ᠴᠥᠮ ᠬᠠᠲᠤᠨ ᠭᠤᠣᠯ ᠤᠨ ᠰᠣᠶᠣᠯ ᠪᠠ ᠣᠷᠳᠣ ᠴᠠᠭᠠᠨ ᠬᠡᠷᠡᠮ ᠤᠨ ᠰᠣᠶᠣᠯ ᠤᠨ ᠨᠥᠯᠥᠭᠡ ᠶᠢ ᠭᠦᠨ ᠬᠦᠷᠲᠡᠵᠦ᠂ ᠲᠦᠮᠡᠨ ᠬᠥᠮᠥᠨ ᠠᠭᠤᠯᠠᠨ ᠳᠤ ᠭᠠᠷᠴᠤ ᠨᠡᠭᠦᠷᠡᠰᠦ ᠮᠠᠯᠲᠠᠭᠰᠠᠨ ᠲᠣᠮᠣ ᠬᠠᠮ ᠪᠠᠶᠢᠯᠳᠤᠭᠠᠨ᠂ ᠬᠠᠲᠤᠨ ᠭᠤᠣᠯ ᠤᠨ ᠤᠰᠤᠨ ᠠᠰᠢᠭᠯᠠᠯᠲᠠ ᠶᠢᠨ ᠬᠤᠯᠠ ᠠᠶᠠᠯᠠᠬᠤ ᠴᠡᠷᠢᠭ ᠤᠨ ᠦᠬᠠᠢ ᠶᠢᠨ ᠲᠠᠷᠢᠶᠠᠯᠠᠩ ᠤᠨ ᠪᠦᠲᠦᠭᠡᠨ ᠪᠠᠶᠢᠭᠤᠯᠤᠯᠲᠠ ᠎ ᠶᠢ ᠨᠡᠭᠡᠭᠡᠨ ᠬᠥᠭᠵᠢᠭᠦᠯᠦᠭᠰᠡᠨ᠂ ᠪᠠᠭ᠎ᠠ ᠭᠤᠷᠪᠠᠳᠤᠭᠠᠷ ᠹᠷᠣᠨᠲ ᠤᠨ ᠪᠦᠲᠦᠭᠡᠨ ᠪᠠᠶᠢᠭᠤᠯᠤᠯᠲᠠ᠂ ᠦᠬᠠᠢ ᠬᠤᠲᠠ ᠶᠢᠨ ᠬᠤᠲᠠ ᠶᠢᠨ ᠪᠦᠲᠦᠭᠡᠨ ᠪᠠᠶᠢᠭᠤᠯᠤᠯᠲᠠ ᠨᠢ ᠴᠥᠮ ᠬᠠᠲᠤᠨ ᠭᠤᠣᠯ ᠪᠠ ᠣᠷᠳᠣ ᠴᠠᠭᠠᠨ ᠬᠡᠷᠡᠮ ᠲᠠᠢ ᠨᠢᠭᠲᠠ ᠬᠤᠯᠪᠤᠭ᠎ᠠ ᠲᠠᠢ ᠪᠠᠶᠢᠳᠠᠭ ᠭᠡᠵᠦ ᠬᠡᠯᠡᠪᠡ᠃            ᠬᠠᠲᠤᠨ ᠭᠤᠣᠯ ᠤᠨ ᠰᠣᠶᠣᠯ ᠪᠠ ᠣᠷᠳᠣ ᠴᠠᠭᠠᠨ ᠬᠡᠷᠡᠮ ᠤᠨ ᠰᠣᠶᠣᠯ ᠤᠨ ᠰᠢᠮᠡᠵᠢᠭᠦᠯᠦᠯᠳᠡ ᠪᠠᠷ ᠦᠬᠠᠢ ᠶᠢᠨ ᠠᠭᠤᠳᠠᠮ ᠪᠠᠭᠲᠠᠭᠠᠮᠵᠢ ᠪᠠ ᠰᠢᠨᠲᠠᠷᠠᠰᠢ ᠦᠭᠡᠢ ᠲᠡᠮᠡᠴᠡᠬᠦ ᠬᠡᠪ ᠨᠠᠮᠪᠠ ᠬᠢᠭᠡᠳ ᠵᠠᠩ ᠠᠷᠠᠨᠰᠢᠨ ᠢ ᠪᠤᠶ ᠪᠣᠯᠭᠠᠪᠠ᠃ ᠥᠨᠥᠳᠥᠷ ᠤᠨ ᠦᠬᠠᠢ ᠪᠣᠯ ᠤᠮᠠᠷᠠᠲᠤ ᠣᠷᠣᠨ ᠪᠣᠯᠣᠨ ᠪᠠᠷᠠᠭᠤᠨ ᠬᠤᠶᠢᠲᠤ ᠣᠷᠣᠨ ᠢ ᠬᠤᠯᠪᠣᠬᠤ ᠴᠢᠬᠤᠯᠠ ᠬᠦᠢᠰᠦ᠂ ᠨᠢᠩᠰᠢᠶᠠ ᠥᠪᠥᠷ ᠮᠣᠩᠭᠤᠯ ᠱᠠᠨᠰᠢ ᠭᠠᠨᠰᠤ ᠶᠢᠨ ᠠᠵᠤ ᠠᠬᠤᠢ ᠶᠢᠨ ᠣᠷᠣᠨ ᠤ ᠠᠭᠤᠯᠵᠠᠷ ᠬᠡᠰᠡᠭ ᠪᠣᠯᠣᠨ ᠬᠠᠳᠤᠨ ᠭᠤᠣᠯ ᠳᠠᠭᠠᠤ ᠶᠢᠨ ᠠᠵᠤ ᠠᠬᠤᠢ ᠶᠢᠨ ᠪᠦᠰᠡ ᠶᠢᠨ ᠲᠥᠪ ᠪᠣᠯᠤᠭᠰᠠᠨ ᠣᠷᠣᠨ ᠪᠣᠯᠣᠨ᠎ᠠ᠂ ᠥᠪᠥᠷ ᠮᠣᠩᠭᠤᠯ ᠤᠨ ᠪᠠᠷᠠᠭᠤᠨᠰᠢ᠂ ᠡᠮᠦᠨᠡᠰᠢ ᠨᠡᠭᠡᠭᠡᠯᠲᠡ ᠬᠢᠬᠦ ᠴᠣᠩᠬᠤᠪᠴᠢ ᠪᠤᠯᠬᠤ ᠪᠥᠭᠡᠳ ︽ᠨᠢᠭᠡ ᠪᠦᠰᠡ ᠨᠢᠭᠡ ᠵᠠᠮ︾᠎ ᠤᠨ ᠴᠢᠬᠤᠯᠠ ᠵᠠᠩᠭᠢᠯᠠᠭ᠎ᠠ ᠶᠢᠨ ᠬᠤᠳᠠ ᠪᠣᠯᠣᠨ᠎ᠠ᠃            ᠬᠠᠲᠤᠨ ᠭᠤᠣᠯ ᠤᠨ ᠥᠪᠥᠷ ᠮᠣᠩᠭᠤᠯ ᠳᠤ ᠴᠢᠳᠬᠤᠭᠰᠠᠨ ᠠᠩᠬᠠᠨ ᠤ ᠥᠷᠲᠡᠭᠡ ᠶᠢᠨ ᠰᠣᠶᠣᠯ ᠤᠨ IP            ᠯᠢᠦ ᠵᠠᠨ ᠯᠢᠨ ᠭᠡᠵᠦ ᠬᠠᠶᠢᠨᠠᠨ ᠲᠣᠭᠤᠷᠢᠭ ᠲᠤ ᠨᠡᠯᠢᠶᠡᠳ ᠠᠯᠳᠠᠷᠲᠠᠢ ᠬᠥᠮᠥᠨ᠂ ᠡᠨᠡ ᠨᠢ ᠲᠡᠷᠡ ᠬᠢᠭᠡᠳ ᠨᠢᠭᠡᠨ ᠬᠠᠴᠢᠨ ᠭᠠᠶᠢᠬᠠᠮᠰᠢᠭᠲᠤ ᠨᠡᠷ᠎ᠡ -- ᠰᠢ ᠰᠢᠩ ᠠᠶᠠᠨᠴᠢᠨ ᠤ ᠪᠠᠭᠤᠳᠠᠯ ᠲᠠᠢ ᠬᠤᠯᠪᠤᠭ᠎ᠠ ᠲᠠᠢ ᠶᠤᠮ᠃            ᠰᠢ ᠰᠢᠩ ᠠᠶᠠᠨᠴᠢᠨ ᠤ ᠪᠠᠭᠤᠳᠠᠯ ᠨᠢ ᠬᠠᠶᠢᠨᠠᠨ ᠲᠣᠭᠤᠷᠢᠭ ᠤᠨ ᠷᠠᠰᠠᠩ ᠤᠨ ᠰᠦᠮ᠎ᠡ ᠪᠠᠯᠭᠠᠰᠤ ᠶᠢᠨ ᠰᠠᠶᠢᠬᠠᠨ ᠤᠰᠤ ᠲᠣᠰᠬᠤᠨ ᠤ ᠲᠠᠷᠢᠶᠠᠯᠠᠩ ᠮᠠᠯᠵᠢᠯ ᠤᠨ ᠲᠠᠯᠠᠪᠠᠢ᠂ ᠲᠧᠦ ᠳ᠋ᠣᠣ ᠺᠠᠨ ᠬᠤᠶᠠᠷ ᠠᠶᠢᠯ ᠲᠣᠰᠬᠤᠨ ᠢᠶᠠᠷ ᠪᠦᠷᠢᠯᠳᠦᠵᠦ᠂ ᠬᠠᠶᠢᠨᠠᠨ ᠲᠣᠭᠤᠷᠢᠭ ᠤᠨ ᠬᠢᠨ ᠨᠠᠷᠢᠨ ᠨᠢᠮᠪᠠᠢ ᠴᠣᠭᠴᠠᠯᠠᠨ ᠪᠠᠶᠢᠭᠤᠯᠤᠭᠰᠠᠨ ᠰᠣᠶᠣᠯ ᠵᠢᠭᠤᠯᠴᠢᠯᠠᠯ ᠎ ᠤᠨ ᠲᠦᠷᠦᠯ ᠵᠦᠢᠯ ᠪᠠᠶᠢᠵᠤ᠂ ᠲᠣᠭᠤᠷᠢᠨ ᠦᠵᠡᠬᠦ᠂ ᠠᠷᠠᠳ ᠤᠨ ᠵᠠᠩ ᠦᠢᠯᠡ ᠶᠢ ᠣᠶᠢᠯᠠᠭᠠᠬᠤ ᠪᠠ ᠲᠠᠷᠢᠶᠠᠴᠢᠨ ᠠᠶᠢᠯ ᠤᠨ ᠵᠢᠭᠤᠯᠴᠢᠯᠠᠯ ᠢ ᠨᠢᠭᠡ ᠴᠣᠭᠴᠠᠵᠢᠭᠤᠯᠤᠭᠰᠠᠨ ᠪᠠᠶᠢᠨ᠎ᠠ᠃            ᠯᠢᠦ ᠵᠠᠨ ᠯᠢᠨ ᠪᠣᠯ ᠰᠠᠶᠢᠬᠠᠨ ᠤᠰᠤ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠶᠢᠨ ᠭᠡᠰᠢᠭᠦᠨ᠂ ᠰᠢ ᠰᠢᠩ ᠠᠶᠠᠨᠴᠢᠨ ᠤ ᠪᠠᠭᠤᠳᠠᠯ ᠤᠨ ᠬᠤᠪᠢᠷᠠᠯᠲᠠ ᠳᠤ ᠣᠷᠣᠯᠴᠠᠬᠰᠠᠨ ᠪᠥᠭᠡᠳ ᠲᠡᠭᠦᠨ ᠤ ᠬᠥᠭᠵᠢᠯᠲᠡ ᠶᠢᠨ ᠭᠡᠷᠡᠴᠢᠯᠡᠭᠴᠢ ᠮᠥᠨ᠃            ᠯᠢᠦ ᠵᠠᠨ ᠯᠢᠨ ᠪᠣᠯᠣᠨ ᠲᠣᠰᠬᠤᠨ ᠤ ᠠᠷᠠᠳ ᠣᠷᠣᠨ ᠪᠦᠰᠡ ᠶᠢᠨ ᠰᠣᠶᠣᠯ ᠵᠢᠭᠤᠯᠴᠢᠯᠠᠯ ᠤᠨ ᠰᠣᠳᠣᠨ ᠲᠥᠷᠥᠯ ᠵᠦᠢᠯ ᠢ ᠴᠣᠭᠴᠠᠯᠠᠬᠤ ᠳᠤ ᠦᠵᠡᠭᠦᠯᠭᠦ ᠴᠢᠬᠤᠯᠠ ᠦᠢᠯᠡᠳᠦᠯ ᠢ ᠰᠠᠶᠢᠨ ᠮᠡᠳᠡᠨ᠎ᠡ᠃ ᠲᠡᠷᠡ᠄ ︽ᠰᠢ ᠰᠢᠩ ᠠᠶᠠᠨᠴᠢᠨ ᠤ ᠪᠠᠭᠤᠳᠠᠯ ᠨᠢ ᠵᠡᠭᠦᠨᠰᠢ ᠪᠠᠨ ᠬᠠᠲᠤᠨ ᠭᠤᠣᠯ ᠢ ᠨᠠᠯᠠᠵᠤ᠂ ᠪᠠᠷᠠᠭᠤᠨᠰᠢ ᠪᠠᠨ ᠤᠷᠲᠤ ᠴᠠᠭᠠᠨ ᠬᠡᠷᠡᠮ ᠢ ᠣᠷᠢᠶᠠᠵᠤ᠂ ᠰᠣᠶᠣᠯ ᠤᠨ ᠣᠯᠣᠮ ᠢᠶᠠᠷ ᠭᠢᠰᠬᠢᠯᠡᠨ᠂ ᠰᠡᠬᠡᠭᠡᠲᠡᠨ ᠪᠠ ᠴᠡᠷᠢᠭ ᠤᠨ ᠵᠡᠪᠰᠡᠭ ᠤᠨ ᠦᠢᠯᠡᠳᠪᠦᠷᠢ ᠶᠢᠨ ᠰᠣᠶᠣᠯ ᠤᠨ ᠨᠥᠯᠥᠭᠡ ᠶᠢ ᠬᠦᠷᠲᠡᠵᠦ᠂ ᠬᠥᠭᠵᠢᠯᠲᠡ ᠶᠢᠨ ᠢᠷᠡᠭᠡᠳᠦᠢ ᠨᠢ ᠲᠤᠶᠢᠯ ᠤᠨ ᠭᠡᠭᠡᠨ ᠰᠠᠷᠠᠭᠤᠯ ᠶᠤᠮ︾ ᠭᠡᠵᠦ ᠳᠦᠷᠰᠦᠯᠢᠭ ᠢᠶᠠᠷ ᠲᠠᠶᠢᠯᠪᠤᠷᠢᠯᠠᠵᠤ ᠪᠠᠶᠢᠪᠠ᠃            ᠰᠢ ᠰᠢᠩ ᠠᠶᠠᠨᠴᠢᠨ ᠤ ᠪᠠᠭᠤᠳᠠᠯ ᠪᠣᠯ ᠬᠠᠶᠢᠨᠠᠨ ᠲᠣᠭᠤᠷᠢᠭ ᠴᠢᠨᠠᠭᠰᠢᠯᠠᠪᠠᠯ ᠦᠬᠠᠢ ᠬᠤᠲᠠ ᠶᠢᠨ ᠡᠭᠦᠳᠦᠨ ᠪᠠᠶᠢᠭᠤᠯᠤᠭᠰᠠᠨ ᠬᠠᠲᠤᠨ ᠭᠤᠣᠯ ᠤᠨ ᠥᠪᠥᠷ ᠮᠣᠩᠭᠤᠯ ᠳᠤ ᠴᠢᠳᠬᠤᠭᠰᠠᠨ ᠠᠩᠬᠠᠨ ᠤ ᠥᠷᠲᠡᠭᠡ ᠶᠢᠨ ᠰᠣᠶᠣᠯ ᠪᠠᠶᠢᠵᠤ᠂ ᠬᠠᠲᠤᠨ ᠭᠤᠣᠯ ᠤᠨ ᠥᠪᠥᠷ ᠮᠣᠩᠭᠤᠯ ᠳᠠᠬᠢ ᠴᠢᠳᠬᠤᠯᠲᠠ ᠶᠢ ᠰᠣᠨᠢᠷᠬᠠᠬᠤ᠂ ᠬᠠᠲᠤᠨ ᠭᠤᠣᠯ ᠤᠨ ᠦᠵᠡᠮᠵᠢ ᠶᠢ ᠪᠡᠶᠡᠴᠢᠯᠡᠨ ᠣᠶᠢᠯᠠᠭᠠᠬᠤ᠂ ᠬᠠᠲᠤᠨ ᠭᠤᠣᠯ ᠤᠨ ᠠᠮᠲᠠᠲᠤ ᠢᠳᠡᠭᠡᠨ ᠢ ᠠᠮᠲᠠᠯᠠᠬᠤ᠂ ᠬᠠᠲᠤᠨ ᠭᠤᠣᠯ ᠤᠨ ᠬᠠᠭᠤᠴᠢ ᠰᠤᠳᠤᠯᠤᠯ ᠤᠨ ᠬᠠᠶᠢᠯᠲᠠ ᠪᠠ ᠬᠥᠳᠡᠭᠡ ᠲᠣᠰᠬᠤᠨ ᠤ ᠵᠤᠭ᠎ᠠ ᠰᠡᠯᠡᠭᠦᠴᠡᠯ ᠵᠢᠭᠤᠯᠴᠢᠯᠠᠯ ᠤᠨ ᠥᠯᠢᠭᠡᠷ ᠳᠠᠭᠤᠷᠢᠶᠠᠯ ᠪᠣᠯᠤᠭᠰᠠᠨ ᠢᠨᠵᠧᠨᠧᠷᠢᠩ ᠪᠣᠯᠣᠨ᠎ᠠ᠃            ᠣᠶᠢᠷ᠎ᠠ ᠶᠢᠨ ᠵᠢᠯ ᠳᠤ᠂ ᠦᠬᠠᠢ ᠬᠤᠲᠠ ᠶᠢᠨ ᠬᠢᠨ ︽ᠥᠪ +︾᠎ ᠶᠢ ᠰᠦᠪᠡᠭᠴᠢᠯᠡᠨ ᠬᠥᠭᠵᠢᠭᠦᠯᠬᠦ ᠵᠠᠮ ᠳᠡᠭᠡᠷ᠎ᠡ ᠮᠠᠰᠢ ᠣᠯᠠᠨ ᠰᠦᠪᠡᠭᠴᠢᠯᠡᠯᠲᠡ ᠬᠢᠪᠡ᠄            - ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ ᠳᠤ ᠨᠡᠶᠢᠲᠡ 7000 ᠭᠠᠷᠤᠢ ᠲᠦᠮᠡᠨ ᠲᠥᠭᠦᠷᠢᠭ ᠵᠠᠷᠤᠴᠠᠭᠤᠯᠵᠤ᠂ ᠬᠠᠲᠤᠨ ᠭᠤᠣᠯ ᠤᠨ ᠰᠣᠶᠣᠯ ᠤᠨ ᠮᠦᠽᠧᠢ᠂ ᠵᠣᠣ ᠱᠤᠤ ᠭᠧᠦ ᠶᠢᠨ ᠬᠠᠲᠠᠨ ᠵᠢᠷᠤᠭ ᠤᠨ ᠪᠠᠭᠤᠷᠢ ᠶᠢᠨ ᠮᠦᠽᠧᠢ ᠶᠢ ᠰᠢᠨ᠎ᠡ ᠪᠠᠷ ᠪᠠᠶᠢᠭᠤᠯᠵᠤ᠂ ᠮᠢᠩ ᠤᠯᠤᠰ ᠤᠨ ᠦᠶ᠎ᠡ ᠶᠢᠨ ᠣᠷᠳᠣ ᠴᠠᠭᠠᠨ ᠬᠡᠷᠡᠮ ᠤᠨ ᠡᠯ ᠳ᠋ᠣᠣ ᠺᠠᠨ ᠤ ᠴᠣᠨᠵᠢ ᠶᠢ ᠠᠪᠤᠷᠠᠬᠤ ᠴᠢᠨᠠᠷᠲᠠᠢ ᠪᠠᠬᠢᠵᠢᠭᠦᠯᠬᠦ ᠢᠨᠵᠧᠨᠧᠷᠢᠩ ᠪᠠ ᠲᠣᠭᠠᠴᠢᠯᠠᠭᠰᠠᠨ ᠬᠠᠮᠠᠭᠠᠯᠠᠯᠲᠠ ᠶᠢᠨ ᠲᠥᠷᠥᠯ ᠵᠦᠢᠯ᠂ ᠬᠠᠶᠢᠨᠠᠨ ᠲᠣᠭᠤᠷᠢᠭ ᠤᠨ ᠮᠢᠩ ᠤᠯᠤᠰ ᠤᠨ ᠦᠶ᠎ᠡ ᠶᠢᠨ ᠣᠷᠳᠣ ᠴᠠᠭᠠᠨ ᠬᠡᠷᠡᠮ ᠢ ᠪᠢᠲᠡᠭᠦᠮᠵᠢᠯᠡᠨ ᠬᠠᠮᠠᠭᠠᠯᠠᠬᠤ ᠢᠨᠵᠧᠨᠧᠷᠢᠩ ᠢ ᠪᠡᠶᠡᠯᠡᠭᠦᠯᠪᠡ᠃            - ᠬᠠᠲᠤᠨ ᠭᠤᠣᠯ ᠤᠨ ᠰᠠᠪᠠ ᠭᠠᠵᠠᠷ ᠤᠨ ᠪᠣᠳᠠᠰ ᠤᠨ ᠪᠤᠰᠤ ᠰᠣᠶᠣᠯ ᠤᠨ ᠥᠪ ᠤᠨ ᠨᠡᠶᠢᠳᠡᠮ ᠪᠠᠶᠢᠴᠠᠭᠠᠯᠲᠠ ᠶᠢ ᠬᠤᠶᠠᠷ ᠤᠳᠠᠭ᠎ᠠ ᠥᠷᠨᠢᠭᠦᠯᠵᠦ᠂ ᠦᠬᠠᠢ ᠬᠤᠲᠠ ᠶᠢᠨ ᠪᠣᠳᠠᠰ ᠤᠨ ᠪᠤᠰᠤ ᠰᠣᠶᠣᠯ ᠤᠨ ᠥᠪ ᠤᠨ ᠲᠥᠷᠥᠯ ᠵᠦᠢᠯ᠂ ᠲᠤᠭ᠎ᠠ ᠬᠡᠮᠵᠢᠶ᠎ᠡ᠂ ᠲᠠᠷᠬᠠᠯᠲᠠ ᠶᠢᠨ ᠪᠠᠶᠢᠳᠠᠯ᠂ ᠤᠯᠠᠮᠵᠢᠯᠠᠯ ᠤᠨ ᠰᠤᠳᠠᠰᠤ᠂ ᠨᠡᠶᠢᠭᠡᠮ ᠤᠨ ᠴᠢᠳᠠᠮᠵᠢ ᠪᠣᠯᠣᠨ ᠣᠷᠣᠰᠢᠨ ᠦᠷᠭᠦᠯᠵᠢᠯᠡᠵᠦ ᠪᠠᠶᠢᠭ᠎ᠠ ᠪᠠᠶᠢᠳᠠᠯ ᠳᠤ ᠰᠢᠨᠵᠢᠯᠡᠬᠦ ᠤᠬᠠᠭᠠᠨᠴᠢ᠂ ᠣᠨᠣᠪᠴᠢᠲᠠᠶ᠂ ᠪᠦᠭᠦ ᠲᠠᠯ᠎ᠠ ᠶᠢᠨ ᠨᠡᠶᠢᠳᠡᠮ ᠪᠠᠶᠢᠴᠠᠭᠠᠯᠲᠠ ᠬᠢᠵᠦ᠂ ᠬᠤᠰᠢᠭᠤ ᠰᠢᠶᠠᠨ ᠤ ᠱᠠᠲᠤᠨ ᠤ ᠪᠣᠳᠠᠰ ᠤᠨ ᠪᠤᠰᠤ ᠰᠣᠶᠣᠯ ᠤᠨ ᠥᠪ ᠤᠨ ᠲᠥᠷᠥᠯ ᠵᠦᠢᠯ 12᠂ ᠬᠤᠲᠠ ᠶᠢᠨ ᠱᠠᠲᠤᠨ ᠤ ᠪᠣᠳᠠᠰ ᠤᠨ ᠪᠤᠰᠤ ᠰᠣᠶᠣᠯ ᠤᠨ ᠥᠪ ᠤᠨ ᠲᠥᠷᠥᠯ ᠵᠦᠢᠯ 16᠎ ᠶᠢ ᠰᠢᠨ᠎ᠡ ᠪᠠᠷ ᠨᠡᠮᠡᠭᠳᠡᠭᠦᠯᠪᠡ᠃            - ︽ᠦᠬᠠᠢ ᠬᠤᠲᠠ ᠶᠢᠨ ᠬᠠᠳᠤᠨ ᠭᠤᠣᠯ ᠤᠨ ᠰᠣᠶᠣᠯ ᠢ ᠬᠠᠮᠠᠭᠠᠯᠠᠬᠤ ᠪᠠ ᠤᠯᠠᠮᠵᠢᠯᠠᠨ ᠵᠠᠯᠭᠠᠮᠵᠢᠯᠠᠬᠤ ᠰᠤᠳᠤᠯᠤᠨ ᠶᠠᠷᠢᠯᠴᠠᠬᠤ ᠬᠤᠷᠠᠯ︾᠎ ᠢ ᠬᠤᠷᠠᠯᠳᠤᠭᠤᠯᠵᠤ᠂ ᠤᠯᠤᠰ ᠤᠨ ᠳᠣᠲᠣᠭᠠᠳᠤ ᠶᠢᠨ ᠡᠷᠳᠡᠮ ᠰᠢᠨᠵᠢᠯᠡᠭᠡᠨ ᠤ ᠲᠤᠰᠬᠠᠢ ᠮᠡᠷᠭᠡᠵᠢᠯᠲᠡᠨ ᠢ ᠤᠷᠢᠵᠤ ᠬᠠᠮᠲᠤ ᠶᠢᠨ ᠪᠠᠶᠢᠴᠠᠭᠠᠨ ᠰᠤᠳᠤᠯᠤᠯᠲᠠ ᠭᠢᠯᠭᠡᠵᠦ᠂ ᠦᠬᠠᠢ ᠬᠤᠲᠠ ᠶᠢᠨ ᠰᠣᠶᠣᠯ ᠤᠨ ᠥᠪ ᠤᠨ ᠲᠡᠦᠬᠡ ᠶᠢᠨ ᠪᠠᠶᠢᠷᠢ ᠲᠣᠭᠲᠠᠭᠠᠯᠲᠠ᠂ ᠲᠡᠦᠬᠡ ᠶᠢᠨ ᠳᠤᠷᠠᠰᠬᠠᠯᠲᠤ ᠵᠦᠢᠯᠡᠰ ᠤᠨ ᠬᠠᠮᠠᠭᠠᠯᠠᠯᠲᠠ᠂ ᠰᠣᠶᠣᠯ ᠪᠠ ᠵᠢᠭᠤᠯᠴᠢᠯᠠᠯ ᠤᠨ ᠠᠭᠤᠰᠤᠯᠴᠠᠯ ᠵᠡᠷᠭᠡ ᠲᠠᠯ᠎ᠠ ᠪᠠᠷ ᠭᠦᠨᠵᠡᠭᠡᠢ ᠰᠤᠳᠤᠯᠤᠯᠲᠠ ᠬᠢᠵᠦ᠂ ︽ᠦᠬᠠᠢ ᠬᠤᠲᠠ ᠶᠢᠨ ᠲᠡᠦᠬᠡ ᠰᠣᠶᠣᠯ ᠤᠨ ᠰᠤᠳᠤᠯᠭᠠᠨ ᠤ ᠪᠦᠲᠦᠭᠡᠯ ᠤᠨ ᠲᠡᠭᠦᠪᠦᠷᠢ︾᠎ ᠶᠢ ᠨᠠᠶᠢᠷᠠᠭᠤᠯᠤᠨ ᠬᠡᠪᠯᠡᠭᠦᠯᠵᠦ᠂ ᠦᠬᠠᠢ ᠬᠤᠲᠠ ᠶᠢᠨ ᠬᠠᠳᠤᠨ ᠭᠤᠣᠯ ᠤᠨ ᠲᠡᠦᠬᠡ ᠰᠣᠶᠣᠯ ᠤᠨ ᠥᠷᠭᠡᠨ ᠳᠡᠯᠭᠡᠷ ᠭᠦᠨ ᠭᠦᠨᠵᠡᠭᠡᠢ ᠠᠭᠤᠯᠭ᠎ᠠ ᠶᠢ ᠳᠡᠯᠭᠡᠨ ᠦᠵᠡᠭᠦᠯᠪᠡ᠃            ᠦᠬᠠᠢ ᠬᠤᠲᠠ ᠶᠢᠨ ᠮᠦᠽᠧᠢ ᠪᠣᠯᠣᠨ ᠦᠬᠠᠢ ᠬᠤᠲᠠ ᠶᠢᠨ ᠬᠠᠮ ᠵᠠᠭᠤᠴᠢᠯᠠᠭᠤᠷ ᠤᠨ ᠲᠥᠪ ᠬᠠᠮᠲᠤᠷᠠᠨ ︽ᠮᠦᠽᠧᠢ ᠳᠠᠬᠢ ᠡᠷᠳᠡᠨᠢ︾ ᠰᠢᠷᠢᠰ ᠲᠤᠰᠬᠠᠢ ᠪᠤᠯᠤᠩ ᠢ ᠨᠡᠭᠡᠭᠡᠵᠦ᠂ ︽ᠰᠠᠶᠢᠨ ᠦᠦ᠂ ᠲᠡᠦᠬᠡ ᠶᠢᠨ ᠳᠤᠷᠠᠰᠬᠠᠯᠲᠤ ᠵᠦᠢᠯᠡᠰ︾ ᠭᠡᠬᠦ ᠲᠡᠦᠬᠡ ᠶᠢᠨ ᠳᠤᠷᠠᠰᠬᠠᠯᠲᠤ ᠵᠦᠢᠯᠡᠰ ᠤᠨ ᠣᠬᠤᠷ ᠹᠢᠯᠢᠮ ᠢ ᠬᠠᠮᠲᠤᠷᠠᠨ ᠦᠢᠯᠡᠳᠪᠡ᠃            ᠁            ᠡᠳᠦᠭᠡ᠂ ᠦᠬᠠᠢ ᠬᠤᠲᠠ ᠨᠢ ᠬᠠᠳᠤᠨ ᠭᠤᠣᠯ ᠤᠨ ᠬᠡᠷᠡᠯᠳᠦ ᠰᠤᠪᠤᠳ᠂ ᠠᠵᠤ ᠦᠢᠯᠡᠰ ᠤᠨ ᠬᠤᠲᠠ᠂ ᠨᠡᠭᠡᠭᠡᠯᠲᠡᠲᠤ ᠬᠤᠲᠠ᠂ ᠭᠠᠶᠢᠬᠠᠮᠰᠢᠭᠲᠤ ᠬᠤᠲᠠ᠂ ᠰᠣᠶᠣᠯ ᠤᠨ ᠬᠤᠲᠠ᠂ ᠵᠣᠯ ᠵᠢᠷᠭᠠᠯᠲᠤ ᠬᠤᠲᠠ ᠪᠠᠷ ᠨᠡᠷᠡᠯᠡᠭᠳᠡᠪᠡ᠃            ᠦ᠋ ᠹᠧᠩ ᠷᠦᠩ᠄ ︽ᠦᠬᠠᠢ ᠡᠶᠢᠮᠦ ᠶᠡᠭᠡ ᠠᠮᠵᠢᠯᠲᠠ ᠣᠯᠣᠭᠰᠠᠨ ᠨᠢ ᠬᠠᠳᠤᠨ ᠭᠤᠣᠯ ᠤᠨ ᠪᠠᠭᠲᠠᠭᠠᠮᠵᠢᠲᠠᠢ ᠂ ᠤᠷᠳᠤ ᠴᠠᠭᠠᠨ ᠬᠡᠷᠡᠮ ᠤᠨ ᠶᠠᠰᠤ ᠰᠢᠷᠪᠦᠰᠦᠨ ᠳᠤ ᠠᠭᠤᠯᠤᠭᠳᠠᠵᠤ ᠪᠠᠶᠢᠭ᠎ᠠ ᠵᠣᠷᠢᠭ ᠰᠠᠨᠠᠭ᠎ᠠ ᠲᠠᠢ ᠰᠠᠯᠤᠰᠢ ᠦᠭᠡᠢ ᠬᠤᠯᠪᠤᠭ᠎ᠠ ᠲᠠᠢ ᠶᠤᠮ᠃ ᠣᠯᠠᠨ ᠡᠰᠢᠲᠦ ᠰᠣᠶᠣᠯ ᠦᠬᠠᠢ ᠳᠤ ᠠᠭᠤᠯᠵᠠᠨ ᠠᠭᠤᠰᠤᠯᠴᠠᠵᠤ᠂ ᠦᠬᠠᠢ ᠶᠢᠨ ᠠᠷᠠᠳ ᠲᠦᠮᠡᠨ ᠤ ᠰᠡᠳᠬᠢᠯ ᠲᠡᠨᠢᠭᠦᠨ ᠰᠠᠨᠠᠭ᠎ᠠ ᠲᠠᠯᠪᠢᠭᠤ᠂ ᠨᠤᠭᠤᠷᠠᠰᠢ ᠦᠭᠡᠢ ᠲᠡᠮᠡᠴᠡᠬᠦ ᠵᠣᠷᠢᠭ ᠰᠠᠨᠠᠭ᠎ᠠ ᠶᠢ ᠪᠤᠶ ᠪᠤᠯᠭᠠᠵᠤ᠂ ᠠᠭᠤᠳᠠᠮ ᠪᠠᠭᠲᠠᠭᠠᠮᠵᠢᠲᠠᠢ ᠬᠦᠴᠦᠷᠬᠡᠭᠵᠢᠬᠦ ᠪᠠᠷ ᠬᠦᠴᠦᠯᠡᠨ ᠴᠢᠷᠮᠠᠶᠢᠬᠤ ᠤᠳᠤᠮᠯᠠᠯ ᠤᠨ ᠨᠢᠭᠤᠴᠠ ᠲᠡᠮᠳᠡᠭ ᠢ ᠪᠢᠴᠢᠭᠯᠡᠪᠡ︾ ᠭᠡᠵᠦ ᠬᠡᠯᠡᠪᠡ᠃      
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号