﹇ᠴᠥᠯᠵᠢᠯᠲᠡ ᠶᠢᠨ ᠵᠠᠰᠠᠯᠲᠠ﹈ ᠥᠷᠭᠡᠨᠳᠠᠯᠠᠢ᠄ ᠡᠯᠡᠰᠦ ᠲᠠᠢ ᠲᠡᠮᠡᠴᠡᠵᠦ ᠡᠬᠡ ᠨᠤᠲᠤᠭ ᠢᠶᠠᠨ ᠨᠣᠭᠤᠭᠠᠷᠠᠭᠤᠯᠤᠨ᠎ᠠ
ᠨᠡᠶᠢᠲᠡᠯᠡᠭᠰᠡᠨ ᠴᠠᠭ᠄
2024/5/15
      ᠸᠠᠩ ᠢᠦᠢ ᠵᠦᠸᠧ ᠴᠢᠮᠡᠭᠡᠯᠡᠭᠴᠢ ᠶᠠᠨ ᠷᠦᠢ              ᠵᠤᠨ ᠤ ᠳᠤᠮᠳᠠᠴᠢ ᠪᠠᠷ᠂ ᠣᠷᠳᠣᠰ ᠤᠨ ᠬᠢᠯᠢ ᠳᠠᠬᠢ S215 ᠱᠤᠭᠤᠮ ᠳᠠᠭᠠᠤ ᠬᠠᠩᠭᠢᠨ ᠬᠤᠰᠢᠭᠤᠨ ᠠᠴᠠ ᠬᠥᠪᠴᠢ ᠶᠢᠨ ᠡᠯᠡᠰᠦᠨ ᠤ ᠭᠦᠨ ᠳᠤ ᠪᠠᠶᠢᠷᠢᠯᠠᠭ᠎ᠠ ᠳᠤᠭᠤᠶᠢᠳᠠᠯ᠎ᠠ ᠪᠠᠯᠭᠠᠰᠤᠨ ᠤ ᠲᠥᠭᠦᠷᠢᠭ ᠭᠠᠴᠠᠭ᠎ᠠ ᠶᠢ ᠴᠢᠭᠯᠡᠨ ᠮᠣᠷᠳᠠᠬᠤ ᠳᠤ᠂ ᠨᠣᠮᠢᠨ ᠨᠣᠭᠤᠭᠠᠨ ᠥᠩᠭᠡ ᠬᠠᠷᠠᠭ᠎ᠠ ᠶᠢ ᠪᠤᠯᠢᠶᠠᠵᠤ᠂ ᠥᠩᠭᠡ ᠶᠢᠨ ᠴᠡᠴᠡᠭ ᠮᠢᠷᠠᠯᠵᠠᠨ ᠳᠡᠯᠭᠡᠷᠡᠵᠦ᠂ ᠠᠩᠬᠢᠯᠤᠮ᠎ᠠ ᠦᠨᠦᠷ ᠴᠡᠭᠡᠵᠢ ᠣᠩᠭᠤᠶᠢᠯᠭᠠᠨ᠎ᠠ᠃            ᠰᠤᠷᠪᠤᠯᠵᠢᠯᠠᠬᠴᠢ ᠥᠷᠭᠡᠨᠳᠠᠯᠠᠢ ᠲᠠᠢ ᠠᠭᠤᠯᠵᠠᠬᠤ ᠪᠠᠷ ᠬᠦᠷᠬᠦ ᠳᠤ᠂ ᠲᠡᠷᠡ ᠶᠠᠭ ᠡᠯᠡᠰᠦᠨ ᠴᠦᠯ ᠳᠤ ᠪᠤᠷᠭᠠᠰᠤ ᠰᠠᠭᠤᠯᠭᠠᠨ ᠶᠠᠭᠠᠷᠠᠵᠤ ᠪᠠᠶᠢᠪᠠ᠃ ᠳᠡᠷᠡ ᠪᠠᠷ ᠬᠤᠶᠠᠷ ᠭᠠᠷ ᠢᠶᠠᠨ ᠪᠤᠰᠢᠭᠤᠬᠠᠨ ᠭᠡᠭᠴᠢ ᠭᠡᠳᠤ ᠬᠥᠳᠡᠯᠭᠡᠮᠡᠭᠴᠡ ᠲᠡᠮᠦᠷ ᠤᠲᠠᠰᠤ ᠪᠠᠷ ᠡᠯᠡᠰᠦᠨ ᠪᠤᠷᠭᠠᠰᠤ ᠶᠢ ᠪᠣᠭᠤᠵᠢᠯᠠᠨ ᠪᠠᠬᠢᠯᠡᠵᠦ ᠤᠷᠭᠢᠪᠠ᠃ ᠡᠨᠡ ᠵᠢᠯ 56 ᠨᠠᠰᠤᠲᠠᠢ ᠥᠷᠭᠡᠨᠳᠠᠯᠠᠢ ᠶᠢᠨ ᠬᠥᠷᠥᠰᠦᠯᠢᠭ ᠪᠣᠷᠣ ᠴᠢᠷᠠᠢ᠂ ᠡᠪᠡᠷᠰᠢᠵᠦ ᠬᠠᠲᠠᠭᠤᠷᠠᠭᠰᠠᠨ ᠬᠤᠶᠠᠷ ᠭᠠᠷ ᠨᠢ ᠲᠡᠭᠦᠨ ᠤ ᠤᠯᠠᠨ ᠵᠢᠯ ᠤᠨ ᠲᠤᠷᠰᠢ ᠡᠯᠡᠰᠦ ᠰᠢᠭᠤᠷᠭ᠎ᠠ ᠲᠠᠢ ᠲᠡᠮᠡᠴᠡᠭᠰᠡᠨ ᠤ ᠬᠢᠨᠢ ᠪᠠᠲᠤ ᠭᠡᠷᠡᠴᠢ ᠠᠵᠢ᠃            ︽ᠡᠯᠡᠰᠦ ᠶᠢ ᠲᠣᠭᠲᠠᠪᠤᠷᠢᠵᠢᠭᠤᠯᠬᠤ ᠪᠣᠯ ᠡᠯᠡᠰᠦ ᠶᠢ ᠵᠠᠰᠠᠵᠤ ᠣᠶᠢᠵᠢᠭᠤᠯᠬᠤ ᠶᠢᠨ ᠡᠮᠦᠨᠡᠬᠢ ᠬᠤᠭᠤᠴᠠᠭᠠᠨ ᠤ ᠠᠵᠢᠯ ᠪᠣᠯᠣᠨ᠎ᠠ᠂ ᠡᠬᠢᠨ ᠳᠡᠭᠡᠨ ᠲᠤᠷᠰᠢᠯᠭ᠎ᠠ ᠦᠭᠡᠢ ᠪᠣᠯᠬᠤᠷ ᠡᠯᠡᠰᠦ ᠶᠢ ᠲᠣᠭᠲᠠᠪᠤᠷᠢᠵᠢᠭᠤᠯᠵᠤ ᠳᠡᠶᠢᠯᠭᠦ ᠦᠭᠡᠢ ᠪᠠᠶᠢᠵᠠᠢ᠂ 20 ᠮᠣᠳᠣ ᠲᠠᠷᠢᠪᠠᠯ ᠳᠥᠷᠪᠡ ᠲᠠᠪᠤᠨ ᠮᠣᠳᠣ ᠯᠠ ᠡᠳᠡᠭᠡᠷᠡᠳᠡᠭ ᠪᠠᠶᠢᠪᠠ᠃ ᠰᠡᠭᠦᠯᠡᠷ ᠎ ᠨᠢ ᠪᠢ ᠬᠠᠳᠠᠵᠤ ᠬᠤᠪᠠᠭ᠋ᠠᠶᠢᠷᠠᠭᠰᠠᠨ ᠡᠯᠡᠰᠦᠨ ᠪᠤᠷᠭᠠᠰᠤ ᠶᠢ ᠪᠣᠭᠤᠵᠢᠯᠠᠵᠤ ᠲᠡᠮᠦᠷ ᠤᠲᠠᠰᠤ ᠪᠠᠷ ᠪᠠᠭᠴᠠᠯᠠᠨ ᠤᠶᠠᠵᠤ ᠂ ᠳᠥᠴᠢ ᠲᠠᠪᠢᠨ ᠰᠠᠨᠲ᠋ᠢᠮᠧᠲᠷ ᠠᠯᠤᠰᠯᠠᠬᠤ ᠪᠦᠷᠢ ᠨᠢᠭᠡ ᠪᠣᠭᠤᠵᠢ ᠡᠯᠡᠰᠦᠨ ᠪᠤᠷᠭᠠᠰᠤ ᠰᠠᠭᠤᠯᠭᠠᠪᠠ᠂ ᠢᠩᠭᠢᠬᠦ ᠳᠤ ᠡᠯᠡᠰᠦ ᠰᠢᠷᠣᠢ ᠶᠢᠨ ᠢᠳᠡᠭᠳᠡᠯ ᠢ ᠪᠦᠲᠦᠮᠵᠢᠲᠡᠶ ᠰᠡᠷᠭᠡᠶᠢᠯᠡᠬᠦ ᠪᠠᠷ ᠪᠠᠷᠠᠬᠤ ᠦᠭᠡᠢ ᠪᠠᠰᠠ ᠰᠢᠨ᠎ᠡ ᠪᠠᠷ ᠳᠠᠷᠢᠭᠰᠠᠨ ᠵᠤᠯᠵᠠᠭᠠᠨ ᠮᠣᠳᠣ ᠶᠢ ᠨᠠᠩ ᠭᠦᠨ ᠦᠨᠳᠦᠰᠦᠯᠡᠭᠦᠯᠵᠦ ᠴᠢᠳᠠᠨ᠎ᠠ︾ ᠭᠡᠵᠦ ᠥᠷᠭᠡᠨᠳᠠᠯᠠᠢ ᠲᠠᠶᠢᠯᠪᠤᠷᠢᠯᠠᠬᠤ ᠵᠠᠭᠤᠷ᠎ᠠ ᠎ ᠪᠠᠨ ᠲᠠᠪᠤ ᠵᠢᠷᠭᠤᠭᠠᠨ ᠪᠣᠭᠤᠵᠢ ᠪᠤᠷᠭᠠᠰᠤ ᠶᠢ ᠪᠣᠭᠤᠵᠢᠯᠠᠵᠤ ᠠᠮᠵᠢᠪᠠ᠃            ᠲᠥᠭᠦᠷᠢᠭ ᠭᠠᠴᠠᠭᠠᠨ ᠤ ᠤᠤᠭᠠᠯ ᠪᠣᠯᠤᠭᠰᠠᠨ ᠤ ᠬᠤᠪᠢ ᠳᠤ᠂ ᠲᠡᠷᠡ ᠡᠯᠡᠰᠦᠨ ᠰᠢᠭᠤᠷᠭ᠎ᠠ ᠶᠢᠨ ᠬᠠᠯᠠ ᠶᠢ ᠬᠠᠰᠢᠷᠠᠲᠠᠯ᠎ᠠ ᠠᠮᠰᠠᠭᠰᠠᠨ ᠪᠢᠯᠡ᠂ ᠡᠯᠡᠰᠦᠨ ᠭᠠᠮᠰᠢᠭ ᠠᠴᠠ ᠪᠣᠯᠵᠤ᠂ ᠲᠡᠷᠡ ᠨᠢᠭᠡᠨ ᠦᠶ᠎ᠡ ᠣᠷᠣᠰᠢᠨ ᠲᠣᠭᠲᠠᠨᠢᠬᠤ ᠬᠦᠴᠢᠷᠳᠡᠯ ᠳᠤ ᠲᠤᠯᠭᠠᠷᠠᠵᠤ ᠪᠠᠶᠢᠵᠠᠢ᠃ ᠡᠯᠡᠰᠦᠷᠬᠡᠭᠵᠢᠯ ᠶᠠᠪᠤᠬᠤ ᠲᠤᠲᠤᠮ ᠬᠡᠴᠡᠭᠦᠳᠡᠵᠦ ᠪᠠᠶᠢᠭ᠎ᠠ ᠨᠤᠲᠤᠭ ᠢᠶᠠᠨ ᠬᠠᠷᠠᠬᠤ ᠪᠠᠷ ᠥᠷᠭᠡᠨᠳᠠᠯᠠᠢ ᠳᠤ ᠡᠯᠡᠰᠦᠷᠬᠡᠭᠵᠢᠬᠦ ᠶᠢ ᠬᠠᠶᠠᠨ ᠳᠤᠨᠢ ᠬᠠᠶᠠᠪᠠᠯ᠂ ᠲᠣᠰᠬᠤᠨ ᠤ ᠠᠷᠠᠳ ᠤᠯᠠᠨ ᠠᠷᠭ᠎ᠠ ᠪᠤᠰᠤ ᠨᠤᠲᠤᠭ ᠤᠰᠤ ᠠᠴᠠ ᠪᠠᠨ ᠰᠠᠯᠵᠤ ᠮᠡᠳᠡᠨ᠎ᠡ ᠭᠡᠬᠦ ᠲᠤᠯᠭᠠᠮ ᠲᠥᠷᠥᠭᠳᠡᠯ ᠣᠷᠣᠪᠠ᠃ ᠲᠡᠭᠡᠭᠡᠳ ᠲᠡᠷᠡ᠄︽ᠥᠪᠡᠷ ᠤᠨ ᠴᠥᠭᠡᠨ ᠬᠡᠳᠦᠨ ᠮᠠᠯ ᠤᠨᠤᠭ᠎ᠠ ᠪᠠᠨ ᠪᠦᠷ ᠬᠤᠳᠠᠯᠳᠤᠭᠠᠳ ᠵᠤᠯᠵᠠᠭᠠᠨ ᠮᠣᠳᠣ ᠬᠤᠳᠠᠯᠳᠤᠨ ᠠᠪᠴᠤ ᠡᠯᠡᠰᠦ ᠶᠢ ᠵᠠᠰᠠᠨ᠎ᠠ︕︾ ᠭᠡᠵᠦ ᠵᠣᠷᠢᠭ ᠰᠢᠭᠤᠳᠪᠠ᠃            ᠭᠡᠬᠦ ᠳᠡᠭᠡᠨ ᠡᠯᠡᠰᠦ ᠶᠢ ᠵᠠᠰᠠᠵᠤ ᠮᠣᠳᠣ ᠲᠠᠷᠢᠬᠤ ᠪᠠᠷ ᠳᠠᠮᠵᠢᠨ᠂ ᠥᠷᠭᠡᠨᠳᠠᠯᠠᠢ ᠶᠢᠨ ᠠᠮᠢᠳᠤᠷᠠᠯ ᠤᠯᠠᠮ ᠠᠴᠠ ᠤᠯᠠᠮ ᠰᠠᠶᠢᠵᠢᠷᠠᠵᠤ᠂ ᠲᠡᠷᠡ ᠥᠪᠡᠷ ᠢᠶᠠᠨ ᠨᠣᠭᠤᠭᠠᠷᠠᠭᠤᠯᠤᠯᠲᠠ ᠠᠴᠠ ᠣᠯᠣᠭᠰᠠᠨ ᠦᠷ᠎ᠡ ᠠᠰᠢᠭ ᠢ ᠡᠳ᠋ᠯᠡᠬᠦ ᠶᠢᠨ ᠬᠠᠮᠲᠤ ᠪᠠᠰᠠ ᠡᠷᠭᠢᠨ ᠲᠣᠭᠤᠷᠢᠨ ᠤ ᠮᠠᠯᠴᠢᠳ ᠢᠶᠠᠨ ᠳᠠᠭᠠᠭᠤᠯᠤᠨ ᠬᠠᠮᠲᠤ ᠪᠠᠷ ᠪᠠᠶᠠᠵᠢᠪᠠ᠃ ︽ᠭᠠᠭᠴᠠ ᠮᠢᠨᠤ ᠠᠮᠢᠳᠤᠷᠠᠯ ᠰᠠᠶᠢᠵᠢᠷᠠᠬᠤ ᠶᠢ ᠪᠢ ᠪᠠᠶᠠᠷ ᠲᠠᠢ ᠶᠠᠪᠤᠳᠠᠯ ᠭᠡᠵᠦ ᠪᠤᠳᠣᠬᠤ ᠦᠭᠡᠢ᠂ ᠣᠯᠠᠨ ᠤ ᠠᠮᠢᠳᠤᠷᠠᠯ ᠴᠥᠮ ᠰᠠᠶᠢᠵᠢᠷᠠᠪᠠᠯ ᠪᠢ ᠰᠠᠶ᠋ᠢ ᠪᠠᠶᠠᠷ ᠲᠠᠢ ᠪᠣᠯᠣᠨ᠎ᠠ︾᠂ ᠡᠨᠡ ᠪᠣᠯ ᠲᠡᠭᠦᠨ ᠤ ᠦᠷᠭᠦᠯᠵᠢ ᠶᠠᠷᠢᠳᠠᠭ ᠦᠭᠡ ᠪᠢᠯᠡ᠃ ᠲᠡᠷᠡ ᠥᠪᠡᠷ ᠤᠨ ᠰᠤᠷᠴᠤ ᠡᠵᠡᠮᠰᠢᠭᠰᠡᠨ ᠳᠠᠷᠢᠵᠤ ᠤᠷᠭᠤᠭᠤᠯᠬᠤ ᠮᠡᠷᠭᠡᠵᠢᠯ ᠢᠶᠠᠨ ᠣᠶᠢᠷ᠎ᠠ ᠬᠠᠪᠢ ᠶᠢᠨ ᠮᠠᠯᠴᠢᠳ ᠲᠤ ᠤᠯᠠᠮᠵᠢᠯᠠᠵᠤ ᠥᠭᠬᠦ ᠶᠢᠨ ᠬᠠᠮᠲᠤ ᠲᠡᠳᠡᠨ ᠢ ᠳᠠᠭᠠᠭᠤᠯᠤᠨ ᠡᠯᠡᠰᠦ ᠶᠢ ᠵᠠᠰᠠᠵᠤ ᠮᠣᠳᠣ ᠳᠠᠷᠢᠵᠤ᠂ ᠲᠠᠰᠤᠷᠠᠯᠲᠠ ᠦᠭᠡᠢ ᠲᠤᠷᠰᠢᠯᠭ᠎ᠠ ᠬᠤᠷᠠᠮᠳᠤᠭᠤᠯᠬᠤ ᠪᠠ ᠲᠤᠷᠰᠢᠯᠲᠠ ᠬᠢᠬᠦ ᠪᠠᠷ ᠳᠠᠮᠵᠢᠨ ᠲᠡᠳᠡᠨ ᠤ ᠮᠣᠳᠣ ᠳᠠᠷᠢᠵᠤ ᠡᠳᠡᠭᠡᠷᠡᠭᠦᠯᠬᠦ ᠨᠣᠷᠮ᠎ᠠ ᠨᠢ ᠤᠤᠯ ᠤᠨ 30% ᠪᠠᠶᠢᠭᠰᠠᠨ ᠠᠴᠠ ᠪᠠᠨ 90%᠎ ᠠᠴᠠ ᠳᠡᠭᠡᠭᠰᠢ ᠪᠣᠯᠵᠠᠢ᠃ ᠤᠳᠤ᠂ ᠥᠷᠭᠡᠨᠳᠠᠯᠠᠢ ᠶᠢᠨ ᠳᠠᠭᠠᠭᠤᠯᠭ᠎ᠠ ᠪᠠᠷ᠂ ᠭᠠᠴᠠᠭᠠᠨ ᠤ 10 ᠲᠦᠮᠡ ᠭᠠᠷᠤᠢ ᠮᠦ ᠡᠯᠡᠰᠦᠨ ᠴᠦᠯ ᠤᠨ ᠤᠷᠭᠤᠮᠠᠯ ᠤᠨ ᠪᠦᠷᠬᠦᠴᠡ ᠶᠢ ᠰᠡᠷᠭᠦᠭᠡᠵᠦ᠂ ︽ᠬᠥᠮᠥᠨ ᠤᠷᠤᠭᠰᠢᠯᠠᠵᠤ ᠡᠯᠡᠰᠦ ᠤᠬᠤᠷᠢᠭᠰᠠᠨ︾ ᠭᠠᠶᠢᠬᠠᠮᠰᠢᠭ ᠢ ᠡᠭᠦᠳᠴᠡᠢ᠃            ᠡᠨᠡ ᠵᠢᠯ᠂ ᠲᠡᠷᠡ ᠠᠵᠢᠯᠴᠢᠨ ᠨᠥᠬᠦᠳ ᠲᠠᠢ ᠪᠠᠨ ᠪᠠᠰᠠ ᠲᠤᠬᠠᠢ ᠶᠢᠨ ᠭᠠᠵᠠᠷ ᠤᠨ ᠮᠠᠯᠴᠢᠨ ᠤ 1 ᠲᠦᠮᠡᠨ ᠮᠦ ᠪᠡᠯᠴᠢᠭᠡᠷ ᠢ ᠳᠠᠭᠠᠭᠠᠴᠢᠯᠠᠨ ᠠᠪᠴᠤ ᠮᠣᠳᠣ ᠳᠠᠷᠢᠵᠠᠢ᠃ ᠡᠯᠡᠰᠦᠨ ᠴᠥᠯ ᠤᠨ ᠥᠷᠥᠴᠡᠨ ᠳᠤ ᠪᠠᠶᠢᠬᠤ ᠪᠣᠯᠬᠤᠷ᠂ ᠠᠳᠡᠬᠢ ᠡᠯᠡᠰᠦᠷᠬᠡᠭᠵᠢᠯ ᠮᠠᠰᠢ ᠬᠦᠨᠳᠦ ᠨᠣᠴᠢᠲᠠᠢ ᠪᠠᠶᠢᠵᠤ᠂ ᠵᠠᠮ ᠤᠨ ᠥᠨᠳᠥᠷ ᠪᠣᠭᠤᠨᠢ ᠨᠢ ᠲᠡᠭᠰᠢ ᠦᠭᠡᠢ ᠪᠣᠯᠬᠤᠷ᠂ ᠤᠷᠭᠤᠮᠠᠯ ᠤᠨ ᠪᠦᠷᠬᠦᠴᠡ ᠶᠢ ᠰᠡᠷᠭᠦᠭᠡᠬᠦ ᠨᠢ ᠲᠤᠶᠢᠯ ᠤᠨ ᠬᠠᠲᠠᠭᠤᠵᠢᠯᠲᠠᠢ ᠶᠤᠮ᠂ ᠭᠡᠲᠡᠯ᠎ᠡ ᠥᠷᠭᠡᠨᠳᠠᠯᠠᠢ ᠵᠣᠷᠢᠭ ᠮᠣᠬᠤᠵᠤ ᠤᠬᠤᠷᠢᠭᠰᠠᠨ ᠦᠭᠡᠢ᠃            ᠨᠢᠭᠡ ᠮᠥᠷ ᠠᠴᠠ ᠬᠤᠶᠠᠷ ᠭᠤᠷᠪᠠᠨ ᠮᠥᠷ ᠪᠣᠯᠣᠨ᠎ᠠ ᠁ ᠳᠠᠷᠢᠭᠰᠠᠨ ᠡᠯᠡᠰᠦᠨ ᠪᠤᠷᠭᠠᠰᠤ ᠨᠢ ᠶᠠᠪᠤᠬᠤ ᠲᠤᠳᠤᠮ ᠣᠯᠠᠰᠢᠷᠠᠵᠤ᠂ ᠡᠯᠡᠰᠦᠨ ᠪᠤᠷᠭᠠᠰᠤ ᠶᠢ ᠪᠣᠭᠤᠵᠢᠯᠠᠬᠤ᠂ ᠬᠠᠯᠬᠠᠪᠴᠢ ᠪᠠᠶᠢᠭᠤᠯᠬᠤ᠂ ᠴᠢᠬᠢ ᠮᠣᠳᠣ ᠲᠠᠷᠢᠬᠤ ᠳᠤ ᠴᠥᠮ ᠬᠥᠮᠥᠨ ᠤ ᠬᠦᠴᠦᠨ ᠳᠤ ᠲᠦᠰᠢᠭᠯᠡᠨ᠎ᠡ᠂ ᠥᠷᠭᠡᠨᠳᠠᠯᠠᠢ ᠠᠵᠢᠯᠴᠢᠨ ᠨᠥᠬᠦᠳ ᠲᠠᠢ ᠪᠠᠨ ᠡᠯᠡᠰᠦᠨ ᠴᠦᠯ ᠳᠤ ᠨᠢᠭᠡ ᠣᠷᠣᠪᠠᠯ ᠲᠤᠯᠤᠭ᠎ᠠ ᠨᠠᠢᠮᠠᠨ ᠴᠠᠭ ᠢᠶᠠᠷ ᠠᠵᠢᠯᠯᠠᠨ᠎ᠠ᠃ ᠳᠠᠭᠠᠭᠤᠯᠤᠭᠰᠠᠨ ᠠᠵᠢᠯᠴᠢᠳ ᠨᠢ ᠠᠵᠢᠯ ᠬᠠᠲᠠᠭᠤᠵᠢᠯᠲᠠᠢ ᠭᠡᠵᠦ ᠣᠯᠠᠨ ᠤᠳᠠᠭ᠎ᠠ ᠰᠣᠯᠢᠭᠳᠠᠭᠰᠠᠨ ᠪᠤᠯᠪᠠᠴᠤ ᠥᠷᠭᠡᠨᠳᠠᠯᠠᠢ ᠬᠠᠷᠢᠨ ᠵᠣᠷᠢᠭ ᠮᠣᠬᠤᠵᠤ ᠦᠵᠡᠭᠡ ᠦᠭᠡᠢ᠃ ︽ᠪᠢ ᠡᠨᠡ ᠨᠠᠰᠤ ᠪᠠᠷ ᠢᠶᠠᠨ ᠡᠯᠡᠰᠦᠨ ᠳᠤᠮᠳᠠ ᠠᠮᠢᠳᠤᠷᠠᠭᠰᠠᠭᠠᠷ ᠢᠷᠡᠵᠡᠢ᠂ ᠬᠠᠵᠠᠭᠤ ᠬᠠᠪᠢ ᠶᠢᠨ ᠬᠥᠮᠥᠰ ᠤᠨ ᠬᠠᠷᠠᠭᠠᠨ ᠳᠤ ᠲᠤᠩ ᠵᠣᠪᠠᠭᠤᠷᠢ ᠲᠠᠢ ᠲᠤᠩ ᠶᠠᠳᠠᠷᠠᠯ ᠲᠠᠢ᠂ ᠭᠡᠲᠡᠯ᠎ᠡ ᠨᠠᠳᠠ ᠳᠤ ᠠᠪᠴᠤ ᠬᠡᠯᠡᠪᠡᠯ᠂ ᠡᠳᠡᠭᠡᠷ ᠡᠯᠡᠰᠦᠨ ᠪᠤᠷᠭᠠᠰᠤ ᠨᠠᠬᠢᠶᠠᠯᠠᠵᠤ ᠨᠣᠭᠤᠭᠠᠷᠠᠨ᠂ ᠬᠠᠮᠤᠭ ᠤᠨ ᠰᠡᠭᠦᠯ ᠳᠤ ᠰᠠᠯᠬᠢ ᠶᠢ ᠬᠠᠯᠬᠠᠯᠠᠨ ᠡᠯᠡᠰᠦ ᠶᠢ ᠲᠣᠭᠲᠠᠪᠤᠷᠢᠵᠢᠭᠤᠯᠬᠤ ᠪᠠᠲᠤ ᠪᠠᠬᠢ ᠬᠠᠯᠬᠠᠪᠴᠢ ᠪᠣᠯᠵᠤ ᠤᠷᠭᠤᠬᠤ ᠶᠢ ᠦᠵᠡᠪᠡᠯ᠂ ᠨᠠᠳᠠ ᠳᠤ ᠲᠤᠩ ᠦᠨ᠎ᠡ ᠥᠷᠲᠡᠭ ᠲᠠᠢ ᠰᠠᠨᠠᠭᠳᠠᠵᠤ᠂ ᠲᠤᠩ ᠪᠠᠶᠠᠷᠯᠠᠨ᠎ᠠ︾᠂ ᠶᠡᠷᠦᠳᠡᠭᠡᠨ ᠦᠭᠡ ᠳᠠᠭᠤ ᠴᠥᠭᠡᠨ ᠥᠷᠭᠡᠨᠳᠠᠯᠠᠢ ᠡᠯᠡᠰᠦ ᠶᠢ ᠵᠠᠰᠠᠵᠤ ᠮᠣᠳᠣ ᠲᠠᠷᠢᠬᠤ ᠶᠢ ᠶᠠᠷᠢᠬᠤ ᠲᠠᠢ ᠵᠡᠷᠭᠡ ᠥᠪᠡᠷ ᠤᠨ ᠡᠷᠬᠡ ᠦᠭᠡᠢ ᠶᠠᠷᠢᠶ᠎ᠠ ᠬᠥᠭᠡᠷᠦᠭᠡ ᠲᠠᠢ ᠪᠤᠯᠳᠠᠭ᠃            ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠪᠠᠶᠠᠨᠨᠠᠭᠤᠷ ᠲᠤ ᠰᠢᠨᠵᠢᠯᠡᠨ ᠪᠠᠶᠢᠴᠠᠭᠠᠬᠤ ᠦᠶ᠎ᠡ ᠶᠢᠨ ᠴᠢᠬᠤᠯᠠ ᠶᠠᠷᠢᠶᠠᠨ ᠤ ᠵᠣᠷᠢᠭ ᠰᠠᠨᠠᠭ᠎ᠠ ᠨᠢ ᠥᠷᠭᠡᠨᠳᠠᠯᠠᠢ ᠶᠢ ᠭᠦᠨ ᠨᠥᠯᠥᠭᠡᠯᠡᠨ ᠵᠣᠷᠢᠭᠵᠢᠭᠤᠯᠪᠠ᠃ ᠥᠷᠭᠡᠨᠳᠠᠯᠠᠢ᠄︽ᠶᠡᠷᠦᠩᠬᠡᠢ ᠱᠦᠵᠢ ᠶᠢᠨ ᠶᠠᠷᠢᠶ᠎ᠠ ᠶᠢ ᠰᠣᠨᠣᠰᠤᠭᠠᠳ ᠪᠢ ᠶᠡᠬᠡᠳᠡ ᠵᠣᠷᠢᠭᠵᠢᠪᠠ᠂ ᠪᠢ ᠬᠠᠷᠠᠬᠠᠨ ᠪᠠᠭ᠎ᠠ ᠠᠴᠠ ᠪᠠᠨ ᠡᠯᠡᠰᠦᠨ ᠴᠦᠯ ᠤᠨ ᠬᠠᠪᠢ ᠳᠤ ᠠᠮᠢᠳᠤᠷᠠᠵᠤ᠂ ᠡᠯᠡᠰᠦᠨ ᠴᠦᠯ ᠠᠴᠠ ᠪᠣᠯᠤᠭᠰᠠᠨ ᠬᠠᠯᠠ ᠵᠣᠪᠠᠯᠠᠩ ᠢ ᠬᠠᠰᠢᠷᠠᠲᠠᠯ᠎ᠠ ᠠᠮᠰᠠᠵᠤ᠂ ᠡᠴᠢᠨᠡᠨ ᠵᠢᠯ ᠰᠢᠨᠵᠢᠯᠡᠬᠦ ᠤᠬᠠᠭᠠᠨᠴᠢ ᠪᠠᠷ ᠡᠯᠡᠰᠦ ᠶᠢ ᠵᠠᠰᠠᠭᠠᠳ᠂ ᠨᠣᠭᠤᠭᠠᠷᠠᠭᠤᠯᠤᠯᠲᠠ ᠠᠴᠠ ᠠᠪᠴᠢᠷᠠᠭᠰᠠᠨ ᠬᠥᠭᠵᠢᠯᠲᠡ ᠪᠠ ᠬᠦᠰᠡᠯ ᠡᠷᠡᠮᠡᠯᠵᠡᠯ ᠢ ᠭᠦᠨᠵᠡᠭᠡᠢ ᠮᠡᠳᠡᠷᠡᠪᠡ᠃ ᠨᠠᠳᠠ ᠎ ᠳᠤ ᠬᠥᠳᠡᠯᠬᠦ ᠴᠢᠳᠠᠯ ᠪᠠᠶᠢᠳᠠᠭ ᠯᠠ ᠶᠤᠮ ᠪᠣᠯ ᠡᠯᠡᠰᠦ ᠶᠢ ᠵᠠᠰᠠᠵᠤ ᠮᠣᠳᠣ ᠲᠠᠷᠢᠬᠤ ᠠᠵᠢᠯ ᠢᠶᠠᠨ ᠢᠮᠠᠭᠲᠠ ᠪᠠᠷᠢᠮᠲᠠᠯᠠᠵᠤ᠂ᠡᠯᠡᠰᠦᠨ ᠴᠦᠯ ᠳᠤ ᠨᠡᠩ ᠤᠯᠠᠨ ᠨᠣᠭᠤᠭᠠᠨ ᠥᠩᠭᠡ ᠨᠡᠮᠡᠷᠢᠯᠡᠨ᠎ᠡ︾ ᠭᠡᠵᠦ ᠢᠲᠡᠭᠡᠯ ᠲᠡᠭᠦᠯᠳᠡᠷ ᠬᠡᠯᠡᠪᠡ᠃            ᠢᠷᠡᠭᠡᠳᠦᠢ ᠶᠢᠨ ᠠᠮᠢᠳᠤᠷᠠᠯ ᠤᠨ ᠢᠶᠠᠨ ᠲᠤᠬᠠᠢ ᠥᠷᠭᠡᠨᠳᠠᠯᠠᠢ ᠨᠠᠩ ᠴᠤ ᠬᠡᠬᠦᠳᠡᠭ ᠳᠦᠭᠦᠷᠡᠩ ᠬᠦᠰᠡᠯ ᠡᠪᠦᠷᠯᠡᠵᠦ ᠶᠠᠪᠤᠨ᠎ᠠ᠂ ᠲᠡᠷᠡ ᠨᠢᠭᠡᠨ ᠮᠠᠯᠴᠢᠨ ᠠᠶᠢᠯ ᠤᠨ ᠵᠢᠭᠤᠯᠴᠢᠯᠠᠯ ᠤᠨ ᠭᠠᠵᠠᠷ ᠡᠵᠡᠩᠨᠡᠬᠦ ᠶᠢᠨ ᠬᠠᠮᠲᠤ ᠨᠢᠭᠡᠨ ᠠᠮᠢ ᠠᠬᠤᠢ ᠶᠢᠨ ᠪᠠᠶᠠᠳᠠᠨ ᠣᠶᠢᠯᠠᠭᠠᠬᠤ ᠣᠷᠣᠨ ᠪᠠᠶᠢᠭᠤᠯᠬᠤ ᠪᠠᠷ ᠲᠥᠯᠥᠪᠯᠡᠵᠦ ᠪᠠᠶᠢᠨ᠎ᠠ᠃ ᠥᠨᠥ᠂ ᠬᠥᠪᠴᠢ ᠶᠢᠨ ᠡᠯᠡᠰᠦ ᠶᠢᠨ ᠣᠷᠣᠨ ᠤ ᠤᠯᠠᠨ ᠮᠠᠯᠴᠢᠨ ᠲᠠᠷᠢᠶᠠᠴᠢᠨ ᠡᠯᠡᠰᠦ ᠶᠢ ᠵᠠᠰᠠᠬᠤ ᠪᠠ ᠠᠮᠢ ᠠᠬᠤᠢ ᠶᠢᠨ ᠠᠵᠤ ᠦᠢᠯᠡᠰ ᠤᠨ ᠬᠡᠯᠬᠢᠶ᠎ᠡ ᠳᠤ ᠠᠭᠤᠰᠤᠯᠴᠠᠵᠤ᠂ ᠬᠤᠳᠠᠯᠳᠤᠭ᠎ᠠ᠂ ᠠᠮᠢ ᠠᠬᠤᠢ᠂ ᠬᠥᠳᠡᠭᠡ ᠲᠣᠰᠬᠤᠨ ᠢ ᠵᠡᠷᠭᠡ ᠪᠠᠷ ᠬᠥᠭᠵᠢᠭᠦᠯᠦᠨ ᠮᠠᠨᠳᠤᠭᠤᠯᠵᠤ᠂ ᠣᠷᠣᠯᠭ᠎ᠠ ᠪᠠᠨ ᠨᠡᠮᠡᠭᠳᠡᠭᠦᠯᠦᠨ ᠪᠠᠶᠠᠵᠢᠵᠤ ᠪᠤᠢ᠃            
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号