﹇ᠴᠥᠯᠵᠢᠯᠲᠡ ᠶᠢᠨ ᠵᠠᠰᠠᠯᠲᠠ﹈ ᠲᠥᠪᠪᠠᠲᠤ᠄ 21 ᠵᠢᠯ ᠴᠥᠬᠦᠷᠡᠰᠢ ᠦᠭᠡᠢ ᠲᠡᠮᠡᠴᠡᠵᠦ ᠡᠯᠡᠰᠦ ᠮᠠᠩᠬᠠᠨ ᠳᠤ ᠨᠣᠮᠢᠨ ᠨᠣᠭᠤᠭᠠᠨ ᠬᠠᠯᠬᠠᠪᠴᠢ ᠶᠢ ᠴᠣᠭᠴᠠᠯᠠᠪᠠ
ᠨᠡᠶᠢᠲᠡᠯᠡᠭᠰᠡᠨ ᠴᠠᠭ᠄
2024/5/15
      ᠯᠢᠦ ᠬᠤᠩ ᠵᠠᠩ      ᠳᠡᠯᠭᠡᠷ ᠵᠤᠨ ᠤ ᠡᠵᠡᠨ᠎ᠡ ᠬᠤᠰᠢᠭᠤᠨ ᠤ ᠳ᠋ᠦᠩᠹᠧᠩ ᠪᠠᠯᠭᠠᠰᠤᠨ᠎ᠠ᠂ ᠪᠦᠭᠴᠢᠮ᠎ᠡ ᠨᠠᠷᠠᠨ ᠵᠤᠯᠠᠢ ᠳᠡᠭᠡᠷ᠎ᠡ ᠎ ᠠᠴᠠ ᠲᠥᠭᠡᠨᠡᠵᠦ᠂ ᠦᠶ᠎ᠡ ᠦᠶ᠎ᠡ ᠦᠯᠢᠶᠡᠬᠦ ᠬᠠᠯᠠᠭᠤᠨ ᠵᠢᠪᠠᠷ ᠲᠤ ᠬᠥᠮᠥᠰ ᠤᠨ ᠠᠮᠢᠰᠬᠤᠭ᠎ᠠ ᠪᠥᠭᠯᠡᠷᠡᠨ᠎ᠡ᠃ ᠭᠡᠲᠡᠯ᠎ᠡ᠂ ᠭᠤᠷᠤᠨᠠᠢ ᠭᠠᠴᠠᠭᠠᠨ ᠤ ᠪᠠᠳᠠᠢ ᠶᠢᠨ ᠵᠢᠷᠠᠨ ᠡᠯᠡᠰᠦᠨ ᠤ ᠬᠥᠪᠡᠭᠡᠨ ᠳᠠᠬᠢ ᠨᠢᠭᠡ ᠬᠡᠰᠡᠭ ᠵᠠᠭ ᠤᠨ ᠤᠢ ᠳᠤ ᠂ ᠪᠡᠶ᠎ᠡ ᠳᠡᠭᠡᠨ ᠥᠩᠭᠡ ᠨᠢ ᠤᠨᠠᠭᠰᠠᠨ ᠵᠦᠩᠱᠠᠨ ᠬᠤᠪᠴᠠᠰᠤ ᠡᠮᠦᠰᠴᠦ᠂ ᠲᠣᠯᠣᠭᠠᠢ ᠪᠠᠨ ᠠᠯᠴᠢᠭᠤᠷ ᠢᠶᠠᠷ ᠪᠣᠭᠤᠭᠰᠠᠨ ᠨᠠᠮᠬᠠᠨ ᠪᠡᠶ᠎ᠡ ᠲᠠᠢ ᠨᠠᠰᠤᠲᠠᠨ ᠬᠥᠯᠥᠰᠦ ᠪᠠᠨ ᠠᠷᠴᠢᠬᠤ ᠶᠢᠨ ᠳᠠᠭᠠᠤ ᠨᠢᠷᠤᠭᠤ ᠪᠥᠬᠦᠶᠢᠨ ᠨᠢᠯᠬ᠎ᠠ ᠵᠠᠭ ᠎ ᠢᠶᠠᠨ ᠤᠰᠤᠯᠠᠵᠤ ᠪᠠᠶᠢᠯ᠎ᠠ᠃            ᠡᠨᠡ ᠨᠠᠰᠤᠲᠠᠨ ᠪᠣᠯ ᠲᠤᠬᠠᠢ ᠶᠢᠨ ᠭᠠᠵᠠᠷ ᠤᠨ ︽ᠡᠯᠡᠰᠦ ᠵᠠᠰᠠᠭᠰᠠᠨ ᠲᠡᠨᠡᠭ ᠡᠪᠦᠭᠡᠨ︾ ᠲᠥᠪᠪᠠᠲᠤ ᠪᠣᠯᠣᠨ᠎ᠠ᠃ ᠲᠡᠷᠡ 21 ᠵᠢᠯ ᠴᠥᠬᠦᠷᠡᠰᠢ ᠦᠭᠡᠢ ᠬᠠᠲᠠᠭᠤᠵᠢᠯᠲᠠᠢ ᠲᠡᠮᠡᠴᠡᠨ ᠡᠯᠡᠰᠦᠨ ᠴᠦᠯ ᠤᠨ ᠭᠦᠪᠡᠭᠡ ᠳᠠᠭᠠᠤ ᠬᠡᠳᠦᠨ ᠮᠢᠩᠭᠠᠨ ᠮᠦ ᠵᠠᠭ ᠮᠣᠳᠣ ᠲᠠᠷᠢᠵᠦ᠂ ᠰᠠᠯᠬᠢ ᠶᠢ ᠬᠠᠯᠬᠠᠯᠠᠨ ᠡᠯᠡᠰᠦ ᠶᠢ ᠲᠣᠭᠲᠠᠪᠤᠷᠢᠵᠢᠭᠤᠯᠬᠤ ᠪᠣᠬᠢᠷᠳᠤᠯ ᠦᠭᠡᠢ ᠠᠮᠢ ᠠᠬᠤᠢ ᠶᠢᠨ ᠬᠠᠯᠬᠠᠪᠴᠢ ᠶᠢ ᠪᠠᠶᠢᠭᠤᠯᠵᠠᠢ᠃            ︽ᠡᠨᠡ ᠬᠤᠭᠤᠴᠠᠭᠠᠨ ᠳᠤ ᠡᠵᠡᠨ᠎ᠡ ᠬᠤᠰᠢᠭᠤᠨ ᠤ ᠳᠤᠮᠳᠠᠴᠢ ᠠᠭᠠᠷ ᠤᠨ ᠳᠤᠯᠠᠭᠠᠨ ᠴᠥᠮ 37 ᠭᠷᠡᠳᠦ᠋ᠰ ᠠᠴᠠ ᠳᠡᠭᠡᠭᠰᠢ ᠪᠠᠶᠢᠵᠤ᠂ ᠬᠡᠷᠪᠡ ᠴᠠᠭ ᠲᠤᠬᠠᠢ ᠳᠤᠨᠢ ᠤᠰᠤᠯᠠᠬᠤ ᠦᠭᠡᠢ ᠪᠣᠯ ᠣᠶᠢᠷ᠎ᠠ ᠶᠢᠨ ᠬᠤᠶᠠᠷ ᠵᠢᠯ ᠤᠨ ᠨᠢᠯᠬ᠎ᠠ ᠵᠠᠭ ᠬᠠᠳᠠᠵᠤ ᠦᠬᠦᠬᠦ ᠳᠤ ᠭᠦᠷᠦᠨ᠎ᠡ︾ᠭᠡᠵᠦ ᠲᠥᠪᠪᠠᠲᠤ ᠬᠡᠯᠡᠨ᠎ᠡ᠃ ᠤᠷᠲᠤ ᠬᠤᠭᠤᠴᠠᠭ᠎ᠠ ᠪᠠᠷ ᠬᠡᠭᠡᠷ᠎ᠡ ᠭᠠᠳᠠᠭ᠎ᠠ ᠵᠠᠭ ᠮᠣᠳᠣ ᠲᠠᠷᠢᠵᠦ ᠠᠷᠠᠴᠢᠯᠠᠵᠤ ᠬᠠᠮᠠᠭᠠᠯᠠᠵᠤ ᠶᠠᠪᠤᠭᠰᠠᠨ ᠠᠴᠠ᠂ 70 ᠨᠠᠰᠤᠲᠠᠢ ᠲᠥᠪᠪᠠᠲᠤ ᠶᠢ ᠬᠠᠷᠠᠬᠤ ᠳᠤ ᠨᠡᠩ ᠠᠭᠰᠢᠷᠠᠭ᠎ᠠ ᠪᠤᠭᠤᠷᠤᠯ ᠪᠣᠯᠵᠤ᠂ ᠬᠤᠶᠠᠷ ᠭᠠᠷ ᠤᠨ ᠠᠷᠠᠰᠤ ᠨᠢ ᠮᠣᠳᠣᠨ ᠬᠠᠯᠢᠰᠤ ᠰᠢᠭ᠋ ᠡᠪᠡᠷᠰᠢᠶᠡᠵᠦ ᠬᠠᠭᠠᠷᠠᠭᠠᠳ᠂ ᠭᠠᠷ ᠳᠡᠭᠡᠷ᠎ᠡ ᠪᠠᠨ ᠰᠢᠷᠠᠪᠲᠤᠷ ᠭᠤᠮ ᠪᠥᠰ ᠨᠠᠭᠠᠵᠠᠢ᠃ ︽ᠬᠥᠭᠰᠢᠨ ᠪᠢᠲᠠ ᠬᠤᠶᠠᠭᠤᠯᠠ ᠡᠳᠦᠷ ᠪᠦᠷᠢ ᠲᠦᠷᠪᠡᠨ ᠬᠦᠷᠳᠦᠲᠦ ᠮᠣᠲ᠋ᠣᠷ ᠢᠶᠠᠷ ᠢᠶᠠᠨ ᠬᠡᠳᠦᠨ ᠠᠷᠪᠠᠨ ᠮᠣᠳᠣᠨ ᠰᠠᠭᠤᠯᠠᠭ᠎ᠠ ᠲᠡᠭᠡᠭᠡᠵᠦ ᠨᠢᠯᠬ᠎ᠠ ᠵᠠᠭ ᠢᠶᠠᠨ ᠤᠰᠤᠯᠠᠵᠤ᠂ ᠤᠷᠭᠤᠯᠲᠠ ᠶᠢᠨ ᠪᠠᠶᠢᠳᠠᠯ ᠢ ᠨᠢ ᠦᠵᠡᠳᠡᠭ᠂ ᠭᠠᠷᠤᠭᠠᠳ ᠠᠵᠢᠯᠯᠠᠭᠰᠠᠭᠠᠷ ᠯᠡ ᠨᠢᠭᠡ ᠡᠳᠦᠷ ᠪᠣᠯᠴᠢᠬᠠᠳᠠᠭ᠃ ᠰᠢᠨ᠎ᠡ ᠳᠠᠷᠢᠭᠰᠠᠨ ᠵᠠᠭ ᠤᠨ ᠤᠷᠭᠤᠯᠲᠠ ᠶᠢᠨ ᠪᠠᠶᠢᠳᠠᠯ ᠤᠯᠠᠮ ᠎ ᠠᠴᠠ ᠤᠯᠠᠮ ᠰᠠᠶᠢᠵᠢᠷᠠᠬᠤ ᠶᠢ ᠦᠵᠡᠬᠦ ᠪᠣᠯᠭᠠᠨ ᠪᠢᠳᠡ ᠬᠤᠶᠠᠷ ᠬᠠᠭ᠎ᠠ ᠪᠠᠶᠠᠷᠯᠠᠳᠠᠭ︾ ᠭᠡᠵᠦ ᠲᠥᠪᠪᠠᠲᠤ ᠬᠡᠯᠡᠪᠡ᠃            ᠲᠥᠪᠪᠠᠲᠤ᠂ ᠭᠤᠷᠤᠨᠠᠢ ᠭᠠᠴᠠᠭᠠᠨ ᠤ ᠨᠢᠭᠡᠨ ᠵᠢᠷ ᠤᠨ ᠮᠠᠯᠴᠢᠨ ᠤ ᠭᠡᠷ ᠲᠤ ᠲᠥᠷᠥᠵᠡᠢ᠃ 1976 ᠣᠨ ᠳᠤ᠂ ᠲᠡᠷᠡ ᠭᠠᠨᠰᠤ ᠶᠢᠨ ᠪᠠᠭᠰᠢ ᠶᠢᠨ ᠶᠡᠭᠡ ᠰᠤᠷᠭᠠᠭᠤᠯᠢ ᠶᠢᠨ ᠭᠠᠳᠠᠭᠠᠳᠤ ᠬᠡᠯᠡᠨ ᠤ ᠰᠠᠯᠪᠤᠷᠢ ᠠᠴᠠ ᠲᠡᠭᠦᠰᠦᠭᠰᠡᠨ ᠤ ᠳᠠᠷᠠᠭ᠎ᠠ ᠨᠤᠲᠤᠭ ᠲᠠᠭᠠᠨ ᠬᠠᠷᠢᠵᠤ ᠠᠵᠢᠯᠯᠠᠪᠠ᠃ ᠠᠵᠢᠯᠯᠠᠵᠤ ᠪᠠᠶᠢᠬᠤ ᠬᠤᠭᠤᠴᠠᠭᠠᠨ ᠳᠠᠭᠠᠨ᠂ ᠲᠡᠷᠡ ᠨᠤᠲᠤᠭ ᠤᠨ ᠢᠶᠠᠨ ᠠᠮᠢ ᠠᠬᠤᠢ ᠣᠷᠴᠢᠨ ᠲᠣᠭᠤᠷᠢᠨ ᠡᠳᠦᠷ ᠢᠷᠡᠬᠦᠶ᠎ᠡ ᠮᠠᠭᠤᠳᠠᠵᠤ ᠪᠠᠶᠢᠬᠤ ᠶᠢ ᠬᠠᠷᠠᠬᠤ ᠪᠦᠷᠢ ᠵᠢᠷᠦᠬᠡ ᠨᠢ ᠰᠢᠮᠰᠢᠷᠡᠵᠦ ᠪᠠᠶᠢᠯ᠎ᠠ᠃            2002 ᠣᠨ ᠳᠤ ᠠᠵᠢᠯ ᠤᠨ ᠠᠮᠠᠷᠠᠯᠲᠠ ᠪᠠᠨ ᠠᠪᠤᠭᠰᠠᠨ ᠤ ᠳᠠᠷᠠᠭ᠎ᠠ᠂ ᠲᠥᠪᠪᠠᠲᠤ ᠡᠬᠡᠨᠡᠷ ᠲᠤᠰᠤᠨᠴᠠᠭᠠᠨ ᠎ ᠲᠠᠢ ᠪᠠᠨ ᠭᠤᠷᠤᠨᠠᠢ ᠰᠤᠮᠤᠨ ᠳᠤ ᠦᠯᠡᠳᠡᠵᠦ᠂ ᠡᠯᠡᠰᠦᠨ ᠴᠦᠯ ᠳᠤ 10 ᠺᠢᠯᠣᠮᠧᠲᠷ ᠤᠷᠲᠤ ᠲᠡᠮᠦᠷ ᠲᠣᠣᠷ ᠪᠣᠰᠬᠠᠵᠤ᠂ 2000 ᠭᠠᠷᠤᠢ ᠮᠦ ᠡᠯᠡᠰᠦᠨ ᠴᠦᠯ ᠢ ᠬᠦᠷᠢᠶᠡᠯᠡᠨ ᠪᠢᠲᠡᠭᠦᠮᠵᠢᠯᠡᠵᠦ᠂ ᠮᠣᠳᠣ ᠲᠠᠷᠢᠵᠤ ᠡᠬᠢᠯᠡᠪᠡ᠃ ︽ᠡᠬᠢᠨ ᠤ ᠬᠡᠳᠦᠨ ᠵᠢᠯ ᠳᠤ ᠦᠨᠡᠬᠡᠷ ᠬᠠᠲᠠᠭᠤ ᠪᠡᠷᠬᠡᠰᠢᠶᠡᠯᠲᠡᠢ᠃ ᠬᠦᠨᠳᠦ ᠬᠡᠴᠡᠭᠦᠦ ᠭᠠᠩ ᠬᠠᠭᠰᠠᠷᠠᠭᠠᠨ ᠠᠴᠠ ᠪᠣᠯᠵᠤ ᠨᠢᠯᠬ᠎ᠠ ᠴᠢᠬᠢ ᠤᠷᠭᠤᠵᠤ ᠴᠢᠳᠠᠬᠤ ᠦᠭᠡᠢ᠂ ᠵᠠᠷᠢᠮ ᠦᠶ᠎ᠡ ᠳᠤ ᠠᠷᠠᠢ ᠴᠢᠷᠠᠢ ᠤᠷᠭᠤᠵᠤ ᠭᠠᠷᠤᠭᠰᠠᠨ ᠨᠢᠯᠬ᠎ᠠ ᠮᠣᠳᠣ ᠶᠢ ᠮᠠᠯ ᠣᠨᠤᠭ᠎ᠠ ᠮᠡᠷᠡᠵᠦ ᠰᠦᠢᠳᠬᠡᠭᠡᠳ ᠳᠡᠮᠡᠢ ᠦᠯᠡᠳᠡᠭᠡᠳᠡᠭ ᠦᠭᠡᠢ︾ ᠭᠡᠵᠦ ᠲᠥᠪᠪᠠᠲᠤ ᠬᠡᠯᠡᠪᠡ            ᠬᠦᠴᠢᠷ ᠪᠡᠷᠬᠡᠰᠢᠶᠡᠯ ᠤᠨ ᠡᠮᠦᠨ᠎ᠡ ᠡᠷ᠎ᠡ ᠡᠮ᠎ᠡ ᠬᠤᠶᠠᠭᠤᠯᠠ ᠪᠠᠨ ᠵᠣᠷᠢᠭ ᠮᠣᠬᠤᠭᠰᠠᠨ ᠦᠭᠡᠢ᠃ ᠶᠡᠷᠦᠩᠬᠡᠢ ᠲᠠᠯᠠᠪᠠᠶ ᠨᠢ 3.4 ᠲᠦᠮᠡᠨ ᠲᠡᠭᠰᠢ ᠳᠥᠷᠪᠡᠯᠵᠢᠨ ᠺᠢᠯᠣᠮᠧᠲᠷ ᠪᠠᠶᠢᠳᠠᠭ ᠳ᠋ᠦᠩᠹᠧᠩ ᠪᠠᠯᠭᠠᠰᠤᠨ ᠤ ᠵᠢᠯ ᠤᠨ ᠬᠤᠷ᠎ᠠ ᠲᠤᠨᠳᠠᠰᠤᠨ ᠤ ᠬᠡᠮᠵᠢᠶ᠎ᠡ ᠨᠢ 37 ᠮᠢᠯᠢᠮᠧᠲᠷ ᠬᠦᠷᠬᠦ ᠦᠭᠡᠢ ᠪᠤᠯᠪᠠᠴᠤ ᠠᠭᠤᠷᠰᠢᠯᠲᠠ ᠶᠢᠨ ᠬᠡᠮᠵᠢᠶ᠎ᠡ ᠨᠢ ᠬᠠᠷᠢᠨ 3700 ᠭᠠᠷᠤᠢ ᠮᠢᠯᠢᠮᠧᠲᠷ ᠲᠤ ᠬᠦᠷᠴᠦ᠂ ᠤᠷᠭᠤᠮᠠᠯ ᠤᠨ ᠥᠰᠦᠯᠲᠡ ᠶᠢᠨ ᠨᠥᠬᠦᠴᠡᠯ ᠲᠤᠶᠢᠯ ᠤᠨ ᠨᠣᠴᠢᠲᠠᠢ ᠪᠠᠶᠢᠵᠤ᠂ ᠮᠣᠳᠣᠨ ᠤ ᠲᠥᠷᠥᠯ ᠢ ᠰᠣᠩᠭᠤᠬᠤ ᠨᠢ ᠨᠢᠭᠡᠨ ᠪᠡᠷᠬᠡ ᠰᠡᠳᠦᠪ ᠪᠣᠯᠵᠠᠢ᠃ ︽ᠪᠢ ᠲᠤᠬᠠᠢ ᠶᠢᠨ ᠭᠠᠵᠠᠷ ᠲᠤ ᠠᠵᠢᠯᠯᠠᠵᠤ ᠪᠠᠶᠢᠬᠤ ᠬᠤᠭᠤᠴᠠᠭᠠᠨ ᠳᠠᠭᠠᠨ ᠤᠯᠠᠨ ᠵᠦᠢᠯ ᠤᠨ ᠲᠠᠷᠢᠬᠤ ᠠᠷᠭ᠎ᠠ ᠪᠠ ᠮᠣᠳᠣᠨ ᠤ ᠲᠦᠷᠦᠯ ᠢ ᠲᠤᠷᠰᠢᠵᠤ᠂ ᠡᠳᠡᠭᠡᠷᠡᠯᠲᠡ ᠪᠠᠷ ᠬᠠᠮᠤᠭ ᠤᠨ ᠰᠠᠶᠢᠨ ᠨᠢ ᠵᠠᠭ᠂ ᠲᠤᠰᠤᠨ ᠲᠣᠷᠯᠤᠭ᠂ ᠰᠢᠷ᠎ᠠ ᠰᠢᠷᠠᠯᠵᠢ᠂ ᠪᠣᠷᠣ ᠰᠢᠷᠠᠯᠵᠢ ᠪᠤᠯᠬᠤ ᠶᠢ ᠣᠯᠵᠤ ᠮᠡᠳᠡᠵᠡᠢ᠂ ᠢᠩᠭᠢᠭᠡᠳ ᠪᠢ ᠵᠠᠭ ᠢ ᠰᠣᠩᠭᠤᠨ ᠲᠠᠷᠢᠪᠠ᠂ ᠵᠠᠭ ᠨᠢ ᠭᠠᠩ ᠬᠠᠭᠰᠠᠷᠠᠭᠠᠨ ᠳᠤ ᠲᠡᠰᠪᠦᠷᠢᠲᠡᠢ ᠪᠥᠭᠡᠳ ᠡᠪᠡᠳᠴᠢᠨ ᠬᠤᠷᠣᠬᠠᠢ ᠶᠢᠨ ᠬᠥᠨᠥᠭᠡᠯ ᠳᠤ ᠲᠡᠰᠪᠦᠷᠢᠲᠡᠢ︾ ᠭᠡᠵᠦ ᠲᠥᠪᠪᠠᠲᠤ ᠬᠡᠯᠡᠪᠡ᠃            ᠵᠠᠭ ᠮᠣᠳᠣ ᠬᠤᠳᠠᠯᠳᠤᠨ ᠠᠪᠬᠤ ᠶᠢᠨ ᠲᠥᠯᠥᠭᠡ᠂ ᠲᠥᠪᠪᠠᠲᠤ ᠬᠥᠭᠰᠢᠨ ᠲᠠᠢ ᠪᠠᠨ ᠪᠦᠭᠦ ᠬᠠᠳᠠᠭᠠᠯᠠᠮᠵᠢ ᠪᠠᠨ ᠭᠠᠷᠭᠠᠪᠠ᠃ ᠵᠠᠭ ᠲᠠᠷᠢᠬᠤ ᠳᠤ ᠤᠰᠤ ᠳᠤᠲᠠᠬᠤ ᠨᠢ ᠲᠥᠪᠪᠠᠲᠤ ᠳᠤ ᠲᠤᠯᠭᠠᠷᠠᠭᠰᠠᠨ ᠬᠠᠮᠤᠭ ᠤᠨ ᠬᠦᠴᠢᠷᠲᠡᠢ ᠠᠰᠠᠭᠤᠳᠠᠯ ᠪᠣᠯᠣᠨ᠎ᠠ᠂ ᠨᠢᠭᠡ ᠰᠠᠭᠤᠷᠢ ᠵᠠᠭ ᠢ ᠨᠢᠭᠡ ᠤᠳᠠᠭ᠎ᠠ ᠤᠰᠤᠯᠠᠬᠤ ᠳᠤ ᠠᠷᠪᠠᠨ ᠲᠠᠪᠤ ᠵᠢᠷᠭᠤᠭᠠᠨ ᠵᠢᠩ ᠤᠰᠤ ᠬᠡᠷᠡᠭᠰᠡᠨ᠎ᠡ᠂ ᠠᠩᠬ᠎ᠠ ᠡᠬᠢᠨ ᠳᠡᠭᠡᠨ ᠲᠡᠳᠡ ᠮᠠᠰᠢᠨ ᠢᠶᠠᠷ ᠤᠰᠤ ᠲᠠᠲᠠᠵᠤ᠂ ᠬᠥᠭᠰᠢᠨ ᠎ ᠨᠢ ᠤᠰᠤ ᠶᠢ ᠬᠤᠯᠤ ᠬᠤᠯᠤ ᠪᠠᠷ ᠰᠠᠭᠤᠯᠠᠭ᠎ᠠ ᠳᠠᠭᠠᠨ ᠴᠢᠳᠬᠤᠵᠤ ᠳᠦᠭᠦᠷᠭᠡᠳᠡᠭ ᠪᠠᠶᠢᠯ᠎ᠠ᠂ ᠨᠢᠭᠡ ᠰᠠᠭᠤᠯᠠᠭ᠎ᠠ ᠤᠰᠤ ᠨᠢ ᠪᠠᠷᠤᠭ 9 ᠵᠢᠩ ᠬᠦᠨᠳᠦ ᠪᠠᠶᠢᠪᠠ᠃ ᠲᠥᠪᠪᠠᠲᠤ ᠰᠠᠭᠤᠯᠠᠭ᠎ᠠ ᠰᠠᠭᠤᠯᠠᠭ᠎ᠠ ᠤᠰᠤ ᠶᠢ ᠡᠭᠦᠷᠴᠦ ᠨᠢᠯᠬ᠎ᠠ ᠵᠠᠭ ᠢᠶᠠᠨ ᠤᠰᠤᠯᠠᠨ᠎ᠠ᠃ 3 ᠵᠢᠯ ᠤᠨ ᠳᠠᠷᠠᠭ᠎ᠠ᠂ ᠢᠩᠭᠢᠵᠦ ᠬᠢᠵᠦ ᠲᠡᠶᠢᠯᠭᠦ ᠪᠠᠨ ᠪᠣᠯᠢᠵᠤ᠂ ᠮᠣᠲ᠋ᠣᠷ ᠲᠡᠷᠭᠡ ᠬᠤᠳᠠᠯᠳᠤᠨ ᠠᠪᠴᠤ ᠤᠰᠤ ᠵᠥᠭᠡᠭᠡᠬᠦ ᠪᠣᠯᠵᠠᠢ᠂ ᠭᠡᠲᠡᠯ᠎ᠡ ᠮᠣᠲ᠋ᠣᠷ ᠲᠡᠷᠭᠡ ᠡᠯᠡᠰᠦᠨ ᠳᠣᠲᠣᠷ᠎ᠠ ᠠᠮᠠᠷᠬᠠᠨ ᠡᠪᠳᠡᠷᠡᠨ᠎ᠡ᠃ ᠠᠷᠪᠠᠭᠠᠳ ᠵᠢᠯ ᠤᠨ ᠲᠤᠷᠰᠢ᠂ ᠲᠡᠷᠡ ᠨᠢᠭᠡᠨᠲᠡ 20 ᠰᠢᠬᠠᠮ ᠮᠣᠲ᠋ᠣᠷ ᠢ ᠤᠨᠤᠵᠤ ᠡᠯᠡᠭᠡᠯ᠎ᠡ᠃            ᠡᠳᠡᠭᠡᠷᠡᠯᠲᠡ ᠶᠢᠨ ᠨᠤᠷᠮ᠎ᠠ ᠶᠢᠨ ᠬᠦᠴᠢᠷ ᠠᠰᠠᠭᠤᠳᠠᠯ ᠢ ᠰᠢᠢᠳᠪᠦᠷᠢᠯᠡᠬᠦ ᠶᠢᠨ ᠲᠥᠯᠥᠭᠡ᠂ ᠲᠡᠳᠡ ᠬᠤᠶᠠᠭᠤᠯᠠ ᠰᠠᠨᠠᠭᠠᠴᠢᠯᠠᠭ᠎ᠠ ᠠᠴᠠ ᠪᠠᠨ ᠲᠤᠰᠬᠠᠢ ᠮᠡᠷᠭᠡᠵᠢᠯᠲᠡᠨ ᠢᠶᠠᠷ ᠵᠢᠭᠠᠯᠭᠠᠵᠤ᠂ ᠶᠡᠭᠡ ᠬᠡᠮᠵᠢᠶᠡᠨ ᠤ ᠮᠠᠲ᠋ᠧᠷᠢᠶᠠᠯ ᠡᠷᠢᠬᠦ ᠶᠢᠨ ᠬᠠᠮᠲᠤ ᠤᠯᠠᠨ ᠵᠦᠢᠯ ᠤᠨ ᠲᠤᠷᠰᠢᠯᠲᠠ ᠬᠢᠵᠡᠢ᠃ ᠡᠳᠦᠷ ᠤᠳᠠᠭᠠᠨ ᠳᠠᠭᠠᠨ ᠲᠡᠳᠡ ᠥᠪᠡᠷ ᠤᠨ ︽ᠮᠣᠳᠣ ᠲᠠᠷᠢᠬᠤ ᠠᠷᠭ᠎ᠠ︾᠎ ᠪᠠᠨ ᠳ᠋ᠦᠩᠨᠡᠨ ᠭᠠᠷᠭᠠᠪᠠ᠄ ︽ᠬᠠᠪᠤᠷ ᠴᠠᠭ ᠰᠠᠯᠬᠢ ᠶᠡᠭᠡ᠂ ᠪᠢᠳᠡ ᠵᠠᠭ ᠤᠨ ᠴᠢᠬᠢ ᠶᠢ ᠤᠰᠤᠨ ᠳᠤ ᠳᠡᠪᠲᠦᠭᠡᠵᠦ᠂ ᠰᠠᠯᠬᠢ ᠨᠠᠮᠳᠠᠬᠤ ᠦᠶᠡᠰ ᠴᠠᠭ ᠢ ᠠᠮᠵᠢᠨ ᠵᠠᠶᠢᠯᠠᠨ᠎ᠠ᠃ ᠵᠣᠨ ᠤ ᠤᠯᠠᠷᠢᠯ ᠪᠣᠯ ᠵᠠᠭ ᠤᠨ ᠴᠢᠬᠢ ᠶᠢᠨ ᠤᠰᠤ ᠨᠥᠬᠦᠪᠦᠷᠢᠯᠡᠬᠦ ᠤᠯᠠᠷᠢᠯ᠂ ᠡᠯᠡᠰᠦᠨ ᠴᠥᠯ ᠳᠠᠬᠢ ᠠᠭᠠᠷ ᠤᠨ ᠳᠤᠯᠠᠭᠠᠨ ᠥᠨᠳᠥᠷ᠂ ᠪᠢᠳᠡ ᠡᠳᠦᠷ ᠪᠦᠷᠢ 3 ᠤᠳᠠᠭ᠎ᠠ ᠤᠰᠤᠯᠠᠨ᠎ᠠ᠃ ᠨᠠᠮᠤᠷ᠂ ᠡᠪᠦᠯ ᠳᠡᠭᠡᠨ ᠭᠤᠣᠯᠳᠠᠭᠤ ᠮᠣᠳᠣ ᠶᠢ ᠠᠷᠠᠴᠢᠯᠠᠨ ᠬᠠᠮᠢᠶᠠᠷᠴᠤ᠂ ᠪᠠᠶᠢᠨ ᠪᠠᠶᠢᠨ ᠣᠶᠢᠲᠤ ᠭᠠᠵᠠᠷ ᠣᠴᠢᠵᠤ᠂ ᠮᠠᠯ ᠰᠦᠷᠦᠭ ᠬᠤᠷᠤᠭ᠎ᠠ ᠬᠠᠰᠢᠶᠠᠨ ᠠᠴᠠ ᠪᠠᠨ ᠳᠠᠪᠠᠵᠤ ᠵᠠᠭ ᠮᠣᠳᠣᠨ ᠴᠢᠬᠢ ᠶᠢ ᠬᠤᠯᠠᠭᠠᠶᠢᠯᠠᠨ ᠬᠡᠮᠡᠯᠢᠬᠦ ᠠᠴᠠ ᠰᠡᠷᠭᠡᠶᠢᠯᠡᠳᠡᠭ︾ ᠭᠡᠯ᠎ᠡ᠃            ᠮᠣᠳᠣ ᠲᠠᠷᠢᠬᠤ ᠨᠢ ᠴᠠᠭ ᠬᠦᠴᠦ ᠵᠠᠷᠤᠴᠠᠭᠤᠯᠬᠤ ᠪᠠᠷ ᠪᠠᠷᠠᠬᠤ ᠦᠭᠡᠢ ᠪᠠᠰᠠ ᠤᠯᠠᠨ ᠪᠡᠯᠡ ᠮᠥᠩᠭᠦ ᠬᠡᠷᠡᠭᠰᠡᠨ᠎ᠡ᠃ ᠡᠪᠦᠭᠡᠨ ᠬᠥᠭᠰᠢᠨ ᠬᠤᠶᠠᠭᠤᠯᠠ ᠥᠪᠡᠷ ᠤᠨ ᠠᠵᠢᠯ ᠠᠴᠠ ᠪᠠᠨ ᠠᠮᠠᠷᠠᠭᠰᠠᠨ ᠮᠥᠩᠭᠦ ᠪᠠᠷ ᠢᠶᠠᠨ ᠰᠠᠶᠢᠬᠠᠨ ᠠᠮᠢᠳᠤᠷᠠᠵᠤ ᠪᠤᠯᠳᠠᠭ᠂ ᠭᠡᠲᠡᠯ᠎ᠡ ᠡᠳᠡᠭᠡᠷ ᠵᠢᠯ ᠤᠳ ᠲᠤ ᠲᠡᠳᠡ ᠢᠳᠡᠵᠦ ᠡᠮᠦᠰᠬᠦ ᠪᠠᠨ ᠠᠷᠪᠢᠯᠠᠨ ᠭᠠᠮᠨᠠᠵᠤ ᠂ ᠨᠢᠯᠬ᠎ᠠ ᠴᠢᠬᠢ᠂ ᠲᠣᠣᠷ ᠬᠦᠷᠢᠶ᠎ᠡ᠂ ᠤᠰᠤ ᠤᠰᠤᠯᠠᠬᠤ ᠲᠡᠷᠭᠡ᠂ ᠴᠢᠶ᠋ᠢᠦ ᠲᠣᠰᠣ ᠬᠤᠳᠠᠯᠳᠤᠨ ᠠᠪᠤᠭᠠᠳ 100 ᠭᠠᠷᠤᠢ ᠲᠦᠮᠡᠨ ᠲᠥᠭᠦᠷᠢᠭ ᠵᠠᠷᠤᠴᠠᠭᠤᠯᠵᠠᠢ᠃ ᠲᠥᠪᠪᠠᠲᠤ᠄︽ᠮᠠᠨ ᠤ ᠵᠣᠭᠤᠰ ᠪᠦᠷ ᠡᠯᠡᠰᠦᠨ ᠳᠣᠲᠣᠷ᠎ᠠ ᠪᠠᠶᠢᠨ᠎ᠠ︾ ᠭᠡᠵᠦ ᠬᠡᠯᠡᠨ᠎ᠡ᠃ ᠡᠯᠡᠰᠦᠨ ᠴᠦᠯ ᠳᠤ ᠰᠠᠯᠬᠢ ᠰᠢᠷᠦᠭᠦᠨ᠂ ᠡᠪᠦᠭᠡᠨ ᠬᠥᠭᠰᠢᠨ ᠬᠤᠶᠠᠭᠤᠯᠠ ᠶᠢᠨ ᠱᠠᠬᠠᠢ ᠨᠢ ᠭᠤᠷᠪᠠᠨ ᠰᠠᠷ᠎ᠠ ᠡᠮᠦᠰᠪᠡᠯ ᠡᠪᠳᠡᠷᠡᠴᠢᠬᠡᠨ᠎ᠡ᠂ ᠬᠤᠪᠴᠠᠰᠤ ᠨᠢ ᠨᠢᠭᠡ ᠵᠢᠯ ᠡᠮᠦᠰᠪᠡᠯ ᠴᠣᠭᠤᠷᠠᠴᠢᠬᠠᠨ᠎ᠠ᠂ ᠨᠢᠭᠤᠷ ᠭᠠᠷ ᠨᠢ ᠴᠦ ᠠᠯᠢ ᠡᠷᠲᠡ ᠰᠠᠭᠠᠷᠢᠲᠤᠨ ᠬᠠᠭᠠᠷᠠᠵᠠᠢ᠂ ᠭᠡᠪᠡᠴᠦ ᠵᠠᠭ ᠮᠣᠳᠣ ᠨᠢ ᠬᠠᠷᠢᠨ ᠶᠠᠪᠤᠬᠤ ᠲᠤᠲᠤᠮ ᠲᠣᠮᠣᠷᠠᠵᠤ᠂ ᠳᠠᠷᠢᠬᠤ ᠲᠤᠲᠤᠮ ᠠᠷᠪᠢᠨ ᠪᠣᠯᠣᠨ᠎ᠠ᠃            ᠤᠷᠲᠤ ᠬᠤᠭᠤᠴᠠᠭ᠎ᠠ ᠪᠠᠷ ᠬᠡᠭᠡᠷ᠎ᠡ ᠭᠠᠳᠠᠭ᠎ᠠ ᠬᠥᠳᠡᠯᠮᠦᠷᠢᠯᠡᠭᠰᠡᠨ ᠠᠴᠠ ᠲᠥᠪᠪᠠᠲᠤ ᠬᠦᠨᠳᠦ ᠡᠪᠡᠳᠴᠢᠨ ᠳᠤ ᠨᠡᠷᠪᠡᠭᠳᠡᠵᠦ᠂ 2009 ᠣᠨ ᠳᠤ ᠮᠡᠰᠡ ᠵᠠᠰᠠᠯ ᠬᠢᠯᠭᠡᠭᠰᠡᠨ ᠤ ᠳᠠᠷᠠᠭ᠎ᠠ ᠡᠮᠴᠢ ᠲᠡᠭᠦᠨ ᠢ ᠰᠠᠶᠢᠲᠤᠷ ᠰᠤᠪᠢᠯᠠᠵᠤ᠂ ᠬᠦᠨᠳᠦ ᠭᠦᠳᠡᠯᠮᠦᠷᠢ ᠬᠢᠬᠦ ᠠᠴᠠ ᠵᠠᠶᠢᠯᠠᠰᠬᠢᠬᠦ ᠬᠡᠷᠡᠭᠲᠡᠢ ᠭᠡᠵᠦ ᠵᠠᠬᠢᠪᠠ᠃ ᠭᠡᠲᠡᠯ᠎ᠡ ᠲᠥᠪᠪᠠᠲᠤ ᠥᠪᠡᠷ ᠤᠨ ᠳᠠᠷᠢᠭᠰᠠᠨ ᠡᠨᠡ ᠬᠡᠰᠡᠭ ᠨᠣᠭᠤᠭᠠᠨ ᠪᠦᠷᠢᠳᠦ ᠪᠠᠨ ᠬᠠᠶᠠᠵᠤ ᠴᠢᠳᠠᠬᠤ ᠦᠭᠡᠢ᠂ ᠭᠡᠷ ᠲᠡᠭᠡᠨ ᠨᠢᠭᠡ ᠰᠠᠷ᠎ᠠ ᠰᠤᠪᠢᠯᠠᠭᠰᠠᠨ ᠤ ᠪᠠᠨ ᠳᠠᠷᠠᠭ᠎ᠠ᠂ ᠲᠡᠷᠡ ᠳᠠᠷᠤᠶᠢᠬᠠᠨ ︽ᠳᠠᠶᠢᠨ ᠤ ᠲᠠᠯᠠᠪᠤᠷ︾᠎ ᠲᠠᠭᠠᠨ ᠳᠠᠬᠢᠨᠲᠠ ᠪᠤᠴᠠᠪᠠ᠃ 2012 ᠣᠨ ᠳᠤ᠂ ᠬᠥᠭᠰᠢᠨ ᠤ ᠬᠢᠨᠢ ᠲᠠᠷᠢᠬᠢᠨ ᠳᠤᠨᠢ ᠭᠡᠨᠡᠳᠲᠡ ᠴᠢᠰᠤ ᠬᠠᠷᠪᠤᠵᠤ᠂ ᠲᠥᠪᠪᠠᠲᠤ ᠬᠥᠭᠰᠢᠨ ᠢᠶᠠᠨ ᠨᠠᠷᠢᠨ ᠨᠢᠮᠪᠠᠢ ᠰᠤᠪᠢᠯᠠᠬᠤ᠂ ᠵᠠᠭ ᠮᠣᠳᠣ ᠲᠠᠷᠢᠵᠤ ᠣᠶᠢᠵᠢᠭᠤᠯᠬᠤ ᠶᠢ ᠬᠠᠮᠲᠤ ᠳᠤᠨᠢ ᠬᠠᠷᠠᠭᠠᠯᠵᠠᠵᠤ ᠢᠷᠡᠵᠡᠢ᠃ ᠲᠡᠭᠦᠨ ᠤ ᠨᠢᠮᠪᠠᠢ ᠬᠠᠷᠠᠭᠠᠯᠵᠠᠯ ᠳᠣᠣᠷ᠎ᠠ᠂ ᠬᠥᠭᠰᠢᠨ ᠨᠢ ᠠᠭᠠᠵᠢᠮ ᠢᠶᠠᠷ ᠡᠳᠡᠭᠡᠷᠡᠵᠦ᠂ ᠡᠷᠡᠭᠦᠯᠵᠢᠭᠰᠡᠨ ᠤ ᠳᠠᠷᠠᠭ᠎ᠠ ᠲᠡᠷᠡ ᠪᠠᠰᠠ ᠲᠥᠪᠪᠠᠲᠤ ᠶᠢ ᠳᠠᠭᠠᠵᠤ ᠡᠯᠡᠰᠦᠨ ᠴᠥᠯ ᠳᠤ ᠣᠷᠣᠪᠠ ᠁            21 ᠵᠢᠯ ᠤᠨ ᠲᠤᠷᠰᠢ᠂ ᠲᠥᠪᠪᠠᠲᠤ ᠲᠡᠨᠡᠭ ᠡᠪᠦᠭᠡᠨ ᠠᠭᠤᠯᠠ ᠶᠢ ᠨᠡᠭᠦᠯᠭᠡᠬᠦ ᠬᠠᠲᠠᠭᠤ ᠵᠣᠷᠢᠭ ᠢᠶᠠᠷ 4000 ᠭᠠᠷᠤᠢ ᠮᠦ 20 ᠲᠦᠮᠡ ᠰᠢᠬᠠᠮ ᠰᠠᠭᠤᠷᠢ ᠵᠠᠭ ᠮᠣᠳᠣ ᠲᠠᠷᠢᠪᠠ᠃ ᠣᠳᠣᠬᠠᠨ ᠳᠤ᠂ 4000 ᠭᠠᠷᠤᠢ ᠮᠦ ᠵᠠᠭ ᠮᠣᠳᠣ ᠨᠢ ᠤᠢ ᠪᠣᠯᠵᠤ ᠬᠥᠬᠡᠷᠡᠨ᠂ ᠪᠠᠳᠠᠢ ᠶᠢᠨ ᠵᠢᠷᠠᠨ ᠤ ᠡᠯᠡᠰᠦᠨ ᠳᠤ ᠨᠢᠭᠡᠨ ᠵᠤᠷᠪᠤᠰ ᠨᠣᠭᠤᠭᠠᠨ ᠬᠠᠯᠬᠠᠪᠴᠢ ᠶᠢ ᠴᠣᠭᠴᠠᠯᠠᠪᠠ᠃ ︽ᠨᠠᠮ ᠤᠨ ᠭᠡᠰᠢᠭᠦᠨ ᠪᠣᠯᠤᠭᠰᠠᠨ ᠤ ᠬᠤᠪᠢ ᠳᠤ᠂ ᠪᠢ ᠡᠯᠡᠰᠦ ᠶᠢ ᠵᠠᠰᠠᠵᠤ᠂ ᠭᠡᠷ ᠣᠷᠣᠨ ᠢᠶᠠᠨ ᠰᠠᠬᠢᠨ ᠬᠠᠮᠠᠭᠠᠯᠠᠬᠤ ᠡᠭᠦᠷᠭᠡ ᠲᠠᠢ᠃ ᠦᠳᠡᠯᠦᠭᠡ ᠨᠠᠰᠤᠨ ᠤ ᠪᠠᠨ ᠢᠯᠴᠢ ᠭᠡᠷᠡᠯ ᠢᠶᠠᠨ ᠪᠠᠳᠠᠷᠠᠭᠤᠯᠤᠨ ᠦᠷᠭᠦᠯᠵᠢᠯᠡᠨ ᠮᠣᠳᠣ ᠲᠠᠷᠢᠨ᠎ᠠ᠂ ᠨᠤᠲᠤᠭ ᠤᠨ ᠢᠶᠠᠨ ᠠᠮᠢ ᠠᠬᠤᠢ ᠣᠷᠴᠢᠨ ᠲᠣᠭᠤᠷᠢᠨ ᠢ ᠰᠠᠶᠢᠵᠢᠷᠠᠭᠤᠯᠬᠤ ᠪᠣᠯ ᠮᠠᠨ ᠤ ᠬᠤᠶᠠᠭᠤᠯᠠ ᠶᠢᠨ ᠬᠠᠮᠤᠭ ᠤᠨ ᠶᠡᠭᠡ ᠬᠦᠰᠡᠯ ᠡᠷᠡᠮᠡᠯᠵᠡᠯ ᠮᠥᠨ︾ ᠭᠡᠵᠦ ᠲᠥᠪᠪᠠᠲᠤ ᠰᠤᠷᠪᠤᠯᠵᠢᠯᠠᠬᠴᠢ ᠳᠤ ᠶᠠᠷᠢᠨ᠎ᠠ᠃            
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号