| | | ᠴᠣᠭᠵᠢᠯᠮ᠎ᠠ ᠤᠷᠠᠨᠲᠤᠩᠭᠠᠯᠠᠭ | ᠡᠮᠦᠨ᠎ᠡ ᠡᠳᠦᠷ ᠤᠨ ᠪᠣᠷᠣᠭᠠᠨ ᠳᠤ ᠡᠪᠡᠰᠦ ᠮᠣᠳᠣᠳ ᠨᠠᠪᠴᠢ ᠨᠠᠬᠢᠶ᠎ᠠ ᠪᠠᠨ ᠤᠨᠵᠢᠭᠤᠯᠤᠨ ᠨᠠᠬᠢᠯᠵᠠᠭᠠᠳ | ᠨᠣᠭᠤᠭᠠᠨ ᠢᠶᠠᠨ ᠭᠠᠶᠢᠬᠠᠭᠤᠯᠵᠤ᠂ ᠵᠦᠢᠯ ᠤᠨ ᠴᠡᠴᠡᠭᠡᠰ ᠥᠩᠭᠡ ᠭᠠᠯᠪᠢᠷ ᠢᠶᠠᠨ ᠮᠥᠴᠡᠭᠡᠷᠬᠡᠨ ᠰᠣᠯᠣᠩᠭᠠᠷᠠᠨ | ᠳᠡᠯᠭᠡᠷᠡᠨ᠎ᠡ ᠁ ᠠᠷᠪᠠᠨ ᠵᠢᠯ ᠤᠨ ᠶᠢᠰᠦᠨ ᠵᠢᠯ ᠨᠢ ᠭᠠᠩᠳᠠᠳᠠᠭ ᠬᠥᠪᠴᠢ ᠶᠢᠨ ᠡᠯᠡᠰᠦᠨ ᠳᠤ ᠪᠣᠷᠣᠭᠠᠯᠠᠬᠤ | ᠳᠠᠭᠠᠨ ᠪᠣᠷᠣᠭᠠᠯᠠᠵᠤ᠂ ᠬᠠᠯᠠᠬᠤ ᠳᠠᠭᠠᠨ ᠬᠠᠯᠠᠵᠤ ᠨᠠᠷᠠ ᠬᠤᠷ᠎ᠠ ᠲᠡᠩᠴᠡᠵᠦ ᠴᠠᠭ ᠠᠭᠠᠷ ᠲᠡᠭᠰᠢᠷᠡᠵᠦ ᠪᠠᠶᠢᠨ᠎ᠠ | ᠭᠡᠳᠡᠭ ᠠᠮᠢ ᠠᠬᠤᠢ ᠰᠠᠶᠢᠵᠢᠷᠠᠭᠰᠠᠨ ᠤ ᠬᠠᠮᠤᠭ ᠤᠨ ᠢᠯᠡ ᠲᠣᠳᠣ ᠪᠡᠯᠭᠡ ᠲᠡᠮᠳᠡᠭ ᠪᠤᠯᠬᠤ ᠶᠤᠮ᠃ ᠠᠮᠢᠳᠤ | ᠴᠢᠭᠢᠭ ᠤᠨ ᠦᠨᠦᠷ ᠴᠡᠭᠡᠵᠢ ᠣᠩᠭᠤᠶᠢᠯᠭᠠᠨ ᠡᠯᠡᠰᠦᠨ ᠨᠤᠲᠤᠭ ᠨᠣᠭᠤᠭᠠᠷᠠᠨ ᠴᠡᠯᠭᠡᠷᠡᠵᠦ ᠪᠠᠶᠢᠨ᠎ᠠ᠃ ᠠᠯᠢ ᠡᠷᠲᠡ | ᠳᠡᠭᠡᠷ᠎ᠡ ᠵᠠᠭᠤᠨ ᠤ ᠶᠡᠷᠡᠭᠡᠳ ᠣᠨ ᠤ ᠰᠡᠭᠦᠯᠴᠢ ᠳᠤ ᠡᠯᠡᠰᠦ ᠳᠤᠭᠤᠯᠤᠬᠰᠠᠨ ᠵᠠᠰᠠᠮᠠᠯ ᠵᠠᠮ ᠨᠡᠪᠳᠠᠷᠡᠨ᠂ ᠡᠯᠡᠰᠦᠨ | ᠭᠦᠨ ᠳᠠᠬᠢ ᠬᠥᠮᠥᠨ ᠠᠷᠠᠳ ᠲᠤ ᠬᠥᠭᠵᠢᠯ ᠪᠠᠳᠠᠷᠠᠯ ᠤᠨ ᠵᠠᠮ ᠢ ᠨᠡᠭᠡᠭᠡᠵᠦ᠂ ᠪᠦᠭᠦ ᠤᠯᠤᠰ ᠴᠢᠨᠠᠭᠰᠢᠯᠠᠪᠠᠯ | ᠳᠡᠯᠡᠬᠡᠢ ᠳ᠋ᠠᠬᠢᠨ ᠤ ᠦᠯᠢᠭᠡᠷ ᠵᠢᠱᠢᠶ᠎ᠡ ᠪᠣᠯᠤᠭᠰᠠᠨ ᠬᠥᠪᠴᠢ ᠶᠢᠨ ᠡᠯᠡᠰᠦᠨ ᠳᠤ ᠰᠢᠨ᠎ᠡ ᠳᠤᠮᠤᠭ ᠦᠷᠭᠦᠯᠵᠢᠯᠡᠵᠤ᠂ | ᠰᠢᠨ᠎ᠡ ᠭᠠᠶᠢᠬᠠᠮᠰᠢᠭ ᠢ ᠪᠢᠴᠢᠭᠯᠡᠭᠰᠡᠭᠡᠷ ᠁ | | ᠲᠠᠪᠤᠨ ᠦᠶ᠎ᠡ ᠶᠢᠨ ᠣᠶᠢᠵᠢᠭᠤᠯᠤᠭᠴᠢᠳ ᠤᠨ ᠵᠣᠷᠢᠭ ᠰᠠᠨᠠᠭ᠎ᠠ | | ᠲᠤᠮᠳᠠᠳᠤ ᠤᠯᠤᠰ ᠤᠨ ᠤᠮᠠᠷᠠᠲᠤ ᠬᠢᠵᠠᠭᠠᠷ ᠲᠤ ᠪᠠᠶᠢᠷᠢᠯᠠᠬᠤ ᠬᠥᠪᠴᠢ ᠶᠢᠨ ᠡᠯᠡᠰᠦ ᠨᠢ ᠣᠷᠳᠣᠰ ᠤᠨ | ᠥᠨᠳᠦᠷᠯᠢᠭ ᠢ ᠲᠣᠭᠤᠷᠢᠨ ᠤᠭᠠᠯᠵᠠᠯᠠᠨ ᠤᠷᠤᠰᠤᠭᠰᠠᠨ ᠬᠠᠳᠤᠨ ᠭᠤᠣᠯ ᠤᠨ ᠬᠦᠵᠦᠭᠦᠨ ᠳᠡᠭᠡᠷ᠎ᠡ ᠪᠤᠶᠤ ᠣᠷᠳᠣᠰ | ᠤᠨ ᠥᠨᠳᠦᠷᠯᠢᠭ ᠤᠨ ᠬᠤᠶᠢᠲᠤ ᠪᠡᠶ᠎ᠡ ᠶᠢᠨ ᠬᠠᠩᠭᠢᠨ ᠬᠤᠰᠢᠭᠤ᠂ ᠳᠠᠯᠠᠳ ᠬᠤᠰᠢᠭᠤ᠂ ᠵᠡᠭᠦᠨᠭᠠᠷ ᠬᠤᠰᠢᠭᠤᠨ ᠤ | ᠨᠤᠲᠤᠭ ᠳᠡᠭᠡᠷ᠎ᠡ ᠬᠥᠨᠳᠡᠯᠢᠰᠴᠦ ᠪᠠᠶᠢᠳᠠᠭ᠃ 3000 ᠵᠢᠯ ᠤᠨ ᠡᠮᠦᠨ᠎ᠡ ᠡᠨᠡ ᠨᠤᠲᠤᠭ ᠲᠤ ᠡᠪᠡᠰᠦ ᠮᠣᠳᠣ | ᠢᠭᠴᠤᠷᠠᠨ ᠨᠣᠮᠢᠨ ᠨᠣᠭᠤᠭᠠᠨ ᠨᠤᠲᠤᠭ ᠤᠰᠤᠨ ᠪᠠᠶᠢᠯ᠎ᠠ ᠭᠡᠵᠦ ︽ᠰᠢᠯᠦᠭᠯᠡᠯᠲᠦ ᠨᠣᠮ︾ ᠳᠤ ᠲᠡᠮᠳᠡᠭᠯᠡᠵᠦ | ᠪᠠᠶᠢᠳᠠᠭ ᠪᠣᠯ ᠲᠠᠩ ᠭᠦᠷᠦᠨ ᠤ ᠦᠶ᠎ᠡ ᠳᠤ ᠬᠥᠪᠴᠢ ᠶᠢᠨ ᠡᠯᠡᠰᠦ ᠨᠢ ︽ᠺᠦ᠋ ᠵᠢᠶᠧ ᠡᠯᠡᠰᠦ︾ ᠭᠡᠭᠳᠡᠳᠡᠭ | ᠪᠠᠶᠢᠭᠰᠠᠨ ᠪᠠ ᠮᠢᠩ ᠴᠢᠩ ᠤᠨ ᠦᠶ᠎ᠡ ᠳᠤ ᠥᠷᠭᠡᠵᠢᠨ ᠲᠡᠯᠡᠷᠡᠭᠰᠡᠨ ᠭᠡᠳᠡᠭ᠃ | | ᠬᠥᠪᠴᠢ ᠶᠢᠨ ᠡᠯᠡᠰᠦ ᠶᠢ ᠨᠣᠭᠤᠭᠠᠷᠠᠭᠤᠯᠬᠤ ᠠᠵᠢᠯ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ ᠴᠠᠭ | ᠦᠶ᠎ᠡ ᠠᠴᠠ ᠡᠬᠢᠯᠡᠭᠰᠡᠨ ᠶᠤᠮ᠃ ᠳᠡᠭᠡᠷ᠎ᠡ ᠵᠠᠭᠤᠨ ᠤ ᠳᠠᠪᠢᠭᠠᠳ ᠣᠨ ᠳᠤ ︽ᠬᠠᠭᠠᠯᠪᠤᠷᠢᠯᠠᠯᠲᠠ ᠶᠢ ᠬᠢᠵᠠᠭᠠᠷᠯᠠᠵᠤ᠂ | ᠪᠡᠯᠴᠢᠭᠡᠷ ᠢ ᠬᠠᠮᠠᠭᠠᠯᠠᠬᠤ︾᠂ ᠵᠢᠷᠠᠭᠠᠳ ᠣᠨ ᠳᠤ ︽ᠡᠪᠡᠰᠦ ᠮᠣᠳᠣ ᠳᠠᠷᠢᠵᠦ ᠦᠨᠳᠦᠰᠦᠨ ᠲᠠᠷᠢᠶᠠᠨ ᠭᠠᠵᠠᠷ ᠢ | ᠬᠠᠮᠠᠭᠠᠯᠠᠬᠤ︾᠂ ᠳᠠᠯᠠᠭᠠᠳ ᠣᠨ ᠳᠤ ︽ᠭᠠᠵᠠᠷ ᠳᠠᠷᠢᠶ᠎ᠠ ᠪᠡᠯᠴᠢᠭᠡᠷ ᠤᠰᠤ ᠤᠢ ᠰᠢᠭᠤᠢ ᠶᠢ ᠶᠡᠷᠦᠩᠬᠡᠶᠢᠯᠡᠨ | ᠵᠠᠰᠠᠬᠤ︾᠂ ᠨᠠᠶᠠᠭᠠᠳ ᠣᠨ ᠳᠤ ︽ᠤᠷᠭᠤᠮᠠᠯ ᠤᠨ ᠪᠦᠷᠬᠦᠴᠡ ᠶᠢ ᠨᠡᠮᠡᠭᠳᠡᠭᠦᠯᠬᠦ ᠠᠵᠢᠯ ᠢ ᠴᠢᠬᠤᠯᠠᠴᠢᠯᠠᠨ | ᠠᠳᠬᠤᠬᠤ︾ ᠭᠡᠬᠦᠴᠢᠯᠡᠨ ᠬᠥᠪᠴᠢ ᠶᠢᠨ ᠡᠯᠡᠰᠦ ᠶᠢ ᠵᠠᠰᠠᠵᠤ ᠡᠯᠡᠰᠦ ᠶᠢ ᠣᠶᠢᠵᠢᠭᠤᠯᠬᠤ ᠠᠵᠢᠯ ᠶᠡᠷᠦ ᠨᠢ | ᠲᠠᠰᠤᠯᠳᠠᠭ᠎ᠠ ᠦᠭᠡᠢ ᠶᠠᠪᠤᠭᠳᠠᠭᠰᠠᠭᠠᠷ ᠢᠷᠡᠭᠰᠡᠨ ᠪᠢᠯᠡ᠃ | | ︽ᠤᠮᠠᠷᠠᠲᠤ ᠶᠢᠨ ᠭᠤᠷᠪᠠᠨ ᠣᠷᠣᠨ︾ ᠤ ᠵᠣᠷᠢᠭ ᠰᠠᠨᠠᠭ᠎ᠠ ᠶᠢ ᠶᠠᠷᠢᠬᠤ ᠳᠤ ᠥᠪᠥᠷ ᠮᠣᠩᠭᠤᠯᠴᠤᠳ ᠤᠨ | ᠣᠶᠢᠵᠢᠭᠤᠯᠤᠯᠲᠠ ᠨᠣᠭᠤᠭᠠᠷᠠᠭᠤᠯᠤᠯᠲᠠ ᠳᠤᠷᠠᠳᠤᠬᠳᠠᠨᠠ; ᠥᠪᠥᠷ ᠮᠣᠩᠭᠤᠯᠴᠤᠳ ᠤᠨ ᠠᠮᠢ ᠠᠬᠤᠢ ᠶᠢᠨ | ᠪᠦᠲᠦᠭᠡᠨ ᠪᠠᠶᠢᠭᠤᠯᠤᠯᠲᠠ ᠶᠢ ᠳᠤᠷᠠᠳᠬᠤ ᠳᠤ ᠬᠥᠪᠴᠢ ᠶᠢᠨ ᠡᠯᠡᠰᠦ ᠶᠢ ᠨᠣᠭᠤᠭᠠᠷᠠᠭᠤᠯᠤᠨ ᠳᠡᠯᠡᠬᠡᠢ ᠳᠤ ᠠᠯᠳᠠᠷ | ᠨᠡᠷ᠎ᠡ ᠪᠠᠨ ᠲᠠᠮᠠᠭᠠᠯᠠᠭᠰᠠᠨ ᠬᠠᠩᠭᠢᠨᠴᠤᠳ ᠳᠤᠷᠠᠳᠤᠭᠳᠠᠨ᠎ᠠ᠃ | | ᠠᠪᠤ ᠬᠦᠦ ᠬᠤᠶᠠᠷ ᠣᠶᠢᠵᠢᠭᠤᠯᠤᠭᠴᠢ - | | ᠬᠠᠩᠭᠢᠨ ᠬᠤᠰᠢᠭᠤᠨ ᠤ ᠰᠢᠨᠡᠪᠠᠯᠭᠠᠰᠤ ᠠᠴᠠ ᠬᠤᠶᠢᠰᠢ ᠬᠠᠮᠤᠭ ᠤᠨ ᠰᠡᠭᠦᠯ ᠤᠨ ᠦᠶ᠎ᠡ ᠳᠤ ᠨᠡᠪᠲᠡᠷᠡᠭᠰᠡᠨ | ᠡᠯᠡᠰᠦ ᠳᠤᠭᠤᠯᠤᠬᠰᠠᠨ ᠮᠤᠵᠢ ᠶᠢᠨ ᠳᠡᠰ ᠤᠨ ᠵᠠᠰᠠᠮᠠᠯ ᠵᠠᠮ ᠢᠶᠠᠷ ᠳᠠᠪᠬᠢᠭᠤᠯᠵᠤ ᠳᠤᠭᠤᠶᠢᠳᠠᠯ᠎ᠠ ᠪᠠᠯᠭᠠᠰᠤ ᠶᠢᠨ | ᠲᠥᠭᠦᠷᠢᠭ ᠭᠠᠴᠠᠭᠠᠨ ᠤ ᠥᠷᠭᠡᠨᠳᠠᠯᠠᠢ ᠶᠢᠨ ᠬᠢᠨ ᠳᠤ ᠭᠦᠷᠦᠯ᠎ᠠ᠃ ᠬᠠᠩᠭᠢᠨ ᠬᠤᠰᠢᠭᠤᠨ ᠤ ᠬᠡᠪᠴᠢᠶᠡᠨ ᠳᠠᠬᠢ | ᠡᠯᠡᠰᠦ ᠳᠤᠭᠤᠯᠤᠬᠰᠠᠨ ᠵᠠᠰᠠᠮᠠᠯ ᠵᠠᠮ ᠨᠡᠶᠢᠳᠠ 5 ᠵᠤᠷᠪᠤᠰ ᠪᠠᠶᠢᠵᠤ ᠪᠦᠭᠦ ᠤᠷᠳᠤ ᠨᠢ 1000 ᠭᠠᠷᠤᠢ ᠺᠢᠯᠣᠮᠧᠲᠷ | ᠪᠣᠯᠣᠭᠠᠳ ᠪᠠᠶᠢᠭ᠎ᠠ ᠲᠤᠬᠠᠢ ᠬᠠᠮᠲᠤ ᠶᠠᠪᠤᠭ᠎ᠠ ᠬᠤᠰᠢᠭᠤᠨ ᠤ ᠤᠬᠠᠭᠤᠯᠬᠤ ᠬᠡᠯᠲᠡᠰ ᠤᠨ ᠸᠠᠩ ᠡᠷᠭᠢᠯᠡᠭᠴᠢ ᠪᠢᠳᠠᠨ | ᠳᠤ ᠲᠠᠨᠢᠯᠴᠠᠭᠤᠯᠪᠠ᠃ ᠮᠥᠷ ᠮᠥᠷ ᠢᠶᠠᠷ ᠵᠢᠭᠳᠡᠷᠡᠭᠰᠡᠨ ᠰᠢᠪᠠᠭ ᠬᠠᠷᠭᠠᠨ᠎ᠠ ᠪᠤᠷᠭᠠᠰᠤ᠂ ᠤᠳᠠ ᠤᠯᠢᠶᠠᠰᠤ ᠵᠢᠭᠳᠡ | ᠭᠡᠳ ᠦᠵᠡᠲᠡᠯ᠎ᠡ ᠬᠥᠮᠥᠨ ᠤ ᠬᠦᠴᠦ ᠪᠠᠷ ᠣᠶᠢᠵᠢᠭᠤᠯᠤᠭᠰᠠᠨ ᠲᠠᠷᠢᠮᠠᠯ ᠤᠢ ᠶᠢᠨ ᠳᠤᠮᠳᠠ ᠥᠷᠭᠡᠨᠳᠠᠯᠠᠢ ᠶᠢᠨ ᠬᠢ | ᠰᠠᠭᠤᠷᠢᠰᠢᠳᠠᠭ ᠠᠵᠢ᠃ ᠰᠢᠨ᠎ᠡ ᠵᠠᠭᠤᠨ ᠤ ᠡᠬᠢᠨ ᠤ ᠦᠶ᠎ᠡ ᠳᠤ ᠨᠤᠲᠤᠭ ᠤᠰᠤ ᠪᠠᠨ ᠣᠶᠢᠵᠢᠭᠤᠯᠵᠤ ᠮᠣᠳᠣ | ᠳᠠᠷᠢᠭᠠᠳ ᠳᠤᠮᠳᠠᠳᠤ ᠤᠯᠤᠰ ᠤᠨ ᠠᠷᠪᠠᠨ ᠰᠢᠯᠢᠳᠡᠭ ᠵᠠᠯᠠᠭᠤ᠂ ᠪᠦᠭᠦ ᠤᠯᠤᠰ ᠤᠨ ︽5·1︾ ᠤ ᠭᠦᠳᠡᠯᠮᠤᠷᠢ | ᠶᠢᠨ ᠵᠢᠱᠢᠶᠡᠴᠢ ᠭᠡᠬᠦᠴᠢᠯᠡᠨ ᠡᠩᠭᠡᠷ ᠳᠦᠭᠦᠷᠡᠩ ᠮᠧᠳᠠᠯ ᠭᠥᠷᠳᠡᠭᠰᠡᠨ ᠥᠷᠭᠡᠨᠳᠠᠯᠠᠢ ᠶᠢᠨ ᠳᠠᠷᠢᠵᠦ | ᠣᠶᠢᠵᠢᠭᠤᠯᠤᠭᠰᠠᠨ ᠪᠡᠯᠴᠢᠭᠡᠷ ᠢ ᠨᠢ ᠪᠢᠳᠠ ᠲᠡᠭᠦᠨ ᠤ ᠪᠠᠭ᠎ᠠ ᠬᠦᠦ ᠬᠦᠰᠡᠯᠲᠦ ᠲᠠᠢ ᠬᠠᠮᠲᠤ ᠦᠵᠡᠵᠦ ᠶᠠᠪᠤᠯ᠎ᠠ᠃ | | 1995 ᠣᠨ ᠳᠤ ᠳᠦᠷᠦᠭᠰᠡᠨ ᠬᠦᠰᠡᠯᠲᠦ ᠶᠡᠭᠡ ᠰᠤᠷᠭᠠᠭᠤᠯᠢ ᠳᠤ ᠰᠤᠷᠤᠯᠴᠠᠵᠦ ᠪᠠᠶᠢᠬᠤ ᠬᠤᠭᠤᠴᠠᠭᠠᠨ | ᠳᠠᠭᠠᠨ ᠴᠡᠷᠢᠭ ᠤᠨ ᠠᠯᠪᠠᠨ ᠳᠤ ᠬᠤᠶᠠᠷ ᠵᠢᠯ ᠶᠠᠪᠤᠵᠤ ᠳᠠᠭᠢᠨ ᠰᠤᠷᠭᠠᠭᠤᠯᠢ ᠳᠠᠭᠠᠨ ᠪᠤᠴᠠᠵᠤ ᠰᠤᠷᠤᠯᠭ᠎ᠠ ᠪᠠᠨ | ᠲᠡᠭᠦᠰᠬᠡᠭᠡᠳ ᠠᠪᠤ ᠶᠢᠨ ᠢᠶᠠᠨ ᠨᠤᠲᠤᠭ ᠮᠠᠯ ᠳᠡᠭᠡᠷ᠎ᠡ ᠪᠠᠨ ᠪᠤᠴᠠᠵᠤ ᠢᠷᠡᠭᠡᠳ ᠨᠢᠳᠤᠨᠤᠨ ᠬᠤᠷᠢᠮ ᠳᠦᠷᠦ ᠪᠠᠨ | ᠬᠢᠵᠦ ᠮᠠᠯᠴᠢᠨ ᠪᠣᠯᠤᠭᠰᠠᠨ ᠠᠵᠢ᠃ ᠥᠨᠥ ᠬᠦᠰᠡᠯᠲᠦ ᠶᠢᠨ ᠬᠦᠦ ᠨᠢ ᠬᠥᠮᠥᠨ ᠤ ᠨᠢᠳᠦ ᠪᠤᠯᠢᠶᠠᠭᠰᠠᠨ ᠵᠢᠭᠠᠯ | ᠠᠮᠢᠳᠠᠨ ᠲᠡᠨᠲᠦᠷ ᠮᠥᠨᠳᠥᠷ ᠠᠯᠬᠤᠨ᠎ᠠ᠃ ᠬᠠᠷ᠎ᠠ ᠪᠠᠭ᠎ᠠ ᠳᠠᠭᠠᠨ ᠬᠠᠨᠵᠤᠨ ᠳᠡᠭᠡᠷ᠎ᠡ ᠤᠶᠠᠭᠠᠲᠠᠢ ᠬᠤᠴᠣᠷᠳᠠᠭ | ᠪᠠᠶᠢᠭᠰᠠᠨ ᠬᠦᠰᠡᠯᠲᠦ ᠥᠨᠥᠳᠥᠷ ᠠᠪᠤ ᠪᠠᠨ ᠳᠠᠭᠠᠵᠦ ᠨᠤᠲᠤᠭ ᠤᠰᠤ ᠪᠠᠨ ᠣᠶᠢᠵᠢᠭᠤᠯᠬᠤ ᠠᠵᠢᠯ ᠳᠤ | ᠱᠠᠯᠠᠮᠠᠭᠠᠶᠢᠯᠠᠵᠤ ᠪᠠᠶᠢᠨ᠎ᠠ᠃ ︽ᠮᠢᠨᠤ ᠮᠡᠳᠡᠭᠡᠨ ᠳᠤ ᠣᠷᠣᠬᠤ ᠠᠴᠠ ᠡᠬᠢᠯᠡᠭᠡᠳ ᠠᠪᠤ ᠳᠠᠩᠳᠠ ᠮᠣᠳᠣᠨ ᠰᠣᠶᠤᠭ᠎ᠠ | ᠡᠭᠦᠷᠦᠭᠡᠳ ᠬᠥᠳᠡᠭᠡ ᠭᠠᠳᠠᠭ᠎ᠠ ᠶᠠᠪᠤᠳᠠᠭ ᠪᠠᠶᠢᠭᠰᠠᠨ᠂ ᠤᠳᠤ ᠮᠠᠰᠢᠨ ᠵᠢᠯᠣᠭᠤᠳᠤᠨ ᠥᠷᠥᠮᠳᠡᠭᠦᠷ ᠪᠠ ᠮᠣᠳᠣᠨ | ᠰᠣᠶᠤᠭ᠎ᠠ ᠲᠡᠭᠡᠭᠡᠵᠦ ᠡᠯᠡᠰᠦ ᠮᠠᠩᠬᠠᠨ ᠭᠠᠵᠠᠷ ᠢ ᠳᠠᠷᠢᠵᠦ ᠣᠶᠢᠵᠢᠭᠤᠯᠵᠤ ᠪᠠᠶᠢᠨ᠎ᠠ᠃ ᠠᠪᠤ ᠮᠢᠨᠢ ᠬᠤᠶᠢᠨ᠎ᠠ ᠡᠮᠦᠨ᠎ᠡ | ᠪᠠᠷᠤᠭ ᠠᠷᠪᠠᠭᠠᠳ ᠲᠦᠮᠡᠨ ᠮᠦ ᠭᠠᠵᠠᠷ ᠢ ᠨᠣᠭᠤᠭᠠᠷᠠᠭᠤᠯᠵᠤ ᠣᠶᠢᠵᠢᠭᠤᠯᠤᠭᠰᠠᠨ ᠪᠠᠶᠢᠬ᠎ᠠ᠂ ᠡᠨᠡ ᠬᠠᠪᠤᠷ ᠪᠢ ᠠᠪᠤ | ᠲᠠᠢ ᠪᠠᠨ ᠬᠤᠶᠠᠭᠤᠯᠠ ᠲᠦᠮᠡ ᠭᠠᠷᠤᠢ ᠮᠦ ᠮᠣᠳᠣ ᠳᠠᠷᠢᠭᠰᠠᠨ᠃ ᠮᠢᠨᠤ ᠬᠤᠪᠢ ᠳᠤ ᠳᠠᠷᠢᠵᠦ ᠣᠶᠢᠵᠢᠭᠤᠯᠬᠤ ᠨᠢ | ᠨᠤᠲᠤᠭ ᠤᠰᠤ ᠪᠠᠨ ᠨᠡᠩ ᠦᠵᠡᠰᠬᠦᠯᠡᠩᠲᠦ ᠰᠠᠶᠢᠬᠠᠨ ᠪᠣᠯᠭᠠᠨ ᠪᠦᠲᠦᠭᠡᠨ ᠪᠠᠶᠢᠭᠤᠯᠬᠤ ᠶᠢᠨ ᠲᠥᠯᠥᠭᠡ ᠶᠤᠮ︾ | ᠭᠡᠵᠦ ᠢᠲᠡᠭᠡᠯ ᠳᠦᠭᠦᠷᠡᠩ ᠶᠠᠷᠢᠬᠤ ᠡᠨᠡ ᠵᠠᠯᠠᠭᠤ ᠶᠢᠨ ᠬᠠᠷᠠᠴᠠ ᠠᠴᠠ ᠢᠷᠡᠭᠡᠳᠦᠢ ᠤᠩᠰᠢᠭᠳᠠᠵᠤ ᠪᠠᠶᠢᠯ᠎ᠠ᠃ | | ᠵᠤᠷᠠ ᠭᠡᠬᠦ ᠡᠨᠡ ᠬᠦ ᠡᠯᠡᠰᠦᠨ ᠨᠤᠲᠤᠭ ᠲᠤ ᠥᠷᠭᠡᠨᠳᠠᠯᠠᠢ ᠳᠡᠭᠡᠷ᠎ᠡ ᠵᠠᠭᠤᠨ ᠤ ᠨᠠᠶᠠᠭᠠᠳ ᠣᠨ ᠳᠤ ᠠᠪᠤ | ᠠᠴᠠ ᠪᠠᠨ ᠡᠷᠦᠭᠡ ᠲᠤᠰᠠᠭᠠᠷᠯᠠᠵᠤ ᠠᠶᠢᠯ ᠪᠣᠯᠵᠠᠢ᠃ ᠡᠯᠡᠰᠦᠨ ᠪᠠᠯᠠᠷ ᠲᠤ ᠡᠷᠦᠭᠡ ᠭᠡᠷ ᠢᠶᠠᠨ ᠪᠠᠶᠢᠭᠤᠯᠤᠭᠰᠠᠨ | ᠪᠣᠯᠬᠤᠷ ︽ᠠᠮᠢᠳᠤᠷᠠᠬᠤ ᠶᠢᠨ ᠲᠥᠯᠥᠭᠡ ᠯᠠ ᠮᠣᠳᠣ ᠳᠠᠷᠢᠵᠦ ᠡᠬᠢᠯᠡᠭᠰᠡᠨ᠃ ᠣᠶᠢᠵᠢᠭᠤᠯᠤᠯᠲᠠ ᠠᠴᠠ ᠠᠰᠢᠭ | ᠭᠥᠷᠳᠡᠭᠰᠡᠨ ᠪᠢ ᠥᠭᠡᠷ᠎ᠡ ᠪᠤᠰᠤᠳ ᠲᠤ ᠨᠡᠩ ᠰᠠᠶᠢᠨ ᠰᠠᠶᠢᠬᠠᠨ ᠠᠮᠢᠳᠤᠷᠠᠯ ᠤᠨ ᠣᠷᠴᠢᠨ ᠢ ᠪᠤᠢ ᠪᠤᠯᠭᠠᠬᠤ ᠶᠢᠨ | ᠲᠥᠯᠥᠭᠡ ᠢᠯᠡᠭᠦᠦ ᠰᠠᠶᠢᠨ ᠣᠶᠢᠵᠢᠭᠤᠯᠬᠤ ᠶᠢ ᠬᠢᠴᠢᠶᠡᠵᠦ ᠪᠠᠶᠢᠨ᠎ᠠ᠃ ᠳᠠᠷᠢᠵᠦ ᠣᠶᠢᠵᠢᠭᠤᠯᠬᠤ ᠠᠵᠢᠯ | ᠦᠯᠡᠳᠡᠭᠰᠡᠨ ᠠᠮᠢᠳᠤᠷᠠᠯ ᠤᠨ ᠮᠠᠨᠢ ᠵᠣᠷᠢᠯᠭ᠎ᠠ ᠪᠣᠯᠣᠭᠠᠳ ᠪᠠᠶᠢᠭ᠎ᠠ︾ ᠭᠡᠵᠦ ᠳᠠᠪᠢᠨ ᠵᠢᠷᠭᠤᠭᠠᠲᠠᠢ ᠥᠷᠭᠡᠨᠳᠠᠯᠠᠢ | ᠶᠠᠷᠢᠵᠤ ᠪᠠᠶᠢᠯ᠎ᠠ᠃ | | ᠡᠯᠡᠰᠦᠨ ᠭᠦᠨ ᠳᠠᠬᠢ ᠡᠪᠦᠭᠡᠨ ᠱᠦᠵᠢ - | | ᠳᠤᠭᠤᠶᠢᠳᠠᠯ᠎ᠠ ᠪᠠᠯᠭᠠᠰᠤ ᠶᠢᠨ ᠳᠠᠭᠤᠲᠤ ᠭᠠᠴᠠᠭᠠᠨ ᠤ ᠤᠤᠯ ᠤᠨ ᠨᠠᠮ ᠤᠨ ᠡᠭᠦᠷ ᠤᠨ ᠱᠦᠵᠢ ᠪᠠᠶᠢᠭᠰᠠᠨ | ᠴᠧᠨ ᠨᠢᠩᠪᠤ ᠪᠢᠳᠠᠨ ᠳᠤ ᠬᠥᠪᠴᠢ ᠶᠢᠨ ᠡᠯᠡᠰᠦᠨ ᠤ ᠮᠠᠯᠴᠢᠳ ᠠᠮᠢᠳᠤᠷᠠᠬᠤ ᠠᠷᠭ᠎ᠠ ᠦᠭᠡᠢ ᠳᠡᠭᠡᠨ ᠭᠠᠳᠠᠭᠰᠢ | ᠠᠵᠢᠯ ᠬᠢᠬᠦ ᠪᠠᠷ ᠶᠠᠪᠤᠵᠤ ᠪᠠᠶᠢᠭᠰᠠᠨ ᠲᠤᠬᠠᠢ ᠪᠠᠨ ᠡᠷᠭᠢᠴᠡᠭᠦᠯᠵᠦ ᠪᠢᠯᠡ᠃ ︽ᠵᠢᠯ ᠤᠨ ᠵᠢᠯ ᠢᠶᠠᠷ ᠳᠡᠭᠳᠡᠬᠦ ᠰᠠᠯᠬᠢ | ᠰᠢᠭᠤᠷᠭ᠎ᠠ ᠨᠢᠭᠡ ᠵᠤᠪᠠᠯᠠᠩ᠂ ᠬᠠᠳᠤᠨ ᠭᠤᠣᠯ ᠭᠡᠰᠴᠦ ᠬᠥᠯᠳᠡᠬᠦ ᠦᠶ᠎ᠡ ᠶᠢᠨ ᠰᠦᠩ ᠬᠠᠯᠢᠶ᠎ᠠ ᠦᠶᠡᠷ ᠤᠰᠤᠳᠤᠯ | ᠪᠠᠰᠠ ᠨᠢᠭᠡ ᠬᠡᠴᠡᠭᠦᠦ ᠵᠤᠪᠠᠯᠠᠩ ᠪᠠᠶᠢᠭᠰᠠᠨ᠃ ᠡᠯᠡᠰᠦᠨ ᠠᠴᠠ ᠳᠤᠲᠠᠭᠠᠵᠤ ᠨᠢᠭᠡ᠂ ᠦᠶᠡᠷ ᠠᠴᠠ ᠪᠤᠷᠤᠭᠤᠯᠠᠵᠤ | ᠨᠢᠭᠡ ᠬᠡᠳᠦᠶᠢᠴᠢᠨᠡᠨ ᠨᠡᠭᠦᠭᠰᠡᠨ ᠢ ᠮᠡᠳᠡᠬᠦ ᠦᠭᠡᠢ︾ ᠭᠡᠵᠦ ᠡᠪᠦᠭᠡᠨ ᠱᠦᠵᠢ ᠲᠣᠯᠣᠭᠠᠢ ᠰᠡᠭᠰᠦᠷᠦᠨ᠎ᠡ᠃ ᠬᠠᠮᠠᠷ | ᠲᠤᠨᠢ ᠤᠳᠤᠭ᠎ᠠ ᠣᠷᠣᠭᠠᠳ ᠢᠷᠡᠬᠦᠯᠡᠷ ᠬᠥᠮᠥᠨ ᠪᠦᠭᠦᠨ ᠰᠡᠭᠡᠰᠬᠢᠵᠦ᠂ ᠠᠮᠢ ᠠᠬᠤᠢ ᠪᠠᠨ ᠰᠡᠷᠭᠦᠭᠡᠨ᠎ᠡ᠂ ᠡᠯᠡᠰᠦ | ᠮᠠᠩᠬ᠎ᠠ ᠶᠢ ᠨᠣᠭᠤᠭᠠᠷᠠᠭᠤᠯᠤᠨ᠎ᠠ ᠭᠡᠴᠢᠬᠡᠭᠰᠡᠨ ᠴᠢᠳᠠᠯ ᠴᠢᠳᠠᠯ ᠢᠶᠠᠷ ᠢᠶᠠᠨ ᠮᠤᠩᠭᠠᠨᠢᠵᠤ ᠡᠬᠢᠯᠡᠭᠰᠡᠨ ᠠᠵᠢ᠃ | | ᠨᠠᠰᠤ ᠪᠠᠷ ᠢᠶᠠᠨ ᠨᠤᠲᠤᠭ ᠤᠨ ᠮᠠᠯᠴᠢᠳ ᠢᠶᠠᠨ ᠳᠠᠶᠢᠴᠢᠯᠠᠨ ᠣᠶᠢᠵᠢᠭᠤᠯᠤᠯᠲᠠ ᠬᠢᠵᠦ ᠶᠠᠪᠤᠭᠰᠠᠨ ᠴᠧᠨ | ᠨᠢᠩᠪᠤ ᠤᠳᠤ ᠳᠠᠯᠠᠨ ᠨᠠᠰᠤ ᠶᠢ ᠵᠣᠭᠤᠭᠯᠠᠵᠤ ᠶᠠᠪᠤᠭ᠎ᠠ ᠴᠤ ᠨᠤᠲᠤᠭ ᠢᠶᠠᠨ ᠰᠠᠬᠢᠵᠤ ᠬᠡᠳᠦᠨ ᠮᠠᠯ ᠢᠶᠠᠨ ᠬᠠᠷᠠᠨ | ᠣᠶᠢᠵᠢᠭᠤᠯᠤᠭᠰᠠᠨ ᠪᠡᠯᠴᠢᠭᠡᠷ ᠤᠰᠤ ᠪᠠᠨ ᠬᠠᠮᠠᠭᠠᠯᠠᠵᠤ ᠶᠠᠪᠤᠨ᠎ᠠ᠃ | | - ᠥᠩᠭᠡᠷᠡᠭᠰᠡᠨ ᠳᠤ ᠵᠠᠮ ᠬᠠᠷᠢᠯᠴᠠᠭ᠎ᠠ ᠨᠡᠪᠲᠡᠷᠡᠭᠡ ᠦᠭᠡᠢ ᠪᠠᠶᠢᠬᠤ ᠳᠤ ᠲᠡᠮᠡᠭᠡ ᠪᠠᠷ ᠨᠢᠭᠡ ᠡᠳᠦᠷ ᠠᠶᠠᠯᠠᠨ | ᠪᠠᠶᠢᠵᠤ ᠬᠦᠨᠡᠰᠦ ᠪᠤᠳᠠᠭ᠎ᠠ ᠪᠠᠨ ᠲᠡᠭᠡᠭᠡᠵᠦ ᠠᠪᠴᠢᠷᠠᠳᠠᠭ᠂ ᠤᠳᠤ ᠵᠠᠰᠠᠮᠠᠯ ᠵᠠᠮ ᠨᠡᠪᠲᠡᠷᠡᠭᠡᠳ ᠡᠳᠦᠷ ᠤᠨ ᠠᠶᠠᠨ ᠢ | ᠴᠠᠭ ᠢᠶᠠᠷ ᠲᠣᠪᠴᠢᠯᠠᠵᠤ ᠪᠠᠶᠢᠨ᠎ᠠ᠃ | - | - ᠡᠨᠡ ᠬᠤᠶᠠᠷ ᠵᠢᠯ ᠡᠯᠡᠰᠦᠨ ᠨᠤᠲᠤᠭ ᠨᠣᠭᠤᠭᠠᠷᠠᠵᠤ ᠰᠠᠶᠢᠵᠢᠷᠠᠬᠤ ᠶᠢ ᠳᠠᠭᠠᠯᠳᠤᠨ ᠨᠤᠲᠤᠭ ᠲᠠᠭᠠᠨ | ᠪᠤᠴᠠᠨ ᠢᠷᠡᠵᠦ ᠪᠠᠶᠢᠭ᠎ᠠ ᠮᠠᠯᠴᠢᠳ ᠴᠤ ᠴᠥᠭᠡᠨ ᠪᠤᠰᠤ ᠪᠤᠢ᠃ | - | - | - - ᠨᠡᠯᠦᠭᠡᠷ ᠴᠠᠭᠠᠨ ᠡᠯᠡᠰᠦ ᠦᠷᠭᠦᠯᠵᠢᠯᠡᠵᠦ᠂ ᠢᠮᠠᠬᠤ ᠡᠪᠡᠰᠦ ᠤᠷᠭᠤᠬᠤ ᠦᠭᠡᠢ ᠥᠨᠥᠴᠢᠨ ᠠᠮᠢᠳᠠᠨ | ᠣᠷᠣᠩᠨᠠᠬᠤ ᠠᠷᠭ᠎ᠠ ᠦᠭᠡᠢ ᠵᠢᠯ ᠤᠨ ᠵᠢᠯ ᠢᠶᠠᠷ ᠰᠠᠯᠬᠢᠯᠠᠳᠠᠭ ᠬᠥᠪᠴᠢ ᠶᠢᠨ ᠡᠯᠡᠰᠦ ︽ᠲᠠᠮᠤ ᠶᠢᠨ ᠣᠷᠣᠨ︾ | ᠭᠡᠭᠳᠡᠳᠡᠭ ᠢᠶᠠᠷ ᠢᠶᠠᠨ ᠳᠡᠯᠡᠬᠡᠢ ᠳᠤ ᠨᠡᠷ᠎ᠡ ᠭᠠᠷᠴᠤ ᠪᠠᠶᠢᠭᠰᠠᠨ ᠪᠣᠯ ᠥᠨᠥᠳᠥᠷ 6000 ᠭᠠᠷᠤᠢ ᠲᠡᠭᠰᠢ | ᠳᠥᠷᠪᠡᠯᠵᠢᠨ ᠺᠢᠯᠣᠮᠧᠲᠷ ᠳᠠᠯᠠᠪᠠᠢ ᠪᠦᠬᠦᠢ ᠡᠯᠡᠰᠦ ᠮᠠᠩᠬ᠎ᠠ ᠨᠢ ᠣᠶᠢᠵᠢᠨ ᠨᠣᠭᠤᠭᠠᠷᠠᠵᠤ᠂ 100 ᠭᠠᠷᠤᠢ ᠲᠦᠷᠤᠯ | ᠤᠨ 500 ᠭᠠᠷᠤᠢ ᠵᠦᠢᠯ ᠤᠨ ᠠᠮᠢᠳᠠᠨ ᠤᠷᠭᠤᠮᠠᠯ ᠲᠠᠢ ᠨᠣᠮᠢᠨ ᠨᠣᠭᠤᠭᠠᠨ ᠠᠮᠢ ᠠᠬᠤᠢ ᠶᠢᠨ ᠰᠢᠰᠲ᠋ᠧᠮ ᠢ | ᠪᠦᠷᠢᠯᠳᠦᠭᠦᠯᠦᠨ ᠳᠡᠯᠡᠬᠡᠢ ᠲᠦᠮᠡᠨ ᠳᠤ ᠦᠯᠢᠭᠡᠷ ᠵᠢᠱᠢᠶ᠎ᠡ ᠪᠣᠯᠵᠤ ᠪᠠᠶᠢᠨ᠎ᠠ᠃ | - | - ᠡᠪᠦᠭᠡᠨ ᠱᠦᠵᠢ ᠴᠧᠨ ᠨᠢᠩᠪᠤ ᠭᠤᠸᠠᠢ ᠶᠢᠨ ᠶᠠᠷᠢᠬᠤ ᠦᠯᠢᠭᠡᠷ ᠰᠢᠤᠬᠠᠨ ᠦᠨᠡᠨ ᠤᠶᠢᠯᠠ ᠤᠴᠢᠷ ᠤᠳ | ᠪᠢᠳᠠᠨ ᠳᠤ ᠬᠥᠪᠴᠢ ᠶᠢᠨ ᠡᠯᠡᠰᠦᠨ ᠤ ᠬᠥᠭᠵᠢᠯᠲᠡ ᠬᠤᠪᠢᠷᠠᠯᠲᠠ ᠶᠢᠨ ᠲᠡᠦᠬᠡ ᠶᠢ ᠳᠡᠯᠭᠡᠵᠦ ᠪᠢᠯᠡ᠃ | - | - ︽ᠡᠯᠡᠰᠦᠨ ᠤ ᠰᠠᠷᠭᠠᠢ︾ ᠶᠢᠨ ᠢᠲᠡᠭᠡᠯ ᠪᠠᠭ᠋ᠠᠳᠤᠯ - | - | - ᠳᠤᠭᠤᠶᠢᠳᠠᠯ᠎ᠠ ᠪᠠᠯᠭᠠᠰᠤ ᠶᠢᠨ ᠳᠠᠭᠤᠲᠤ ᠭᠠᠴᠠᠭᠠᠨ ᠤ ᠤᠳᠬᠠᠨᠬᠤᠸᠠᠷ ᠪᠣᠯ ᠬᠥᠪᠴᠢ ᠶᠢᠨ ᠡᠯᠡᠰᠦᠨ ᠤ | ᠣᠶᠢᠵᠢᠭᠤᠯᠤᠯᠲᠠ ᠶᠢᠨ ᠠᠷᠭ᠎ᠠ ᠶᠢ ᠪᠦᠭᠦ ᠤᠯᠤᠰ ᠤᠨ ᠡᠯ᠎ᠡ ᠭᠠᠵᠠᠷ ᠲᠤ ᠲᠦᠭᠡᠮᠡᠯᠵᠢᠭᠦᠯᠦᠭᠰᠡᠨ ᠬᠥᠮᠥᠨ ᠤ ᠨᠢᠭᠡ᠃ | ᠳᠡᠭᠡᠷ᠎ᠡ ᠵᠠᠭᠤᠨ ᠤ ᠳᠠᠯᠠᠭᠠᠳ ᠣᠨ ᠳᠤ ᠳᠦᠷᠦᠭᠰᠡᠨ ᠤᠳᠬᠠᠨᠬᠤᠸᠠᠷ ᠵᠢᠷᠭᠢᠶ᠎ᠡ ᠶᠢᠨ ᠨᠡᠷ᠎ᠡ ᠪᠠᠨ ︽ᠡᠯᠡᠰᠦᠨ ᠤ | ᠰᠠᠷᠭᠠᠢ︾ ᠭᠡᠵᠦ ᠠᠪᠤᠭᠰᠠᠨ ᠨᠢ ᠪᠠᠰᠠ ᠤᠴᠢᠷᠲᠠᠢ ᠰᠠᠨ᠃ ᠭᠡᠭᠡᠨ ᠴᠠᠭᠠᠨ ᠥᠩᠭᠡ ᠵᠢᠰᠦ ᠲᠠᠢ ᠡᠨᠡ ᠪᠦᠰᠡᠭᠦᠢ ᠶᠢ | ᠡᠯᠡᠰᠦᠨ ᠨᠤᠲᠤᠭ ᠤᠨ ᠬᠥᠮᠥᠨ ᠭᠡᠬᠦ ᠳᠤ ᠢᠲᠡᠭᠡᠵᠦ ᠶᠠᠳᠠᠮᠠᠷ᠂ ᠲᠦᠷᠦᠭᠰᠡᠨ ᠨᠢ ᠭᠡᠭᠡᠯᠢᠭ᠂ ᠬᠢᠭᠰᠡᠨ ᠪᠦᠲᠦᠭᠡᠭᠰᠡᠨ | ᠦᠢᠯᠡᠰ ᠨᠢ ᠪᠠᠰᠠ ᠭᠡᠭᠡᠯᠢᠭ ᠪᠣᠯᠬᠤᠷ ᠡᠯᠡᠰᠦᠨ ᠨᠤᠲᠤᠭ ᠲᠠᠭᠠᠨ ᠰᠠᠷᠭᠠᠢ ᠴᠡᠴᠡᠭ ᠰᠢᠭ ᠳᠡᠯᠭᠡᠷᠡᠵᠦ ᠬᠤᠯᠠ ᠣᠶᠢᠷ᠎ᠠ | ᠳᠤ ᠠᠯᠳᠠᠷᠰᠢᠭᠰᠠᠨ ᠪᠣᠯᠬᠤᠷ ᠬᠥᠮᠥᠰ ᠲᠡᠭᠦᠨ ᠢ ︽ᠡᠯᠡᠰᠦᠨ ᠤ ᠰᠠᠷᠭᠠᠢ︾ ᠭᠡᠳᠡᠭ ᠪᠣᠯᠵᠠᠢ᠃ | - | - ᠢ ᠯᠢ ᠺᠤᠮᠫᠠᠨᠢ ᠳᠡᠭᠡᠷ᠎ᠡ ᠵᠠᠭᠤᠨ ᠤ ᠶᠡᠷᠡᠭᠡᠳ ᠣᠨ ᠠᠴᠠ ᠬᠥᠪᠴᠢ ᠶᠢᠨ ᠡᠯᠡᠰᠦᠨ ᠳᠤ ᠶᠡᠭᠡ ᠬᠡᠪᠴᠢᠶ᠎ᠡ | ᠪᠠᠷ ᠣᠶᠢᠵᠢᠭᠤᠯᠤᠯᠲᠠ ᠬᠢᠵᠦ ᠨᠤᠲᠤᠭ ᠤᠨ ᠮᠠᠯᠴᠢᠳ ᠢ ᠡᠳᠦᠷ ᠤᠨ 200 ᠲᠥᠭᠦᠷᠢᠭ ᠢᠶᠠᠷ ᠬᠥᠯᠥᠰᠦᠯᠡᠨ ᠮᠣᠳᠣ | ᠳᠠᠷᠢᠭᠤᠯᠪᠠ᠃ 1998 ᠣᠨ ᠤ ᠦᠶ᠎ᠡ ᠳᠤ ᠪᠠᠩᠬᠢ ᠳᠤ ᠰᠠᠷ᠎ᠠ ᠶᠢᠨ ᠭᠤᠷᠪᠠᠨ ᠵᠠᠭᠤᠭᠠᠳ ᠲᠥᠭᠦᠷᠢᠭ ᠤᠨ ᠴᠠᠯᠢᠩ | ᠢᠳᠡᠵᠦ ᠠᠮᠤᠷ ᠲᠠᠶᠢᠪᠤᠩ ᠠᠵᠢᠯᠯᠠᠵᠤ ᠪᠠᠶᠢᠭᠰᠠᠨ ᠤᠳᠬᠠᠨᠬᠤᠸᠠᠷ ᠡᠨᠡ ᠬᠦ ᠣᠶᠢᠵᠢᠭᠤᠯᠤᠯᠲᠠ ᠶᠢᠨ ᠳᠠᠶᠢᠴᠢᠯᠠᠯᠲᠠ | ᠳᠤ ᠲᠠᠲᠠᠭᠳᠠᠵᠤ ᠰᠢᠭᠤᠳ ᠯᠠ ᠮᠣᠳᠣ ᠳᠠᠷᠢᠬᠤ ᠠᠵᠢᠯ ᠳᠤ ᠨᠢᠭᠡᠳᠪᠡ᠃ ᠡᠯᠡᠰᠦ ᠭᠡᠪᠡᠯ ᠲᠣᠯᠣᠭᠠᠢ ᠶᠢᠨ ᠦᠰᠦ ᠨᠢ | ᠠᠷᠵᠠᠶᠢᠳᠠᠭ ᠪᠠᠶᠢᠭᠰᠠᠨ ᠳᠡᠷᠡ ᠡᠯᠡᠰᠦ ᠮᠠᠩᠬ᠎ᠠ ᠶᠢᠨ ᠨᠣᠭᠤᠭᠠᠷᠠᠬᠤ ᠶᠢ ᠬᠠᠷᠠᠭᠠᠳ ᠢᠲᠡᠭᠡᠯ ᠵᠣᠷᠢᠭ ᠬᠥᠪᠴᠢᠯᠡᠭᠳᠡᠵᠦ | ᠂ 2009 ᠣᠨ ᠠᠴᠠ ᠦᠪᠡᠰᠤᠪᠠᠨ ᠡᠯᠡᠰᠦᠨ ᠭᠠᠵᠠᠷ ᠳᠠᠭᠠᠭᠠᠴᠢᠯᠠᠨ ᠠᠪᠴᠤ ᠲᠤᠰᠬᠠᠢ ᠠᠵᠢᠯᠯᠠᠬᠤ ᠪᠦᠯᠭᠦᠮ | ᠪᠠᠶᠢᠭᠤᠯᠤᠨ ᠣᠶᠢᠵᠢᠭᠤᠯᠤᠯᠲᠠ ᠬᠢᠵᠦ ᠡᠬᠢᠯᠡᠪᠡ᠃ | - | - ᠰᠡᠴᠡᠨ ᠰᠡᠷᠭᠦᠯᠡᠩ ᠭᠦᠳᠡᠯᠮᠤᠷᠢᠴᠢ ᠠᠪᠬᠠᠯᠵᠢ ᠡᠨᠡ ᠪᠦᠰᠡᠭᠦᠢ ᠣᠶᠢᠵᠢᠭᠤᠯᠤᠯᠲᠠ ᠶᠢᠨ ᠪᠦᠯᠭᠦᠮ ᠢᠶᠠᠨ | ᠳᠠᠭᠠᠭᠤᠯᠤᠨ 2014 ᠣᠨ ᠳᠤ ᠰᠢᠨᠵᠢᠶᠠᠩ ᠤᠨ ᠡᠯᠡᠰᠦᠨ ᠴᠦᠯ ᠳᠤ 1500 ᠮᠦ ᠪᠤᠷᠭᠠᠰᠤ ᠪᠠ ᠤᠯᠠᠭᠠᠨ | ᠪᠤᠷᠭᠠᠰᠤ᠂ 200 ᠮᠦ ᠰᠢᠬᠢᠷ ᠡᠪᠡᠰᠦ ᠳᠠᠷᠢᠪᠠ; 2017 ᠣᠨ ᠳᠤ ᠬᠥᠬᠡᠨᠠᠭᠤᠷ ᠲᠥᠪᠡᠳ ᠤᠨ ᠥᠨᠳᠦᠷᠯᠢᠭ | ᠲᠤ 1200 ᠮᠦ ᠣᠶᠢᠵᠢᠭᠤᠯᠤᠯᠲᠠ ᠭᠢᠪᠡ; 2019 ᠣᠨ ᠳᠤ ᠲᠦᠩᠯᠢᠶᠣᠣ ᠬᠤᠳᠠ ᠶᠢᠨ ᠺᠠᠶᠢᠯᠤ ᠰᠢᠶᠠᠨ ᠳᠤ | ᠰᠢᠬᠢᠷ ᠡᠪᠡᠰᠦ ᠵᠡᠷᠭᠡ ᠡᠮ ᠤᠨ ᠮᠠᠲ᠋ᠧᠷᠢᠶᠠᠯ ᠳᠠᠷᠢᠪᠠ ᠁ ᠢᠩᠭᠢᠵᠦ ᠨᠤᠲᠤᠭ ᠢᠶᠠᠨ ᠣᠶᠢᠵᠢᠭᠤᠯᠤᠭᠠᠳ | ᠵᠤᠬᠰᠤᠬᠤ ᠦᠭᠡᠢ ᠭᠠᠳᠠᠷ ᠮᠤᠵᠢ ᠣᠷᠣᠨ ᠳᠤ ᠣᠶᠢᠵᠢᠭᠤᠯᠤᠯᠲᠠ ᠬᠢᠭᠰᠡᠨ ᠪᠣᠯᠬᠤᠷ ᠳᠡᠷᠡ ︽ᠪᠦᠭᠦ ᠤᠯᠤᠰ ᠤᠨ | ᠦᠨᠳᠦᠰᠦᠲᠡᠨ ᠤ ᠪᠦᠯᠬᠦᠮᠳᠡᠯ ᠳᠠᠪᠰᠢᠯᠳᠠ ᠶᠢᠨ ᠲᠡᠷᠢᠭᠦᠨ ᠤ ᠬᠤᠪᠢ ᠬᠥᠮᠥᠨ︾ ᠪᠣᠯᠵᠤ ᠣᠯᠠᠨ᠎ᠠ ᠠᠯᠳᠠᠷ | ᠮᠠᠨᠳᠤᠵᠠᠢ᠃ ᠡᠯᠡᠰᠦ ᠭᠡᠪᠡᠯ ᠠᠶᠤᠳᠠᠭ ᠪᠠᠶᠢᠭᠰᠠᠨ ᠤᠳᠬᠠᠨᠬᠤᠸᠠᠷ ᠥᠨᠥᠳᠥᠷ ︽ᠡᠯᠡᠰᠦ ᠮᠠᠩᠬ᠎ᠠ ᠨᠠᠳᠠ ᠳᠤ ᠣᠨᠴᠠ | ᠶᠢᠨ ᠬᠠᠯᠠᠭᠤᠨ ᠳᠣᠲᠣᠨᠣ ᠰᠠᠨᠠᠭᠳᠠᠳᠠᠭ ᠪᠣᠯᠤᠭᠰᠠᠨ᠂ ᠮᠠᠩᠬᠠᠨ ᠨᠤᠲᠤᠭ ᠮᠠᠨᠢ ᠨᠣᠭᠤᠭᠠᠷᠠᠵᠤ ᠪᠠᠶᠢᠨ᠎ᠠ᠂ ᠮᠠᠩᠬᠠᠨ | ᠨᠤᠲᠤᠭ ᠪᠠᠨ ᠲᠦᠰᠢᠵᠦ᠂ ᠮᠠᠨ ᠤ ᠤᠷᠤᠯᠭ᠎ᠠ ᠴᠤ ᠨᠡᠮᠡᠭᠳᠡᠭᠰᠡᠨ ᠠ᠋︾ ᠭᠡᠵᠦ ᠢᠲᠡᠭᠡᠯ ᠪᠠᠭ᠋ᠠᠳᠤᠯ ᠲᠠᠢ ᠶᠠᠷᠢᠵᠤ | ᠪᠠᠶᠢᠪᠠ᠃ | - | - ᠡᠯᠡᠰᠦᠨ ᠲᠣᠭᠲᠠᠪᠤᠷᠢᠵᠢᠨ ᠨᠣᠭᠤᠭᠠᠷᠠᠵᠤ ᠡᠬᠢᠯᠡᠭᠰᠡᠨ ᠨᠢ ᠲᠡᠦᠬᠡᠲᠦ ᠡᠷᠭᠢᠯᠲᠡ ᠶᠢ ᠪᠤᠢ ᠪᠤᠯᠭᠠᠬᠰᠠᠨ | ᠪᠥᠭᠡᠳ ᠬᠥᠪᠴᠢ ᠶᠢᠨ ᠡᠯᠡᠰᠦᠨ ᠳᠤ ᠠᠮᠢ ᠠᠬᠤᠢ᠂ ᠠᠵᠤ ᠠᠬᠤᠢ ᠪᠦᠭᠦ ᠲᠠᠯ᠎ᠠ ᠪᠠᠷ ᠬᠥᠭᠵᠢᠭᠰᠡᠨ ᠰᠢᠨ᠎ᠡ ᠵᠠᠮ ᠢ | ᠨᠡᠭᠡᠭᠡᠵᠡᠢ᠃ ᠬᠥᠪᠴᠢ ᠶᠢᠨ ᠡᠯᠡᠰᠦᠨ ᠤ ᠣᠶᠢᠵᠢᠭᠤᠯᠤᠯᠲᠠ ᠬᠥᠭᠵᠢᠯᠲᠡ ᠨᠢ ︽ᠬᠥᠬᠡᠮᠳᠦᠭ ᠨᠣᠭᠤᠭᠠᠨ ᠠᠭᠤᠯᠠ | ᠤᠰᠤ ᠪᠣᠯ ᠠᠯᠳᠠ ᠮᠥᠩᠭᠦᠨ ᠠᠭᠤᠯᠠ ᠮᠥᠨ︾ ᠭᠡᠬᠦ ᠣᠶᠢᠯᠠᠭᠠᠭᠳᠠᠬᠤᠨ ᠤ ᠪᠣᠳᠠᠲᠤ ᠦᠢᠯᠡᠳᠦᠯᠭᠡ ᠪᠣᠯᠤᠭᠰᠠᠨ | ᠶᠤᠮ᠃ | - | - ᠤᠷᠭᠢᠯ ᠤᠨ ᠭᠠᠯ ᠬᠠᠯᠠᠭᠤᠨ ᠮᠥᠷᠥᠭᠡᠳᠦᠯ - | - | - ᠣᠷᠳᠣᠰᠴᠤᠳ ᠬᠥᠪᠴᠢ ᠶᠢᠨ ᠡᠯᠡᠰᠦᠨ ᠴᠦᠯ᠂ ᠮᠤᠤᠡᠤᠰᠤ ᠶᠢᠨ ᠡᠯᠡᠰᠦᠷᠬᠡᠭ ᠭᠠᠵᠠᠷ ᠭᠡᠬᠦ ᠬᠤᠶᠠᠷ ᠶᠡᠭᠡ | ᠡᠯᠡᠰᠦᠨ ᠳᠤ ᠬᠠᠮᠤᠷᠤᠭᠳᠠᠭᠰᠠᠨ ᠪᠠᠶᠢᠭᠠᠯᠢ ᠣᠷᠴᠢᠨ ᠭᠠᠵᠠᠷ ᠵᠦᠢ ᠶᠢᠨ ᠥᠪᠡᠷᠮᠢᠴᠡ ᠨᠥᠬᠦᠴᠡᠯ ᠪᠠᠶᠢᠳᠠᠯ ᠠᠴᠠ | ᠪᠣᠯᠤᠭᠰᠠᠨ ᠪᠠᠶᠢᠬ᠎ᠠ⁈ᠠᠯᠢ ᠡᠷᠲᠡ ᠳᠡᠭᠡᠷ᠎ᠡ ᠵᠠᠭᠤᠨ ᠤ ᠲᠠᠪᠢ ᠵᠢᠷᠠᠭᠠᠳ ᠣᠨ ᠠᠴᠠ ᠪᠣᠷᠤᠯᠳᠠᠢ ᠨᠠᠷ ᠬᠦᠷᠵᠡ | ᠪᠠᠨ ᠮᠥᠷᠥᠯᠡᠵᠦ᠂ ᠤᠰᠤ ᠪᠠᠨ ᠳᠠᠮᠨᠠᠭᠠᠳ ᠭᠥᠯᠢᠭᠡᠷ ᠮᠠᠩᠬᠠᠨ ᠳᠡᠭᠡᠷ᠎ᠡ ᠡᠪᠡᠰᠦ ᠮᠣᠳᠣ ᠳᠠᠷᠢᠵᠦ ᠪᠠᠶᠢᠯ᠎ᠠ᠃ ᠲᠡᠳᠡᠭᠡᠷ | ᠮᠣᠳᠣᠳ ᠰᠢᠭᠤᠢ ᠪᠣᠯᠵᠤ ᠳᠠᠭᠤᠷᠢᠶᠠᠯ ᠦᠵᠡᠭᠦᠯᠵᠦ᠂ ᠵᠣᠷᠢᠭ ᠰᠠᠨᠠᠭ᠎ᠠ ᠪᠣᠯᠵᠤ ᠥᠨᠥᠳᠥᠷ ᠲᠤ ᠬᠦᠷᠴᠦ᠂ ᠮᠠᠰᠢ | ᠤᠯᠠᠨ ᠵᠠᠯᠭᠠᠮᠵᠢ ᠦᠶ᠎ᠡ ᠶᠢᠨ ᠣᠶᠢᠵᠢᠭᠤᠯᠤᠭᠴᠢ ᠮᠡᠨᠳᠦᠯᠡᠭᠰᠡᠨ ᠪᠢᠯᠡ᠃ ᠲᠡᠭᠦᠨ ᠤ ᠨᠢᠭᠡ ᠨᠢ ᠬᠠᠩᠭᠢᠨ ᠬᠤᠰᠢᠭᠤᠨ | ᠤ ᠵᠢᠷᠭᠠᠯᠠᠩᠲᠤ ᠪᠠᠯᠭᠠᠰᠤ ᠶᠢᠨ ᠰᠠᠶᠢᠨ᠋ᠤ᠋ᠰᠤ ᠭᠠᠴᠠᠭᠠᠨ ᠤ ᠵᠠᠯᠠᠭᠤ ᠮᠠᠯᠴᠢᠨ ᠤᠷᠭᠢᠯ ᠪᠤᠯᠬᠤ ᠶᠤᠮ᠃ | - | - ᠬᠥᠪᠴᠢ ᠶᠢᠨ ᠡᠯᠡᠰᠦᠨ ᠤ ᠪᠠᠷᠠᠭᠤᠨ ᠬᠤᠶᠢᠲᠤ ᠪᠡᠶ᠎ᠡ ᠳᠤ ᠪᠠᠶᠢᠷᠢᠯᠠᠬᠤ ᠳᠡᠳᠠᠨ ᠤ ᠬᠢᠨ ᠳᠤ ᠣᠴᠢᠬᠤ | ᠵᠠᠮ ᠢ ᠪᠢᠳᠠ ᠬᠡᠳᠦᠭᠦᠯᠡ ᠪᠠᠷᠤᠭ ᠯᠠ ᠠᠭᠤᠯᠵᠠᠭᠰᠠᠨ ᠪᠦᠭᠦᠨ ᠠᠴᠠ ᠠᠰᠠᠭᠤᠵᠤ ᠯᠠᠪᠯᠠᠭᠰᠠᠨ ᠭᠡᠬᠦ ᠳᠤ ᠠᠬᠠᠳᠠᠬᠤ | ᠦᠭᠡᠢ᠂ ᠭᠡᠪᠡᠴᠦ ᠮᠥᠨ ᠯᠠ ᠲᠥᠭᠡᠷᠢᠬᠦ ᠲᠠᠪᠢᠯᠠᠩ ᠠᠴᠠ ᠮᠤᠯᠲᠤᠷᠠᠵᠤ ᠴᠢᠳᠠᠭᠰᠠᠨ ᠦᠭᠡᠢ᠂ ᠲᠥᠭᠡᠷᠢᠵᠦ ᠳᠤᠬᠰᠢᠨ | ᠪᠠᠶᠢᠵᠤ ᠤᠷᠭᠢᠯ ᠲᠠᠢ ᠠᠭᠤᠯᠵᠠᠵᠤ ᠪᠢᠯᠡ᠃ ᠠᠷᠠᠢ ᠭᠡᠵᠦ ᠠᠭᠤᠯᠵᠠᠭᠠᠳ ᠲᠡᠭᠦᠨ ᠤ ᠡᠨᠡ ᠬᠠᠪᠤᠷ ᠤᠨ ᠭᠥᠯᠢᠭᠡᠷ | ᠡᠯᠡᠰᠦᠨ ᠬᠥᠮᠥᠬᠡᠢ ᠳᠤ ᠳᠠᠷᠢᠭᠰᠠᠨ ᠨᠢᠯᠬ᠎ᠠ ᠮᠣᠳᠣ ᠶᠢ ᠨᠢ ᠦᠵᠡᠬᠦ ᠶᠢ ᠶᠠᠭᠠᠷᠠᠯ᠎ᠠ᠃ ᠭᠥᠯᠢᠭᠡᠷ ᠡᠯᠡᠰᠦᠨ ᠬᠥᠮᠥᠬᠡᠢ | ᠳᠤ ᠰᠢᠪᠠᠷ ᠲᠡᠭᠡᠭᠡᠵᠦ ᠡᠯᠡᠰᠦ ᠶᠢ ᠨᠢ ᠲᠣᠭᠲᠠᠪᠤᠷᠢᠵᠢᠭᠤᠯᠵᠤ ᠪᠠᠶᠢᠭᠠᠳ ᠳᠠᠷᠢᠭᠰᠠᠨ ᠨᠢᠯᠬ᠎ᠠ ᠰᠣᠶᠤᠭ᠎ᠠ ᠨᠤᠭᠤᠳ | ᠦᠨᠳᠦᠰᠦᠯᠡᠨ ᠵᠢᠭᠳᠡᠷᠡᠬᠦ ᠶᠢ ᠬᠠᠷᠠᠭᠰᠠᠨ ᠪᠢᠳᠠ ᠶᠠᠳᠠᠷᠠᠭᠰᠠᠨ ᠲᠥᠭᠡᠷᠢᠭᠰᠡᠨ ᠢᠶᠠᠨ ᠤᠮᠠᠷᠲᠠᠨ ᠡᠷᠬᠡ ᠦᠭᠡᠢ ᠳᠠᠭᠤᠨ | ᠠᠯᠳᠠᠨ ᠪᠠᠶᠠᠰᠴᠤ ᠪᠢᠯᠡ᠃ ᠤᠷᠭᠢᠯ᠄ ︽ᠰᠤᠷᠭᠠᠭᠤᠯᠢ ᠠᠴᠠ ᠪᠠᠨ ᠲᠡᠭᠦᠰᠴᠦ ᠢᠷᠡᠭᠡᠳ ᠵᠢᠯ ᠪᠣᠯᠭᠠᠨ ᠪᠠᠭ᠎ᠠ ᠰᠠᠭ᠎ᠠ | ᠳᠠᠷᠢᠭᠠᠳ ᠯᠠ ᠢᠷᠡᠭᠰᠡᠨ᠃ ᠡᠨᠡ ᠬᠠᠪᠤᠷ ᠪᠢ 2 ᠲᠦᠮᠡ ᠭᠠᠷᠤᠢ ᠮᠦ ᠨᠣᠭᠤᠭᠠᠷᠠᠭᠤᠯᠤᠯᠲᠠ ᠬᠢᠭᠰᠡᠨ᠂ ᠬᠡᠳᠦᠨ ᠵᠢᠯ | ᠤᠨ ᠳᠠᠷᠠᠭ᠎ᠠ ᠲᠠᠨᠤᠰ ᠪᠤᠴᠠᠭᠠᠳ ᠢᠷᠡᠬᠦ ᠳᠤ ᠡᠨᠡ ᠮᠠᠩᠬ᠎ᠠ ᠪᠢᠲᠡᠭᠦᠦ ᠤᠢ ᠲᠠᠢ ᠪᠣᠯᠴᠢᠬᠠᠨ᠎ᠠ︾ᠭᠡᠵᠦ ᠪᠠᠶᠢᠪᠠ᠃ | ᠲᠤᠮᠤᠭ ᠰᠢᠭ᠋ ᠦᠨᠡᠨ ᠲᠡᠦᠬᠡ ᠡᠯᠡᠰᠦᠨ ᠪᠠᠯᠠᠷ ᠠᠴᠠ ᠤᠩᠰᠢᠭᠳᠠᠨ᠎ᠠ ᠭᠡᠵᠦ ᠡᠨᠡ ᠯᠠ ᠪᠢᠵᠡ⁈ | - | - ︽100 ᠭᠠᠷᠤᠢ ᠲᠦᠮᠡᠨ ᠲᠥᠭᠦᠷᠢᠭ ᠤᠨ ᠲᠡᠮᠦᠷ ᠬᠠᠳᠠᠭᠠᠯᠠᠮᠵᠢ ᠲᠠᠢ ᠬᠥᠮᠥᠨ︾ᠭᠡᠵᠦ ᠥᠪᠡᠷ ᠢ | ᠲᠠᠨᠢᠯᠴᠠᠭᠤᠯᠤᠭᠰᠠᠨ ᠤᠷᠭᠢᠯ 1989 ᠣᠨ ᠳᠤ ᠳᠦᠷᠦᠵᠦ 2012 ᠣᠨ ᠳᠤ ᠤᠷᠠᠯᠢᠭ ᠤᠨ ᠮᠡᠷᠭᠡᠵᠢᠯ ᠢᠶᠠᠷ ᠶᠡᠭᠡ | ᠰᠤᠷᠭᠠᠭᠤᠯᠢ ᠢᠶᠠᠨ ᠲᠡᠭᠦᠰᠬᠡᠭᠡᠳ ᠨᠤᠲᠤᠭ ᠲᠠᠭᠠᠨ ᠪᠤᠴᠠᠵᠤ᠂ ᠲᠤᠰᠬᠠᠢ ᠪᠣᠷᠳᠤᠭ᠎ᠠ ᠨᠠᠶᠢᠷᠠᠭᠤᠯᠬᠤ ᠡᠯ᠎ᠡ ᠵᠦᠢᠯ ᠤᠨ | ᠮᠠᠰᠢᠨ ᠬᠤᠳᠠᠯᠳᠤᠨ ᠠᠪᠴᠤ ᠡᠯᠡᠰᠦᠨ ᠨᠤᠲᠤᠭ ᠤᠨ ᠠᠯᠳᠠᠨ ᠬᠠᠷᠭᠠᠨ᠎ᠠ ᠪᠠᠨ ︽ᠡᠷᠳᠡᠨᠢ︾ ᠪᠤᠯᠭᠠᠬᠰᠠᠨ ᠵᠠᠯᠠᠭᠤ᠃ | ᠲᠡᠭᠦᠨ ᠤ ᠨᠠᠶᠢᠷᠠᠭᠤᠯᠤᠨ ᠭᠠᠷᠭᠠᠭᠰᠠᠨ ᠪᠣᠷᠳᠤᠭ᠎ᠠ ᠨᠢ ᠬᠤᠯᠠ ᠣᠶᠢᠷ᠎ᠠ ᠶᠢᠨ ᠮᠠᠯᠴᠢᠳ ᠤᠨ ᠲᠠᠭᠠᠰᠢᠶᠠᠯ ᠳᠤ | ᠬᠦᠷᠴᠦ ᠳᠠᠩᠳᠠ ᠬᠠᠩᠭᠠᠯᠠᠭ᠎ᠠ ᠨᠢ ᠬᠡᠷᠡᠭᠴᠡᠭᠡ ᠳᠡᠭᠡᠨ ᠬᠦᠷᠬᠦ ᠦᠭᠡᠢ ᠪᠠᠶᠢᠳᠠᠭ ᠰᠠᠨ᠃ ᠭᠡᠷ ᠤᠨ ᠬᠢᠨᠢ ᠭᠠᠳᠠᠭᠤᠷ | ᠬᠥᠬᠡ ᠬᠠᠷᠭᠠᠨ᠎ᠠ ᠳᠦᠭᠦᠷᠡᠩ ᠤᠷᠭᠤᠭᠰᠠᠨ ᠪᠠᠶᠢᠳᠠᠯ ᠡᠨᠡ ᠠᠶᠢᠯ ᠤᠨ ᠬᠢᠨ ᠶᠡᠭᠡ ᠭᠦᠳᠡᠯᠮᠤᠷᠢᠴᠢ ᠭᠡᠳᠡᠭ ᠤᠨ | ᠭᠡᠷᠡᠴᠢ ᠪᠣᠯᠵᠤ ᠪᠠᠶᠢᠪᠠ᠃ | - | - ︽ᠰᠠᠨᠠᠵᠤ ᠪᠠᠶᠢᠪᠠᠯ ᠪᠦᠳᠦᠨ᠎ᠠ᠂ ᠰᠠᠵᠢᠯᠠᠵᠦ ᠪᠠᠶᠢᠪᠠᠯ ᠭᠦᠷᠦᠨ᠎ᠠ︾ᠭᠡᠳᠡᠭ ᠢᠶᠠᠷ ᠢᠩᠭᠢᠭᠡᠳ ᠯᠠ | ᠪᠦᠭᠦᠳᠡᠭᠡᠷ ᠰᠡᠳᠬᠢᠯ ᠨᠢᠭᠡᠳᠦᠨ ᠠᠵᠢᠯᠯᠠᠭᠰᠠᠨ ᠲᠤᠤᠯᠢ ᠳᠤ ᠬᠠᠶᠢᠯᠠᠬᠳᠠᠵᠦ᠂ ᠲᠤᠮᠤᠭ ᠲᠤ ᠶᠠᠷᠢᠭᠳᠠᠳᠠᠭ ᠰᠡᠷ ᠰᠡᠷ | ᠭᠡᠰᠡᠨ ᠰᠠᠯᠬᠢ ᠲᠠᠢ᠂ ᠪᠤᠷ ᠪᠤᠷ ᠭᠡᠰᠡᠨ ᠪᠣᠷᠣᠭᠠᠨ ᠲᠠᠢ ᠨᠤᠲᠤᠭ ᠡᠨᠡ ᠪᠠᠶᠢᠬ᠎ᠠ᠃ ᠬᠥᠪᠴᠢ ᠶᠢᠨ ᠡᠯᠡᠰᠦᠨ ᠤ | ᠦᠶ᠎ᠡ ᠦᠶ᠎ᠡ ᠶᠢᠨ ᠣᠶᠢᠵᠢᠭᠤᠯᠤᠭᠴᠢᠳ ᠤᠨ ᠬᠦᠴᠦᠨ ᠳᠤ ᠦᠨᠡᠨ ᠪᠠᠶᠢᠭᠰᠠᠨ ᠵᠦᠢᠯ ᠳᠤᠮᠤᠭ ᠪᠣᠯᠵᠤ᠂ ᠳᠤᠮᠤᠭ | ᠪᠠᠶᠢᠭᠰᠠᠨ ᠵᠦᠢᠯ ᠤᠨ ᠦᠨᠡᠨ ᠤ ᠣᠷᠣ ᠮᠥᠷ ᠬᠠᠷᠠᠭᠳᠠᠬᠤ ᠪᠣᠯᠵᠤ ᠪᠠᠶᠢᠨ᠎ᠠ᠃ | - | - ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠶᠢᠨ ᠦᠯᠢᠭᠡᠷ ᠵᠢᠱᠢᠶ᠎ᠡ | - | - 2017 ᠣᠨ ᠳᠤ ︽ᠤᠯᠠᠨ ᠤᠯᠤᠰ ᠤᠨ ᠴᠦᠯᠯᠡᠷᠭᠡᠭᠵᠢᠯ ᠢ ᠰᠡᠷᠭᠡᠶᠢᠯᠡᠬᠦ ᠨᠠᠶᠢᠳᠠ ᠶᠢᠨ ᠭᠡᠷ᠎ᠡ︾ ᠶᠢᠨ | ᠠᠷᠪᠠᠨ ᠭᠤᠷᠪᠠᠳᠠᠭᠢ ᠬᠡᠯᠡᠯᠴᠡᠭᠡᠷ ᠤᠨ ᠬᠤᠷᠠᠯ ᠳᠡᠭᠡᠷ᠎ᠡ᠂ ᠬᠥᠪᠴᠢ ᠶᠢᠨ ᠡᠯᠡᠰᠦ ᠶᠢᠨ ᠣᠶᠢᠵᠢᠭᠤᠯᠤᠯᠲᠠ ᠨᠢ | ᠳᠤᠮᠳᠠᠳᠤ ᠤᠯᠤᠰ ᠤᠨ ᠴᠦᠯᠯᠡᠷᠭᠡᠭᠵᠢᠯ ᠢ ᠰᠡᠷᠭᠡᠶᠢᠯᠡᠵᠦ ᠡᠯᠡᠰᠦ ᠶᠢ ᠣᠶᠢᠵᠢᠭᠤᠯᠬᠤ ᠪᠦᠳᠤᠮᠵᠢᠳᠠᠢ ᠦᠢᠯᠡᠳᠦᠯᠭᠡ | ᠪᠣᠯᠵᠤ ᠤᠯᠠᠨ ᠤᠯᠤᠰ ᠤᠨ ᠴᠦᠯᠯᠡᠷᠭᠡᠭᠵᠢᠯ ᠢ ᠰᠡᠷᠭᠡᠶᠢᠯᠡᠬᠦ ᠦᠯᠢᠭᠡᠷ ᠵᠢᠱᠢᠶ᠎ᠡ ᠪᠣᠯᠵᠤ ᠪᠢᠯᠡ᠃ | - | - 2019 ᠣᠨ ᠳᠤ ᠳᠣᠯᠣᠳᠤᠭᠠᠷ ᠬᠤᠭᠤᠴᠠᠭᠠᠨ ᠤ ᠬᠥᠪᠴᠢ ᠶᠢᠨ ᠤᠯᠠᠨ ᠤᠯᠤᠰ ᠤᠨ ᠡᠯᠡᠰᠦᠨ ᠴᠦᠯ | ᠤᠨ ᠶᠠᠷᠢᠶᠠᠨ ᠤ ᠲᠠᠪᠴᠠᠩ ᠬᠥᠪᠴᠢ ᠶᠢᠨ ᠡᠯᠡᠰᠦᠨ ᠳᠤ ᠶᠠᠪᠤᠭᠳᠠᠵᠤ᠂ ᠶᠡᠷᠦᠩᠬᠡᠢ ᠱᠦᠵᠢ ᠰᠢ ᠶᠢᠨ ᠫᠢᠩ ᠪᠠᠶᠠᠷ | ᠤᠨ ᠵᠠᠬᠢᠳᠠᠯ ᠢᠯᠡᠭᠡᠨ᠂ ᠬᠥᠪᠴᠢ ᠶᠢᠨ ᠡᠯᠡᠰᠦ ᠶᠢᠨ ᠵᠠᠰᠠᠯᠲᠠ ᠨᠢ ᠳᠡᠯᠡᠬᠡᠢ ᠨᠡᠶᠢᠭᠡᠮ ᠤᠨ ᠣᠷᠴᠢᠨ ᠲᠣᠭᠤᠷᠢᠨ ᠠᠮᠢ | ᠠᠬᠤᠢ ᠶᠢᠨ ᠵᠠᠰᠠᠯᠲᠠ᠂ 2030 ᠣᠨ ᠤ ᠵᠥᠪᠯᠡᠬᠦ ᠵᠦᠢᠯ ᠢ ᠨᠠᠶᠢᠳᠠᠪᠤᠷᠢᠵᠢᠭᠤᠯᠬᠤ ᠳᠤ ᠲᠤᠮᠳᠠᠳᠤ ᠤᠯᠤᠰ ᠤᠨ | ᠲᠤᠷᠰᠢᠯᠭ᠎ᠠ ᠶᠢ ᠬᠠᠩᠭᠠᠭᠰᠠᠨ ᠪᠠᠶᠢᠨ᠎ᠠ ᠭᠡᠵᠦ ᠴᠢᠬᠤᠯᠠᠴᠢᠯᠠᠪᠠ᠃ | - | - ᠦᠯᠢᠭᠡᠷ ᠵᠢᠱᠢᠶ᠎ᠡ ᠪᠣᠯ ᠤᠶᠤᠨ ᠬᠦᠴᠦ ᠶᠢᠨ ᠲᠠᠯᠠᠰᠲᠤ ᠮᠥᠨ᠃ ᠬᠠᠩᠭᠢᠨᠴᠤᠳ ᠬᠥᠪᠴᠢ ᠶᠢᠨ ᠡᠯᠡᠰᠦ | ᠶᠢ ᠣᠶᠢᠵᠢᠭᠤᠯᠬᠤ ᠪᠠᠷ ᠤᠶᠤᠨ ᠬᠦᠴᠦ ᠪᠠᠨ ᠰᠢᠪᠬᠠᠵᠤ ᠭᠤᠷᠪᠠᠨ ᠶᠡᠭᠡ︽ᠰᠢᠨ᠎ᠡ ᠡᠭᠦᠳᠦᠯᠲᠡ︾ ᠪᠤᠢ ᠪᠣᠯᠭᠠᠪᠠ᠃ | | - | - ᠮᠣᠳᠣ ᠳᠠᠷᠢᠵᠦ ᠰᠠᠭᠤᠯᠭᠠᠬᠤ ᠰᠢᠨ᠎ᠡ ᠮᠡᠷᠭᠡᠵᠢᠯ - | - | - ᠯᠣᠩᠬᠤᠨ ᠳᠤ ᠨᠢᠯᠬ᠎ᠠ ᠰᠣᠶᠤᠭ᠎ᠠ ᠰᠠᠭᠤᠯᠭᠠᠵᠤ ᠳᠠᠷᠢᠬᠤ᠂ ᠤᠰᠤᠨ ᠭᠤᠤᠷᠰᠤ ᠪᠠᠷ ᠤᠰᠤ ᠴᠢᠳᠬᠤᠨ | ᠮᠣᠳᠣᠨ ᠰᠣᠶᠤᠭ᠎ᠠ ᠰᠠᠭᠤᠯᠭᠠᠬᠤ᠂ ᠮᠠᠰᠢᠨ ᠥᠷᠥᠮᠳᠡᠭᠦᠷ ᠢᠶᠠᠷ ᠨᠦᠬᠡ ᠮᠠᠯᠲᠠᠨ ᠮᠣᠳᠣ ᠳᠠᠷᠢᠵᠦ ᠰᠠᠭᠤᠯᠭᠠᠬᠤ᠂ | ᠪᠢᠲᠡᠭᠦᠮᠵᠢᠯᠡᠨ ᠣᠶᠢᠵᠢᠭᠤᠯᠬᠤ᠂ ᠳᠦᠷᠦᠯ ᠵᠦᠢᠯ ᠢᠶᠠᠷ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠬᠢᠬᠦ᠂ | ᠨᠡᠶᠢᠭᠡᠮ ᠤᠨ ᠬᠦᠴᠦᠨ ᠢ ᠳᠠᠶᠢᠴᠢᠯᠠᠬᠤ᠂ ᠡᠯᠡᠰᠦ ᠶᠢ ᠲᠣᠭᠲᠠᠪᠤᠷᠢᠵᠢᠭᠤᠯᠬᠤ ᠲᠣᠣᠷ ᠪᠠᠶᠢᠭᠤᠯᠬᠤ᠂ ᠨᠢᠰᠬᠡᠯ ᠢᠶᠠᠷ | ᠣᠶᠢᠵᠢᠭᠤᠯᠬᠤ᠂ ᠮᠠᠯᠴᠢᠨ ᠲᠠᠷᠢᠶᠠᠴᠢᠨ ᠠᠵᠢᠯᠲᠠᠨ ᠠᠵᠢᠯᠴᠢᠨ ᠠᠯᠪᠠᠨ ᠵᠢᠷᠤᠮ ᠤᠨ ᠮᠣᠳᠣ ᠳᠠᠷᠢᠬᠤ ᠭᠡᠬᠦᠴᠢᠯᠡᠨ | ᠤᠯᠠᠨ ᠠᠷᠭ᠎ᠠ ᠵᠠᠮ ᠢᠶᠠᠷ ᠬᠥᠪᠴᠢ ᠶᠢᠨ ᠡᠯᠡᠰᠦ ᠶᠢ ᠣᠶᠢᠵᠢᠭᠤᠯᠬᠤ ᠠᠵᠢᠯ ᠢ ᠪᠤᠤᠬᠢᠶ᠎ᠠ ᠳᠠᠮᠵᠢᠭᠤᠯᠤᠨ | ᠥᠷᠨᠢᠭᠦᠯᠦᠭᠰᠡᠭᠡᠷ ᠁ ᠡᠭᠦᠨ ᠤ ᠳᠣᠲᠣᠷ᠎ᠠ ᠡᠯᠡᠰᠦᠨ ᠳᠤ ᠤᠰᠤᠨ ᠭᠤᠤᠷᠰᠤ ᠪᠠᠷ ᠤᠰᠤ ᠴᠢᠳᠬᠤᠨ ᠨᠢᠯᠬ᠎ᠠ | ᠰᠣᠶᠤᠭ᠎ᠠ ᠰᠠᠭᠤᠯᠭᠠᠬᠤ ᠠᠷᠭ᠎ᠠ ᠨᠢ ᠬᠥᠮᠥᠨ ᠤ ᠬᠦᠴᠦ ᠪᠠ ᠴᠠᠭ ᠲᠤ ᠠᠷᠪᠢᠲᠠᠢ ᠪᠠᠶᠢᠵᠤ᠂ ᠨᠢᠭᠡ ᠬᠥᠮᠥᠨ ᠡᠳᠦᠷ | ᠲᠤ 800 ᠭᠠᠷᠤᠢ ᠮᠣᠳᠣᠨ ᠰᠣᠶᠤᠭ᠎ᠠ ᠳᠠᠷᠢᠵᠦ ᠰᠠᠭᠤᠯᠭᠠᠵᠤ ᠳᠡᠶᠢᠯᠳᠡᠭ ᠪᠥᠭᠡᠳ ᠡᠳᠡᠭᠡᠷᠡᠯᠲᠡ ᠶᠢᠨ ᠬᠡᠮᠵᠢᠶ᠎ᠡ ᠨᠢ | 95% ᠳᠤ ᠬᠦᠷᠴᠦ ᠪᠠᠶᠢᠳᠠᠭ᠃ ᠡᠨᠡ ᠪᠣᠯ ᠬᠥᠪᠴᠢ ᠶᠢᠨ ᠡᠯᠡᠰᠦᠨ ᠤ ᠣᠶᠢᠵᠢᠭᠤᠯᠤᠭᠴᠢᠳ ᠤᠨ ᠰᠢᠨ᠎ᠡ | ᠡᠭᠦᠳᠦᠯᠲᠡ ᠶᠤᠮ᠃ ᠡᠨᠡ ᠬᠦ ᠣᠶᠢᠵᠢᠭᠤᠯᠬᠤ ᠠᠷᠭ᠎ᠠ ᠨᠢ ᠰᠢᠨᠵᠢᠶᠠᠩ᠂ ᠲᠥᠪᠡᠳ᠂ ᠭᠠᠨᠰᠤ ᠵᠡᠷᠭᠡ ᠭᠠᠵᠠᠷ ᠣᠷᠣᠨ | ᠳᠤ ᠤᠯᠠᠮᠵᠢᠯᠠᠭᠳᠠᠨ ᠲᠦᠭᠡᠮᠡᠯᠵᠢᠭᠰᠡᠨ ᠲᠡᠳᠦᠢ ᠦᠭᠡᠢ᠂ ︽ᠨᠢᠭᠡ ᠪᠦᠰᠡ ᠨᠢᠭᠡ ᠵᠠᠮ︾ ᠳᠠᠭᠠᠤ ᠤᠯᠤᠰ ᠣᠷᠣᠨ | ᠳᠤ ᠴᠦ ᠳᠡᠯᠭᠡᠷᠡᠵᠦ᠂ ᠳᠤᠮᠳᠠᠳᠤ ᠤᠯᠤᠰ ᠤᠨ ᠳᠡᠯᠡᠬᠡᠢ ᠳᠤ ᠬᠠᠨᠳᠤᠬᠤ ᠣᠶᠢᠵᠢᠭᠤᠯᠤᠯᠲᠠ ᠶᠢᠨ ᠨᠡᠷ᠎ᠡ ᠶᠢᠨ | ᠬᠠᠭᠤᠳᠠᠰᠤ ᠪᠣᠯᠪᠠ᠃ | - | - ᠡᠯᠡᠰᠦ ᠳᠤᠭᠤᠯᠤᠬᠰᠠᠨ ᠵᠠᠰᠠᠮᠠᠯ ᠵᠠᠮ - | - | - ᠬᠥᠪᠴᠢ ᠶᠢᠨ ᠡᠯᠡᠰᠦᠨ ᠤ ᠭᠦᠨ ᠳᠤ ᠶᠡᠭᠡ ᠪᠠᠭ᠎ᠠ ᠳᠠᠭᠤᠲᠤ ᠭᠡᠳ ᠳᠤᠯᠤᠭᠠᠨ ᠨᠠᠭᠤᠷ ᠪᠠᠶᠢᠳᠠᠭ᠃ | ᠡᠬᠢᠨ ᠳᠠᠭᠤᠲᠤ ᠶᠢᠨ ᠵᠡᠭᠦᠨ ᠬᠤᠶᠢᠲᠤ ᠬᠥᠪᠡᠭᠡᠨ ᠳᠡᠭᠡᠷ᠎ᠡ ︽ᠢ ᠯᠢ ᠰᠢᠨ᠎ᠡ ᠳᠤᠰᠬᠤᠨ︾ᠭᠡᠬᠦ ᠫᠠᠶᠢᠰᠠ ᠢᠯᠡᠷᠬᠡᠶᠢᠯᠡᠯ | ᠲᠠᠢ ᠵᠢᠭᠳᠡᠷᠡᠭᠦᠯᠦᠨ ᠪᠠᠷᠢᠭᠰᠠᠨ ᠬᠡᠳᠦᠨ ᠮᠥᠷ ᠪᠠᠶᠢᠰᠢᠩ ᠭᠡᠷ ᠤᠳ ᠲᠣᠳᠣ ᠠᠴᠠ ᠲᠣᠳᠣ᠂ ᠡᠯᠡᠰᠦᠨ ᠭᠦᠨ ᠳᠠᠬᠢ | 36 ᠠᠶᠢᠯ ᠡᠷᠦᠭᠡ ᠶᠢ ᠨᠡᠭᠦᠯᠭᠡᠨ ᠰᠠᠭᠤᠷᠢᠰᠢᠭᠤᠯᠵᠤ ᠡᠨᠡ ᠳᠤᠰᠬᠤᠨ ᠪᠤᠢ ᠪᠣᠯᠤᠭᠰᠠᠨ ᠶᠤᠮ᠃ ᠲᠡᠳᠡ ᠡᠯᠡᠰᠦᠨ | ᠳᠤ ᠵᠠᠰᠠᠮᠠᠯ ᠵᠠᠮ ᠨᠡᠪᠲᠡᠷᠡᠭᠰᠡᠨ ᠠᠴᠠ ᠪᠣᠯᠵᠤ ᠮᠠᠯᠴᠢᠨ ᠠᠶᠢᠯ ᠤᠨ ᠵᠢᠭᠤᠯᠴᠢᠯᠠᠯ ᠤᠨ ᠦᠢᠯᠡᠰ ᠡᠷᠭᠢᠯᠡᠵᠦ | ᠠᠮᠢᠵᠢᠷᠠᠭ᠎ᠠ ᠪᠠᠨ ᠥᠭᠡᠳᠡ ᠲᠠᠲᠠᠵᠠᠢ᠃ ᠢ ᠯᠢ ᠰᠢᠨ᠎ᠡ ᠳᠤᠰᠬᠤᠨ ᠤ ᠮᠠᠯᠴᠢᠨ ᠮᠥᠩᠬᠡᠳᠠᠯᠠᠢ ᠪᠣᠯ ᠡᠯᠡᠰᠦᠨ | ᠨᠤᠲᠤᠭ ᠤᠨ ᠤᠨᠴᠯᠢᠭ ᠲᠤ ᠰᠠᠭᠤᠷᠢᠯᠠᠨ ᠨᠤᠲᠤᠭ ᠤᠨ ᠢᠶᠠᠨ 28 ᠮᠠᠯᠵᠢᠬᠤ ᠡᠷᠦᠭᠡ ᠶᠢ ᠳᠠᠶᠢᠴᠢᠯᠠᠨ ᠪᠠᠶᠠᠵᠢᠯ ᠤᠨ | ᠵᠠᠮ ᠢᠶᠠᠷ ᠵᠠᠮᠨᠠᠭᠰᠠᠨ ᠤ ᠨᠢᠭᠡ᠃ ᠲᠡᠳᠡᠭᠡᠷ ᠮᠠᠯᠵᠢᠬᠤ ᠡᠷᠦᠭᠡ ᠨᠦᠭᠦᠳ ᠲᠡᠮᠡᠭᠡ ᠤᠨᠤᠬᠤ᠂ ᠮᠣᠷᠢ ᠤᠨᠤᠬᠤ᠂ | ᠣᠩᠭᠤᠴᠠ ᠪᠠᠷ ᠠᠶᠠᠯᠠᠬᠤ᠂ ᠡᠯᠡᠰᠦᠨ ᠳᠡᠭᠡᠷ᠎ᠡ ᠬᠡᠭᠡᠷᠡᠯᠡᠨ ᠠᠶᠠᠯᠠᠬᠤ᠂ ᠣᠨᠴᠠᠯᠢᠭᠲᠤ ᠬᠤᠭᠤᠯᠠ ᠤᠮᠳᠠᠭ᠎ᠠ᠂ | ᠮᠠᠯᠴᠢᠨ ᠠᠶᠢᠯ ᠤᠨ ᠵᠢᠭᠤᠯᠴᠢᠯᠠᠯ ᠤᠨ ᠠᠮᠠᠷᠠᠯᠲᠠ ᠶᠢᠨ ᠭᠠᠵᠠᠷ ᠭᠡᠬᠦᠴᠢᠯᠡᠨ ᠥᠪᠡᠷ ᠥᠪᠡᠷ ᠤᠨ ᠣᠨᠴᠠᠯᠢᠭ ᠲᠠᠢ | ᠵᠢᠭᠤᠯᠴᠢᠯᠠᠯ ᠤᠨ ᠭᠠᠵᠠᠷ ᠭᠠᠷᠭᠠᠭᠰᠠᠨ ᠪᠠᠶᠢᠳᠠᠭ᠃ ᠥᠨᠥ ᠪᠤᠯᠬᠤ ᠳᠤ ᠬᠤᠰᠢᠭᠤᠨ ᠲᠥᠪ᠂ ᠭᠠᠴᠠᠭ᠎ᠠ ᠪᠠᠯᠭᠠᠰᠤᠨ | ᠳᠤ ᠡᠯᠡᠰᠦ ᠳᠤᠭᠤᠯᠤᠬᠰᠠᠨ ᠵᠠᠰᠠᠮᠠᠯ ᠵᠠᠮ ᠨᠠᠪᠳᠠᠷᠠᠵᠦ᠂ ᠡᠯᠡᠰᠦ ᠳᠤᠭᠤᠯᠤᠬᠰᠠᠨ ᠵᠠᠰᠠᠮᠠᠯ ᠵᠠᠮ ᠨᠢ ᠡᠯᠡᠰᠦᠨ ᠭᠦᠨ | ᠳᠠᠬᠢ ᠠᠶᠢᠯ ᠲᠤᠰᠬᠤᠨ ᠢ ᠭᠠᠳᠠᠭᠠᠳᠤ ᠶᠢᠷᠲᠢᠨᠴᠦ ᠲᠠᠢ ᠬᠤᠯᠪᠣᠯᠠ᠃ ᠬᠥᠪᠴᠢ ᠶᠢᠨ ᠡᠯᠡᠰᠦᠨ ᠳᠤ ᠡᠯᠡᠰᠦ | ᠲᠦᠷᠢᠵᠦ ᠬᠥᠮᠥᠨ ᠨᠡᠭᠦᠵᠦ ᠶᠠᠪᠤᠳᠠᠭ ᠪᠠᠶᠢᠭᠰᠠᠨ ᠪᠠᠶᠢᠳᠠᠯ ᠪᠦᠷᠢᠮᠦᠰᠦᠨ ᠥᠭᠡᠷᠡᠴᠢᠯᠡᠭᠳᠡᠵᠦ᠂ ᠡᠯᠡᠰᠦ ᠮᠠᠩᠬ᠎ᠠ | ᠲᠣᠭᠲᠠᠪᠤᠷᠢᠵᠢᠨ᠂ ᠬᠥᠮᠥᠨ ᠠᠮᠢᠳᠠᠨ ᠠᠵᠠ ᠵᠢᠷᠭᠠᠯᠲᠠᠢ ᠠᠵᠤ ᠲᠦᠷᠦᠨ ᠣᠷᠣᠰᠢᠵᠤ᠂ ᠡᠯᠡᠰᠦᠨ ᠨᠤᠲᠤᠭ ᠤᠨ | ᠬᠥᠭᠵᠢᠯ ᠪᠠᠳᠠᠷᠠᠯ ᠤᠨ ᠰᠢᠨ᠎ᠡ ᠵᠠᠮ ᠢ ᠨᠡᠭᠡᠭᠡᠭᠰᠡᠨ ᠢ ᠢ ᠯᠢ ᠰᠢᠨ᠎ᠡ ᠳᠤᠰᠬᠤᠨ ᠤ ᠥᠨᠥᠳᠥᠷ ᠭᠡᠷᠡᠴᠢᠯᠡᠵᠦ ᠪᠠᠶᠢᠨ᠎ᠠ᠃ | | - | - ᠬᠥᠳᠡᠭᠡ ᠳᠤᠰᠬᠤᠨ ᠢ ᠬᠥᠭᠵᠢᠭᠦᠯᠦᠨ ᠮᠠᠨᠳᠤᠭᠤᠯᠬᠤ ᠰᠢᠨ᠎ᠡ ᠵᠠᠮ - | - | - ᠬᠥᠪᠴᠢ ᠶᠢᠨ ᠡᠯᠡᠰᠦᠨ ᠤ ᠬᠤᠶᠢᠲᠤ ᠬᠡᠰᠡᠭ ᠲᠤ 15 ᠲᠦᠮᠡᠨ ᠮᠦ ᠲᠠᠯᠠᠪᠠᠢ ᠪᠦᠬᠦᠢ ᠴᠠᠭᠢᠯᠭᠠᠨ | ᠭᠠᠷᠭᠠᠬᠤ ᠨᠠᠷᠠᠨ ᠤ ᠠᠸ᠋ᠷᠭᠢ ᠶᠢᠨ ᠬᠠᠪᠲᠠᠰᠤ ᠤᠭᠰᠠᠷᠠᠭᠠᠳ ᠨᠢᠭᠡᠨᠲᠡ ᠤᠯᠤᠰ ᠤᠨ ᠳᠣᠲᠣᠭᠠᠳᠤ ᠶᠢᠨ ᠭᠡᠷᠡᠯᠴᠢ | ᠴᠡᠨᠡᠭ ᠢᠶᠠᠷ ᠴᠠᠭᠢᠯᠭᠠᠨ ᠭᠠᠷᠭᠠᠵᠤ ᠡᠯᠡᠰᠦ ᠶᠢ ᠲᠣᠭᠲᠠᠪᠤᠷᠢᠵᠢᠭᠤᠯᠬᠤ ᠬᠠᠮᠤᠭ ᠤᠨ ᠲᠣᠮᠣ ᠰᠠᠭᠤᠷᠢᠨ ᠪᠣᠯᠪᠠ᠃ ︽ | ᠴᠠᠭᠢᠯᠭᠠᠨ ᠭᠠᠷᠭᠠᠬᠤ ᠨᠠᠷᠠᠨ ᠤ ᠡᠨᠧᠷᠭᠢ ᠶᠢᠨ ᠬᠠᠪᠲᠠᠰᠤ ᠨᠢ ᠴᠠᠭᠢᠯᠭᠠᠨ ᠭᠠᠷᠭᠠᠵᠤ᠂ ᠬᠠᠪᠲᠠᠰᠤᠨ ᠳᠣᠣᠷ᠎ᠠ ᠨᠢ | ᠲᠠᠷᠢᠮᠠᠯ ᠳᠠᠷᠢᠨ᠂ ᠬᠠᠪᠢ ᠵᠠᠬ᠎ᠠ ᠳᠤᠨᠢ ᠮᠠᠯ ᠪᠡᠯᠴᠢᠭᠡᠵᠦ᠂ ᠠᠮᠢ ᠠᠬᠤᠢ ᠶᠢ ᠰᠠᠶᠢᠵᠢᠷᠠᠭᠤᠯᠤᠨ ᠬᠥᠳᠡᠭᠡ ᠳᠤᠰᠬᠤᠨ ᠢ | ᠬᠥᠭᠵᠢᠭᠦᠯᠦᠨ ᠮᠠᠨᠳᠤᠭᠤᠯᠬᠤ ᠰᠢᠨ᠎ᠡ ᠵᠠᠮ ᠢ ᠨᠡᠭᠡᠭᠡᠭᠰᠡᠨ︾ ᠭᠡᠵᠦ ᠠᠳᠡᠬᠢ ᠠᠵᠢᠯᠲᠠᠨ ᠲᠠᠨᠢᠯᠴᠠᠭᠤᠯᠵᠤ ᠪᠠᠶᠢᠪᠠ᠃ | - | - ᠤᠳᠤ ᠬᠥᠪᠴᠢ ᠶᠢᠨ ᠡᠯᠡᠰᠦᠨ ᠳᠤ ᠳᠠᠷᠢᠵᠦ ᠲᠡᠵᠢᠭᠡᠬᠦ ᠪᠠᠷ ᠭᠤᠣᠯᠯᠠᠭᠰᠠᠨ ᠨᠢᠭᠡᠳᠦᠭᠡᠷ ᠠᠵᠤ ᠦᠢᠯᠡᠰ᠂ | ᠴᠠᠭᠢᠯᠭᠠᠨ ᠭᠠᠷᠭᠠᠬᠤ ᠠᠵᠤ ᠦᠢᠯᠡᠳᠪᠦᠷᠢ ᠪᠠᠷ ᠭᠤᠣᠯᠯᠠᠭᠰᠠᠨ ᠬᠤᠶᠠᠳᠤᠭᠠᠷ ᠠᠵᠤ ᠦᠢᠯᠡᠰ᠂ ᠵᠢᠭᠤᠯᠴᠢᠯᠠᠯ | ᠦᠢᠯᠡᠴᠢᠯᠡᠭᠡᠨ ᠤ ᠦᠢᠯᠡᠰ ᠪᠠᠷ ᠭᠤᠣᠯᠯᠠᠭᠰᠠᠨ ᠭᠤᠷᠪᠠᠳᠤᠭᠠᠷ ᠠᠵᠤ ᠦᠢᠯᠡᠰ ᠤᠨ ᠲᠣᠭᠤᠷᠢᠭ ᠲᠠᠢ ᠲᠤᠰᠬᠠᠢ | ᠬᠡᠯᠬᠢᠶ᠎ᠡ ᠪᠦᠷᠢᠯᠳᠦᠵᠦ᠂ ᠡᠨᠡ ᠨᠢ ᠪᠤᠴᠠᠭᠠᠳ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢ ᠨᠡᠩ ᠬᠦᠴᠦᠲᠡᠢ | ᠳᠠᠶᠢᠴᠢᠯᠡᠵᠦ ᠪᠠᠶᠢᠨ᠎ᠠ᠃ ᠲᠤᠮᠳᠠᠳᠤ ᠤᠯᠤᠰ ᠤᠨ ᠲᠤᠯᠤᠭᠠᠨ ᠶᠡᠭᠡ ᠡᠯᠡᠰᠦᠨ ᠴᠦᠯ ᠤᠨ ᠨᠢᠭᠡ᠂ ᠳᠡᠯᠡᠬᠡᠢ ᠶᠢᠨ | ᠶᠢᠰᠦᠨ ᠶᠡᠭᠡ ᠡᠯᠡᠰᠦᠨ ᠴᠦᠯ ᠤᠨ ᠨᠢᠭᠡ ᠪᠤᠯᠬᠤ ᠬᠥᠪᠴᠢ ᠶᠢᠨ ᠡᠯᠡᠰᠦ ᠶᠢᠨ ᠭᠤᠷᠪᠠᠨ ᠤ ᠨᠢᠭᠡ ᠬᠤᠪᠢ ᠨᠢ | ᠥᠨᠥᠳᠥᠷ ᠨᠢᠭᠡᠨᠲᠡ ᠣᠶᠢᠵᠢᠨ ᠨᠣᠭᠤᠭᠠᠷᠠᠵᠤ᠂ ᠬᠥᠮᠥᠨ ᠬᠢᠭᠡᠳ ᠪᠠᠶᠢᠭᠠᠯᠢ ᠡᠶ᠎ᠡ ᠵᠣᠬᠢᠴᠠᠩᠭᠤᠢ ᠪᠠᠷ ᠬᠠᠮᠲᠤ | ᠣᠷᠣᠰᠢᠬᠤ ᠠᠮᠢ ᠠᠬᠤᠢ ᠶᠢᠨ ᠪᠣᠯᠪᠠᠰᠤᠨ ᠤ ᠪᠠᠶᠢᠭᠤᠯᠤᠯᠲᠠ ᠶᠢᠨ ᠦᠯᠢᠭᠡᠷ ᠵᠢᠱᠢᠶ᠎ᠡ ᠪᠣᠯᠪᠠ᠃ ᠡᠨᠡ ᠪᠣᠯ ᠳᠡᠯᠡᠬᠡᠢ | ᠳᠤ ᠭᠠᠶᠢᠬᠠᠭᠳᠠᠭᠰᠠᠨ ᠬᠥᠪᠴᠢ ᠶᠢᠨ ᠡᠯᠡᠰᠦᠨ ᠤ ᠰᠢᠨ᠎ᠡ ᠳᠤᠮᠤᠭ ᠶᠤᠮ᠃ | - | - |