| ᠬᠤᠸᠠᠩ ᠹᠦ᠋ ᠮᠧᠶ | | ᠳᠡᠯᠭᠡᠷ ᠵᠣᠨ ᠤ ᠤᠯᠠᠷᠢᠯ ᠳᠤ ᠤᠯᠠᠭᠠᠨᠴᠠᠪ ᠬᠤᠲᠠ ᠶᠢᠨ ᠰᠢᠩ ᠾᠧ ᠰᠢᠶᠠᠨ ᠤ ᠰᠤᠮᠤᠨ ᠠᠭᠤᠯᠠ ᠪᠠᠷ | ᠥᠩᠭᠡᠷᠡᠬᠦ ᠳᠤ᠂ ᠠᠭᠤᠯᠠ ᠲᠠᠯ᠎ᠠ ᠬᠥᠬᠡᠷᠡᠨ ᠨᠣᠭᠤᠭᠠᠷᠠᠵᠤ᠂ ᠢᠳᠡᠷᠡᠭᠦᠨ ᠨᠠᠷᠠᠰᠤ ᠡᠭᠦᠯᠡᠨ᠎ᠡ ᠰᠢᠷᠭᠤᠯᠠᠨᠠ᠂ ᠡᠷᠭᠢᠨ | ᠲᠣᠭᠤᠷᠢᠨ ᠤ 10 ᠭᠠᠷᠤᠢ ᠺᠢᠯᠣᠮᠧᠲᠷ ᠤᠨ ᠦᠶᠡᠯᠵᠡᠨ ᠰᠦᠨᠳᠡᠷᠯᠡᠬᠦ ᠠᠭᠤᠯᠠ ᠳᠣᠪᠣᠴᠠᠭ ᠢ ᠬᠠᠷᠠᠬᠤᠶ᠎ᠠ᠂ ᠬᠠᠷᠭᠠᠢ | ᠶᠢᠨ ᠤᠢ ᠨᠣᠮᠢᠨ ᠳᠣᠯᠭᠢᠶᠠᠨ ᠬᠠᠶᠠᠯᠠᠵᠤ᠂ ᠮᠤᠷᠤᠯᠵᠠᠨ ᠰᠤᠨᠤᠯᠵᠠᠭᠰᠠᠨ ᠨᠣᠮᠢᠨ ᠨᠣᠭᠤᠭᠠᠨ ︽ᠣᠷᠳᠣ ᠴᠠᠭᠠᠨ | ᠬᠡᠷᠡᠮ︾ ᠡᠮᠦᠨ᠎ᠡ ᠤᠮᠠᠷ᠎ᠠ ᠶᠢ ᠬᠥᠨᠳᠡᠯᠢᠰᠴᠦ᠂ ᠪᠡᠭᠡᠵᠢᠩ ᠲᠢᠶᠠᠨᠵᠢᠨ ᠾᠧᠪᠧᠢ ᠴᠢᠨᠠᠭᠰᠢᠯᠠᠪᠠᠯ ᠤᠮᠠᠷᠠᠲᠤ ᠣᠷᠣᠨ ᠢ | ᠪᠠᠬᠢᠯᠡᠨ ᠬᠠᠮᠠᠭᠠᠯᠠᠨ᠎ᠠ᠃ | | ᠤᠯᠠᠪᠤᠷ ᠥᠩᠭᠡ ᠲᠠᠢ ᠠᠵᠢᠯ ᠤᠨ ᠬᠤᠪᠴᠠᠰᠤ ᠬᠡᠲᠦᠷᠦᠭᠰᠡᠨ ᠠᠵᠢᠯᠴᠢᠳ ᠤᠨ ᠵᠠᠷᠢᠮ ᠨᠢ ᠣᠴᠣᠶᠢᠵᠤ | ᠵᠠᠷᠢᠮ ᠨᠢ ᠵᠣᠭᠰᠣᠨ᠂ ᠣᠶ ᠮᠣᠳᠣ ᠪᠠᠨ ᠠᠷᠠᠴᠢᠯᠠᠨ ᠬᠠᠮᠠᠭᠠᠯᠠᠵᠤ᠂ ᠮᠣᠳᠣᠨ ᠤ ᠬᠤᠷᠣᠬᠠᠢ ᠶᠢ ᠠᠷᠢᠯᠭᠠᠨ᠂ ᠮᠣᠳᠣᠨ | ᠤ ᠤᠷᠭᠤᠴᠠ ᠶᠢᠨ ᠪᠠᠶᠢᠳᠠᠯ ᠢ ᠬᠡᠮᠵᠢᠨ ᠶᠠᠭᠠᠷᠠᠯᠳᠤᠨ᠎ᠠ᠂ ᠳᠡᠳᠡ ᠤᠳᠠᠭᠠᠨ ᠵᠢᠯ ᠤᠨ ᠲᠤᠷᠰᠢ ᠬᠦᠴᠦ ᠬᠥᠯᠥᠰᠦ ᠪᠠᠨ | ᠰᠢᠪᠬᠠᠨ ᠡᠨᠡ ᠬᠦ ᠰᠦᠷᠯᠢᠭ ᠠᠭᠤᠯᠠ ᠪᠠᠨ ᠰᠠᠬᠢᠨ ᠬᠠᠮᠠᠭᠠᠯᠠᠭᠰᠠᠭᠠᠷ ᠢᠷᠡᠵᠠᠢ᠃ | | ︽ᠪᠢᠳᠡ ᠣᠲᠣ ᠶᠠᠭ ᠬᠤᠣᠷ ᠪᠠᠭ᠎ᠠ ᠪᠣᠬᠢᠷᠳᠤᠯ ᠦᠭᠡᠢ ᠮᠠᠲᠷᠢᠨ ︵ᠤᠷᠭᠤᠮᠠᠯ ᠤᠨ ᠢᠷᠡᠯᠲᠡ︶ ᠤ ᠤᠳᠤᠭ᠎ᠠ | ᠪᠠᠷ ᠣᠶ ᠰᠢᠭᠤᠢ ᠶᠢᠨ ᠬᠤᠷᠣᠬᠠᠢ ᠶᠢᠨ ᠬᠥᠨᠥᠭᠡᠯ ᠢ ᠰᠡᠷᠭᠡᠶᠢᠯᠡᠨ ᠵᠠᠰᠠᠵᠤ ᠪᠠᠶᠢᠨ᠎ᠠ᠂ ᠶᠡᠷᠦ ᠳᠡᠭᠡᠨ ᠡᠳᠦᠷ ᠪᠦᠷᠢ | ᠶᠢᠨ ᠥᠷᠯᠥᠭᠡ ᠦᠳᠡᠰᠢ ᠶᠢᠨ ᠦᠶ᠎ᠡ ᠪᠠᠷ ᠤᠳᠤᠭ᠎ᠠ ᠲᠠᠯᠪᠢᠨ ᠰᠡᠷᠭᠡᠶᠢᠯᠡᠨ ᠵᠠᠰᠠᠨ᠎ᠠ᠂ ᠲᠣᠰ ᠠᠷᠭ᠎ᠠ ᠨᠢ ᠡᠯ᠎ᠡ ᠵᠦᠢᠯ | ᠤᠨ ᠬᠥᠨᠥᠭᠡᠯᠳᠦ ᠬᠤᠷᠣᠬᠠᠢ ᠶᠢᠨ 2 ᠠᠴᠠ 3 ᠨᠠᠰᠤᠨ ᠤ ᠠᠪᠠᠭᠠᠯᠳᠠᠢ ᠶᠢᠨ ᠬᠤᠭᠤᠴᠠᠭᠠᠨ ᠳᠤᠨᠢ ᠰᠡᠷᠭᠡᠶᠢᠯᠡᠨ | ᠵᠠᠰᠠᠪᠠᠯ ᠦᠷ᠎ᠡ ᠳ᠋ᠦᠩ ᠨᠢ ᠰᠠᠶᠢᠨ ᠪᠠᠶᠢᠳᠠᠭ︾ ᠭᠡᠵᠦ ᠰᠤᠮᠤᠨ ᠠᠭᠤᠯᠠ ᠣᠶ ᠰᠢᠭᠤᠢ ᠶᠢᠨ ᠲᠠᠯᠠᠪᠠᠶ ᠶᠢᠨ ᠳᠡᠭᠡᠳᠦ | ᠵᠡᠷᠭᠡ ᠶᠢᠨ ᠮᠠᠰᠲ᠋ᠧᠷ ᠯᠢ ᠶᠦᠩ ᠯᠧ ᠤᠳᠤᠭ᠎ᠠ ᠲᠠᠯᠪᠢᠬᠤ ᠶᠢᠨ ᠳᠠᠭᠠᠤ ᠰᠤᠷᠪᠤᠯᠵᠢᠯᠠᠬᠴᠢ ᠳᠤ ᠲᠠᠶᠢᠯᠪᠤᠷᠢᠯᠠᠨ | ᠶᠠᠷᠢᠵᠤ ᠪᠠᠶᠢᠯ᠎ᠠ᠃ | | ᠱᠠᠨ ᠰᠢ ᠥᠪᠥᠷ ᠮᠣᠩᠭᠤᠯ ᠾᠧᠪᠧᠢ ᠣᠷᠣᠨ ᠤ ᠠᠭᠤᠯᠵᠠᠷ ᠲᠤ ᠪᠠᠶᠢᠷᠢᠯᠠᠵᠤ ᠪᠠᠶᠢᠭ᠎ᠠ ᠰᠢᠩ ᠾᠧ ᠰᠢᠶᠠᠨ | ᠤ ᠰᠤᠮᠤᠨ ᠠᠭᠤᠯᠠ ᠪᠣᠯ ᠤᠮᠠᠷᠠᠲᠤ ᠣᠷᠣᠨ ᠤ ᠴᠢᠬᠤᠯᠠ ᠠᠮᠢ ᠠᠬᠤᠢ ᠶᠢᠨ ᠬᠠᠯᠬᠠᠪᠴᠢ ᠪᠣᠯᠣᠨ᠎ᠠ᠃ 20 ᠳ᠋ᠤᠭᠠᠷ | ᠵᠠᠭᠤᠨ ᠤ ᠲᠠᠪᠢᠭᠠᠳ ᠣᠨ ᠤ ᠰᠤᠮᠤᠨ ᠠᠭᠤᠯᠠᠨ ᠳᠤ ︽ᠬᠠᠪᠤᠷ ᠰᠠᠯᠬᠢ ᠰᠠᠯᠬᠢᠯᠠᠨ ᠡᠯᠡᠰᠦᠨ ᠰᠢᠭᠤᠷᠭ᠎ᠠ ᠳᠡᠭᠳᠡᠵᠦ | ᠂ ᠲᠠᠤᠯᠠᠢ ᠪᠠᠭᠠᠬᠤ ᠦᠭᠡᠢ ᠲᠣᠭᠤᠳᠠᠭ ᠰᠠᠭᠤᠬᠤ ᠦᠭᠡᠢ︾ ᠡᠵᠡᠭᠦᠢ ᠦᠵᠡᠭᠳᠡᠯ ᠢᠯᠡᠷᠡᠵᠡᠢ᠃ ᠲᠤᠬᠠᠢ ᠶᠢᠨ ᠦᠶ᠎ᠡ | ᠶᠢᠨ ᠰᠤᠮᠤᠨ ᠠᠭᠤᠯᠠᠨ ᠳᠤ ᠭᠠᠵᠠᠷ ᠰᠠᠢ ᠦᠭᠡᠢ ᠡᠵᠡᠭᠦᠢ ᠠᠭᠤᠯᠠ ᠬᠤᠪᠠᠭ᠋ᠠᠢ ᠳᠠᠪᠠᠭ᠎ᠠ ᠦᠷᠭᠦᠯᠵᠢᠯᠡᠨ᠂ ᠠᠮᠢ | ᠠᠬᠤᠢ ᠣᠷᠴᠢᠨ ᠲᠣᠭᠤᠷᠢᠨ ᠲᠤᠶᠢᠯ ᠤᠨ ᠮᠠᠭᠤ ᠪᠠᠶᠢᠪᠠ᠃ | | 1958 ᠣᠨ ᠳᠤ᠂ 18 ᠨᠠᠰᠤᠲᠠᠢ ᠳ᠋ᠦᠩ ᠬᠤᠩ ᠷᠦ᠋ ᠰᠠᠶ᠋ᠢᠬᠠᠨ ᠬᠤᠷᠢᠮᠯᠠᠭᠰᠠᠨ ᠡᠬᠡᠨᠡᠷ ᠠᠴᠠ ᠪᠠᠨ | ᠠᠶᠠᠷᠯᠠᠨ ᠠᠶᠠᠨ ᠤ ᠪᠣᠭᠴᠣ ᠪᠠᠨ ᠡᠭᠦᠷᠴᠦ᠂ 45 ᠺᠢᠯᠣᠮᠧᠲᠷ ᠶᠠᠪᠠᠭᠠᠨ ᠵᠠᠮᠨᠠᠵᠤ ᠰᠤᠮᠤᠨ ᠠᠭᠤᠯᠠᠨ ᠳᠤ ᠭᠦᠷᠪᠡ᠂ | ᠲᠡᠷᠡ ᠬᠦ ᠮᠥᠴᠡ ᠠᠴᠠ ᠡᠬᠢᠯᠡᠨ ᠡᠳᠦᠷ ᠪᠦᠷᠢ ᠲᠠᠯ᠎ᠠ ᠨᠠᠶᠠᠨ ᠵᠢᠩ ᠬᠦᠨᠳᠦ ᠴᠢᠬᠢ ᠮᠣᠳᠣ ᠪᠣᠯᠣᠨ ᠤᠰᠤᠨ ᠰᠠᠪᠠ | ᠪᠠᠨ ᠡᠭᠦᠷᠴᠦ ᠣᠶᠢᠵᠢᠭᠤᠯᠤᠯᠲᠠ ᠶᠢᠨ ᠠᠶᠠᠨ ᠢᠶᠠᠨ ᠡᠬᠢᠯᠡᠭᠦᠯᠦᠭᠰᠡᠨ ᠠᠵᠢ᠃ ᠠᠩᠬ᠎ᠠ ᠡᠬᠢᠯᠡᠬᠦ ᠳᠤ ᠤᠯᠠᠨ ᠢᠶᠠᠷ | ᠢᠶᠠᠨ ᠰᠤᠮᠤᠨ ᠠᠭᠤᠯᠠᠨ ᠳᠤ ᠶᠠᠭᠤ ᠲᠠᠷᠢᠪᠠᠯ ᠲᠣᠬᠢᠷᠠᠮᠵᠢᠲᠠᠢ ᠡᠰᠡᠬᠦ ᠶᠢ ᠮᠡᠳᠡᠬᠦ ᠦᠭᠡᠢ ᠪᠣᠯᠬᠤᠷ ᠤᠷᠳᠤ | ᠬᠤᠭᠤᠴᠠᠭᠠᠨ ᠤ ᠬᠠᠶᠢᠨ ᠰᠦᠪᠡᠭᠴᠢᠯᠡᠬᠦ ᠵᠠᠮ ᠢᠶᠠᠨ ᠡᠯᠭᠦᠵᠡᠢ᠃ ᠤᠯᠢᠶᠠᠰᠤ ᠲᠤᠷᠰᠢᠨ ᠲᠠᠷᠢᠯ᠎ᠠ᠂ ᠤᠷᠭᠤᠬᠤ ᠦᠭᠡᠢ︕ | ᠬᠤᠰᠤ ᠲᠠᠷᠢᠯ᠎ᠠ᠂ ᠤᠷᠭᠤᠬᠤ ᠦᠭᠡᠢ︕ ᠭᠦᠶᠯᠡᠰᠦᠨ ᠮᠣᠳᠣ ᠲᠠᠷᠢᠯ᠎ᠠ᠂ ᠤᠷᠭᠤᠬᠤ ᠦᠭᠡᠢ︕ ᠬᠠᠶᠢᠯᠠᠰᠤᠨ ᠮᠣᠳᠣ | ᠲᠠᠷᠢᠵᠦ ᠦᠵᠡᠯ᠎ᠡ᠂ ᠮᠥᠨ ᠯᠠ ᠤᠷᠭᠤᠬᠤ ᠦᠭᠡᠢ︕ ᠠᠮᠢ ᠴᠦᠯᠡᠨ ᠲᠡᠮᠡᠴᠡᠵᠦ᠂ ᠣᠶᠤᠨ ᠤᠬᠠᠭᠠᠨ ᠢᠶᠠᠨ | ᠰᠢᠪᠬᠠᠨ ᠪᠠᠶᠢᠵᠤ ᠳᠠᠷᠢᠭᠰᠠᠨ ᠤ ᠡᠴᠦᠰ ᠲᠤ ᠬᠤᠪᠬᠠᠶᠢᠷᠠᠨ ᠰᠢᠷᠠᠯᠠᠬᠤ ᠲᠠᠪᠢᠯᠠᠩ ᠠᠴᠠ ᠮᠣᠯᠲᠤᠷᠴᠤ ᠴᠢᠳᠠᠭᠰᠠᠨ | ᠦᠭᠡᠢ᠂ ᠴᠥᠮ ᠲᠠᠯᠠᠭᠠᠷ ᠪᠣᠯᠪᠠ᠃ 1965 ᠣᠨ ᠤ ᠬᠠᠪᠤᠷ᠂ ᠳ᠋ᠦᠩ ᠬᠤᠩ ᠷᠦ᠋ ᠲᠤᠬᠠᠢ ᠶᠢᠨ ᠭᠠᠵᠠᠷ ᠲᠤ ᠪᠠᠨ | ᠲᠣᠬᠢᠷᠠᠬᠤ ᠤᠮᠠᠷᠠᠲᠤ ᠣᠷᠣᠨ ᠤ ᠬᠠᠷᠭᠠᠢ ᠶᠢ ᠪᠣᠶᠢᠵᠢᠭᠤᠯᠪᠠ᠃ ᠣᠯᠠᠨ ᠵᠢᠯ ᠤᠨ ᠴᠢᠷᠮᠠᠶᠢᠯᠭ᠎ᠠ ᠪᠠᠷ ᠳᠠᠮᠵᠢᠨ᠂ | 1980 ᠣᠨ ᠪᠤᠯᠬᠤ ᠳᠤ ᠰᠤᠮᠤᠨ ᠠᠭᠤᠯᠠ ᠣᠢ ᠰᠢᠭᠤᠢ ᠶᠢᠨ ᠲᠠᠯᠠᠪᠠᠢ ᠳᠤ ᠤᠮᠠᠷᠠᠲᠤ ᠣᠷᠣᠨ ᠤ 10 ᠲᠦᠮᠡᠨ | ᠮᠦ ᠬᠠᠷᠭᠠᠢ ᠶᠢ ᠵᠠᠶᠢᠯᠠᠵᠤ ᠤᠷᠭᠤᠭᠤᠯᠤᠭᠠᠳ ᠡᠳᠡᠭᠡᠷᠡᠯᠲᠡ ᠶᠢᠨ ᠨᠣᠷᠮ᠎ᠠ ᠨᠢ ᠳᠤᠮᠳᠠᠴᠢ ᠪᠠᠷ 85% ᠠᠴᠠ | ᠳᠡᠭᠡᠭᠰᠢ ᠳᠤ ᠭᠦᠷᠪᠡ᠃ | | ᠳ᠋ᠦᠩ ᠬᠤᠩ ᠷᠦ᠋ ᠨᠠᠰᠤᠲᠠᠨ ᠤ ᠭᠡᠷ ᠲᠤ ᠣᠷᠣᠬᠤ ᠳᠤ ᠬᠠᠨ᠎ᠠ ᠳᠦᠭᠦᠷᠡᠩ ᠡᠯᠭᠦᠭᠡᠰᠦᠲᠡᠢ ᠰᠤᠮᠤᠨ | ᠠᠭᠤᠯᠠᠨ ᠤ ᠭᠡᠷᠡᠯ ᠵᠢᠷᠤᠭ ᠶᠠᠭᠤᠨ ᠤ ᠡᠮᠦᠨ᠎ᠡ ᠬᠥᠮᠥᠰ ᠤᠨ ᠬᠠᠷᠠᠭᠠᠨ᠎ᠠ ᠲᠣᠳᠣᠷᠠᠨ᠎ᠠ᠃ ᠳ᠋ᠦᠩ ᠬᠤᠩ ᠷᠦ᠋ | ᠨᠠᠰᠤᠲᠠᠨ ᠲᠧᠯᠸᠢᠰ ᠤᠨ ᠢᠶᠠᠨ ᠡᠮᠦᠨ᠎ᠡ ᠰᠠᠭᠤᠵᠤ᠂ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠤᠨ | ᠪᠠᠶᠠᠨᠨᠠᠭᠤᠷ ᠬᠤᠲᠠ ᠳᠤ ᠰᠢᠨᠵᠢᠯᠡᠨ ᠪᠠᠶᠢᠴᠠᠭᠠᠵᠤ ᠪᠠᠶᠢᠭ᠎ᠠ ᠮᠡᠳᠡᠭᠡᠯᠡᠯ ᠢ ᠬᠢᠨᠠᠮᠠᠭᠠᠢ ᠦᠵᠡᠨ᠎ᠡ᠃ ︽ᠶᠡᠷᠦᠩᠬᠡᠢ | ᠱᠦᠵᠢ ᠮᠠᠨ ᠤ ᠰᠤᠮᠤᠨ ᠠᠭᠤᠯᠠ ᠤᠢ ᠰᠢᠭᠤᠢ ᠶᠢᠨ ᠲᠠᠯᠠᠪᠠᠢ ᠳᠤ ᠢᠷᠡᠵᠦ᠂ ᠠᠳᠡᠬᠢ ᠰᠠᠶᠢᠨ ᠰᠠᠶᠢᠬᠠᠨ ᠠᠮᠢ | ᠠᠬᠤᠢ ᠶᠢᠨ ᠣᠷᠴᠢᠨ ᠲᠣᠭᠤᠷᠢᠨ ᠢ ᠪᠠᠶᠢᠴᠠᠭᠠᠨ ᠦᠵᠡᠬᠦ ᠶᠢ ᠶᠡᠬᠡᠳᠡ ᠬᠦᠰᠡᠵᠦ ᠪᠠᠶᠢᠨ᠎ᠠ᠂ ᠶᠡᠷᠦᠩᠬᠡᠢ ᠱᠦᠵᠢ ᠶᠢᠨ | ᠴᠢᠬᠤᠯᠠ ᠶᠠᠷᠢᠶ᠎ᠠ ᠨᠢ ᠬᠥᠮᠥᠰ ᠤᠨ ᠰᠡᠳᠬᠢᠯ ᠢ ᠵᠣᠷᠢᠭᠵᠢᠭᠤᠯᠤᠨ᠂ ᠤᠷᠮ᠎ᠠ ᠵᠣᠷᠢᠭ ᠢ ᠬᠥᠪᠴᠢᠯᠡᠨ᠎ᠡ᠃ | ᠬᠤᠶᠢᠰᠢᠳᠠ ᠮᠠᠨ ᠤ ᠰᠤᠮᠤᠨ ᠠᠭᠤᠯᠠ ᠣᠶ ᠰᠢᠭᠤᠢ ᠶᠢᠨ ᠲᠠᠯᠠᠪᠠᠶ ᠶᠢᠨ ᠬᠥᠮᠥᠰ ᠪᠣᠬᠢᠷᠳᠤᠯ ᠦᠭᠡᠢ | ᠣᠶᠢᠯᠠᠭᠠᠭᠳᠠᠬᠤᠨ ᠢ ᠣᠶᠢᠵᠢᠭᠤᠯᠤᠯᠲᠠ᠂ ᠣᠶ ᠰᠢᠭᠤᠢ ᠶᠢᠨ ᠬᠠᠮᠠᠭᠠᠯᠠᠯᠲᠠ᠂ ᠤᠢ ᠰᠢᠭᠤᠢ ᠶᠢᠨ ᠠᠰᠢᠭᠯᠠᠯᠲᠠ ᠶᠢᠨ | ᠪᠦᠭᠦ ᠶᠠᠪᠤᠴᠠ ᠳᠤ ᠲᠤᠭᠤᠰᠢᠯᠠᠭᠤᠯᠵᠤ᠂ ᠪᠣᠳᠠᠲᠤ ᠠᠵᠢᠯᠯᠠᠭ᠎ᠠ ᠪᠠᠷ ᠢᠶᠠᠨ ᠬᠥᠬᠡᠮᠳᠦᠭ ᠨᠣᠭᠤᠭᠠᠨ ᠠᠭᠤᠯᠠ ᠤᠰᠤ | ᠪᠣᠯ ᠳᠠᠷᠤᠢ ᠠᠯᠲᠠ ᠮᠥᠩᠭᠦᠨ ᠠᠭᠤᠯᠠ ᠮᠥᠨ ᠭᠡᠬᠦ ᠣᠶᠢᠯᠠᠭᠠᠭᠳᠠᠬᠤᠨ ᠢ ᠦᠢᠯᠡᠳᠦᠯᠭᠡᠵᠢᠭᠦᠯᠦᠨ᠎ᠡ︾ ᠭᠡᠵᠦ ᠳ᠋ᠦᠩ | ᠬᠤᠩ ᠷᠦ᠋ ᠰᠡᠳᠬᠢᠯ ᠳᠣᠭᠳᠣᠯᠤᠨ ᠬᠡᠯᠡᠨ᠎ᠡ᠃ | | ᠣᠳᠣᠬᠠᠨ ᠳᠤ ᠰᠤᠮᠤᠨ ᠠᠭᠤᠯᠠ ᠣᠶ ᠰᠢᠭᠤᠢ ᠶᠢᠨ ᠲᠠᠯᠠᠪᠠᠶ ᠶᠢᠨ ᠶᠡᠷᠦᠩᠬᠡᠢ ᠲᠠᠯᠠᠪᠠᠶ ᠨᠢ 20.5 | ᠲᠦᠮᠡᠨ ᠮᠦ᠂ ᠣᠶ ᠰᠢᠭᠤᠢ ᠶᠢᠨ ᠪᠦᠷᠬᠦᠴᠡ ᠶᠢᠨ ᠨᠣᠷᠮ᠎ᠠ ᠨᠢ 74.8% ᠳᠤ ᠬᠦᠷᠴᠦ᠂ ᠠᠮᠢ ᠠᠬᠤᠢ ᠶᠢᠨ | ᠥᠷᠲᠡᠭ ᠨᠢ 50 ᠭᠠᠷᠤᠢ ᠳ᠋ᠦᠩᠰᠢᠭᠤᠷ ᠲᠥᠭᠦᠷᠢᠭ ᠲᠤ ᠬᠦᠷᠬᠦ ᠵᠣᠬᠢᠶᠠᠮᠠᠯ ᠣᠶ ᠰᠢᠭᠤᠢ ᠲᠠᠢ ᠪᠣᠯᠵᠠᠢ᠂ ᠰᠤᠮᠤᠨ | ᠠᠭᠤᠯᠠ ᠵᠢᠯ ᠪᠦᠷᠢ ᠤᠰᠤᠨ ᠤ ᠡᠬᠢ ᠰᠤᠷᠪᠤᠯᠵᠢ ᠶᠢ ᠬᠠᠳᠠᠭᠠᠯᠠᠬᠤ᠂ ᠬᠥᠷᠥᠰᠥ ᠰᠢᠷᠣᠢ ᠶᠢ ᠬᠠᠮᠠᠭᠠᠯᠠᠬᠤ᠂ | ᠨᠡᠭᠦᠷᠡᠰᠦᠲᠥ᠋ᠷᠥᠭᠴᠢ ᠶᠢ ᠲᠣᠭᠲᠠᠪᠤᠷᠢᠵᠢᠭᠤᠯᠤᠨ ᠬᠦᠴᠢᠯᠲᠥ᠋ᠷᠥᠭᠴᠢ ᠶᠢ ᠢᠯᠭᠠᠷᠠᠭᠤᠯᠬᠤ᠂ ᠣᠶ ᠰᠢᠭᠤᠢ ᠳᠤ | ᠵᠤᠭᠠᠴᠠᠨ ᠠᠮᠠᠷᠠᠬᠤ ᠵᠡᠷᠭᠡ ᠲᠠᠯ᠎ᠠ ᠪᠠᠷ ᠬᠠᠩᠭᠠᠭᠰᠠᠨ ᠠᠮᠢ ᠠᠬᠤᠢ ᠶᠢᠨ ᠦᠢᠯᠡᠴᠢᠯᠡᠭᠡᠨ ᠤ ᠥᠷᠲᠡᠭ ᠨᠢ 2.67 | ᠳ᠋ᠦᠩᠰᠢᠭᠤᠷ ᠲᠥᠭᠦᠷᠢᠭ ᠲᠤ ᠭᠦᠷᠪᠡ᠃ | | ᠴᠦᠯᠯᠡᠷᠭᠡᠭᠵᠢᠯ ᠪᠣᠯ ᠬᠥᠮᠥᠨ ᠲᠥᠷᠥᠯᠬᠢᠲᠡᠨ ᠤ ᠣᠷᠣᠰᠢᠯ ᠲᠣᠭᠲᠠᠨᠢᠯ ᠪᠠ ᠬᠥᠭᠵᠢᠯᠲᠡ ᠶᠢ ᠨᠥᠯᠥᠭᠡᠯᠡᠬᠦ | ᠪᠦᠭᠦ ᠪᠥᠮᠪᠥᠷᠴᠡᠭ ᠤᠨ ᠴᠢᠨᠠᠷᠲᠠᠢ ᠴᠢᠬᠤᠯᠠ ᠶᠡᠭᠡ ᠠᠮᠢ ᠠᠬᠤᠢ ᠶᠢᠨ ᠠᠰᠠᠭᠤᠳᠠᠯ ᠪᠣᠯᠣᠨ᠎ᠠ᠃ ᠰᠢᠩ ᠾᠧ ᠰᠢᠶᠠᠨ | ᠳᠤ ᠠᠪᠴᠤ ᠬᠡᠯᠡᠪᠡᠯ᠂ ᠪᠡᠭᠡᠵᠢᠩ ᠲᠢᠶᠠᠨᠵᠢᠨ ᠾᠧᠪᠧᠢ ᠣᠷᠣᠨ ᠤ ᠡᠯᠡᠰᠦ ᠰᠠᠯᠬᠢ ᠶᠢ ᠬᠤᠷᠢᠭᠯᠠᠬᠤ ᠤᠰᠤᠨ ᠤ | ᠰᠤᠷᠪᠤᠯᠵᠢ ᠶᠢ ᠬᠠᠮᠠᠭᠠᠯᠠᠬᠤ ᠣᠨᠴᠠᠭᠠᠢ ᠡᠭᠦᠷᠭᠡ ᠶᠢ ᠡᠭᠦᠷᠭᠡᠯᠡᠵᠦ ᠪᠠᠶᠢᠨ᠎ᠠ᠃ ᠣᠶᠢᠷ᠎ᠠ ᠶᠢᠨ ᠵᠢᠯ ᠤᠳ ᠲᠤ᠂ ᠰᠢᠩ | ᠾᠧ ᠰᠢᠶᠠᠨ ᠢᠮᠠᠭᠲᠠ ᠬᠥᠷᠥᠰᠥ ᠰᠢᠷᠣᠢ ᠶᠢ ᠬᠠᠮᠠᠭᠠᠯᠠᠬᠤ ᠠᠵᠢᠯ ᠢ ᠰᠠᠶᠢᠲᠤᠷ ᠬᠢᠬᠦ ᠶᠢ ᠴᠦᠯᠯᠡᠷᠭᠡᠭᠵᠢᠯ ᠢ | ᠰᠡᠷᠭᠡᠶᠢᠯᠡᠨ ᠵᠠᠰᠠᠬᠤ ᠴᠢᠬᠤᠯᠠ ᠭᠠᠷᠳᠠᠴᠠ ᠪᠤᠯᠭᠠᠵᠤ᠂ ᠬᠤᠲᠠ ᠪᠠᠯᠭᠠᠰᠤ ᠬᠥᠳᠡᠭᠡ ᠲᠣᠰᠬᠤᠨ ᠢᠶᠠᠷ ᠴᠡᠭ ᠪᠤᠯᠭᠠᠵᠤ᠂ | ᠬᠤᠲᠠ ᠬᠥᠳᠡᠭᠡ ᠶᠢᠨ ᠵᠠᠮ᠂ ᠰᠠᠪᠠ ᠭᠠᠵᠠᠷ᠂ ᠰᠠᠯᠬᠢ ᠡᠯᠡᠰᠦᠨ ᠤ ᠡᠮᠦᠨ᠎ᠡ ᠵᠠᠬ᠎ᠠ ᠪᠠᠷ ᠱᠤᠭᠤᠮ ᠪᠤᠯᠭᠠᠵᠤ᠂ | ᠭᠤᠣᠯᠳᠠᠯᠭ᠎ᠠ ᠲᠠᠢ ᠣᠷᠣᠨ ᠪᠦᠰᠡ ᠶᠢᠨ ᠣᠶᠢᠵᠢᠭᠤᠯᠤᠯᠲᠠ᠂ ᠴᠦᠯᠯᠡᠷᠭᠡᠭᠵᠢᠯ ᠢ ᠵᠠᠰᠠᠬᠤ᠂ ᠪᠠᠶᠢᠭᠠᠯᠢ ᠶᠢᠨ | ᠬᠠᠮᠠᠭᠠᠯᠠᠯᠲᠠ ᠶᠢᠨ ᠭᠠᠵᠠᠷ ᠤᠨ ᠪᠦᠲᠦᠭᠡᠨ ᠪᠠᠶᠢᠭᠤᠯᠤᠯᠲᠠ ᠪᠠᠷ ᠭᠠᠷᠳᠠᠴᠠ ᠪᠤᠯᠭᠠᠬᠰᠠᠨ ᠣᠶ ᠰᠢᠭᠤᠢ ᠡᠪᠡᠰᠦᠨ ᠤ | ᠦᠢᠯᠡᠰ ᠤᠨ ᠠᠮᠢ ᠠᠬᠤᠢ ᠶᠢᠨ ᠪᠦᠲᠦᠭᠡᠨ ᠪᠠᠶᠢᠭᠤᠯᠤᠯᠲᠠ ᠶᠢᠨ ᠰᠢᠰᠲ᠋ᠧᠮ ᠢ ᠵᠠᠯᠭᠠᠭ᠎ᠠ ᠪᠠᠷ ᠬᠡᠷᠡᠭᠵᠢᠭᠦᠯᠪᠡ᠃ ᠡᠨᠡ | ᠵᠢᠯ ᠨᠢᠭᠡᠨᠲᠡ 51 ᠺᠢᠯᠣᠮᠧᠲᠷ ᠤᠨ ᠰᠠᠭᠠᠳ ᠦᠭᠡᠢ ᠨᠡᠪᠲᠡᠷᠡᠬᠦ ᠵᠠᠮ ᠤᠨ ᠪᠦᠲᠦᠭᠡᠨ ᠪᠠᠶᠢᠭᠤᠯᠤᠯᠲᠠ ᠶᠢᠨ ᠡᠭᠦᠷᠭᠡ | ᠶᠢ ᠪᠡᠶᠡᠯᠡᠭᠦᠯᠵᠦ᠂ ᠵᠠᠭᠤᠨ ᠭᠠᠵᠠᠷ ᠤᠨ ᠰᠠᠭᠠᠳ ᠦᠭᠡᠢ ᠨᠡᠪᠲᠡᠷᠡᠬᠦ ᠬᠤᠩᠭᠢᠯ ᠢ ᠪᠠᠶᠢᠭᠤᠯᠪᠠ᠃ | | ︽ᠣᠲᠣ ᠶᠢᠨ ᠰᠤᠮᠤᠨ ᠠᠭᠤᠯᠠ ᠣᠶ ᠰᠢᠭᠤᠢ ᠶᠢᠨ ᠲᠠᠯᠠᠪᠠᠶ ᠳᠤ᠂ ᠡᠪᠡᠰᠦ ᠮᠣᠳᠣ ᠬᠥᠬᠡᠷᠡᠨ | ᠨᠣᠭᠤᠭᠠᠷᠠᠵᠤ᠂ ᠪᠣᠯᠵᠣᠮᠣᠷ ᠰᠢᠪᠠᠭᠤ ᠵᠢᠷᠭᠢᠨ ᠳᠣᠩᠭᠤᠳᠴᠤ ᠬᠤᠸᠠᠷ ᠴᠡᠴᠡᠭ ᠮᠢᠷᠠᠯᠵᠠᠨ ᠳᠡᠯᠭᠡᠷᠡᠵᠦ᠂︿ᠬᠠᠮᠠᠷ | ᠬᠠᠳᠬᠤᠬᠤ ᠡᠪᠡᠰᠦ ᠦᠭᠡᠢ ᠬᠠᠯᠴᠠᠭᠠᠢ ᠭᠠᠵᠠᠷ﹀ ᠪᠠᠶᠢᠭᠰᠠᠨ ᠠᠴᠠ ᠪᠠᠨ ︿ᠠᠷᠤ ᠭᠠᠵᠠᠷ ᠤᠨ ᠪᠠᠶᠠᠨ ᠪᠦᠷᠢᠳᠦ﹀ ᠪᠣᠯᠵᠤ | ᠬᠤᠪᠢᠷᠠᠪᠠ᠂ ᠣᠶ ᠰᠢᠭᠤᠢ ᠶᠢᠨ ᠲᠠᠯᠠᠪᠠᠶ ᠶᠢᠨ ᠵᠣᠨ ᠤ ᠳᠤᠮᠳᠠᠴᠢ ᠠᠭᠠᠷ ᠤᠨ ᠳᠤᠯᠠᠭᠠᠨ 19.9 ᠭᠷᠡᠳᠦ᠋ᠰ ᠲᠤ | ᠬᠦᠷᠴᠦ᠂ ᠪᠢᠯᠢᠭ ᠬᠦᠴᠢᠯᠲᠥ᠋ᠷᠥᠭᠴᠢ ᠢᠶᠤᠨ ᠨᠢ ᠺᠦᠪ ᠰᠠᠨᠲ᠋ᠢᠮᠧᠲᠷ ᠪᠦᠷᠢ ᠳᠤ 5800 ᠬᠦᠷᠴᠦ᠂ ᠪᠠᠶᠢᠭᠠᠯᠢ | ᠶᠢᠨ ᠬᠦᠴᠢᠯᠲᠥ᠋ᠷᠥᠭᠴᠢ ᠶᠢᠨ ᠪᠠᠭᠠᠷ ᠬᠡᠮᠡᠨ ᠨᠡᠷᠡᠯᠡᠭᠳᠡᠪᠡ᠃ ᠪᠦᠭᠦ ᠣᠶ ᠰᠢᠭᠤᠢ ᠶᠢᠨ ᠠᠵᠢᠯᠲᠠᠨ ᠤ ᠴᠢᠷᠮᠠᠶᠢᠯᠭ᠎ᠠ | ᠪᠠᠷ ᠳᠡᠮᠵᠢᠨ᠂ ᠰᠤᠮᠤᠨ ᠠᠭᠤᠯᠠ ᠣᠶ ᠰᠢᠭᠤᠢ ᠶᠢᠨ ᠲᠠᠯᠠᠪᠠᠶ ︿ᠡᠯᠡᠰᠦ ᠤᠷᠤᠭᠰᠢᠯᠠᠵᠤ ᠬᠥᠮᠥᠨ ᠤᠬᠤᠷᠢᠵᠤ﹀ | ᠪᠠᠶᠢᠭᠰᠠᠨ ᠠᠴᠠ ᠪᠠᠨ ︿ᠨᠣᠭᠤᠭᠠᠷᠠᠭᠤᠯᠤᠯᠲᠠ ᠤᠷᠤᠭᠰᠢᠯᠠᠵᠤ ᠡᠯᠡᠰᠦ ᠤᠬᠤᠷᠢᠬᠤ﹀ ᠲᠡᠦᠬᠡᠲᠦ ᠴᠢᠨᠠᠷᠲᠠᠢ | ᠬᠤᠪᠢᠷᠠᠯᠲᠠ ᠶᠢ ᠪᠡᠶᠡᠯᠡᠭᠦᠯᠵᠦ᠂ ᠪᠡᠭᠡᠵᠢᠩ ᠲᠢᠶᠠᠨᠵᠢᠨ ᠾᠧᠪᠧᠢ ᠶᠢᠨ ᠰᠠᠯᠬᠢ ᠶᠢ ᠬᠠᠯᠬᠠᠯᠠᠨ ᠡᠯᠡᠰᠦ ᠶᠢ | ᠲᠣᠭᠲᠠᠪᠤᠷᠢᠵᠢᠭᠤᠯᠬᠤ ᠪᠣᠬᠢᠷᠳᠤᠯ ᠦᠭᠡᠢ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠶᠢᠭᠤᠯᠤᠬᠰᠨ | ᠪᠠᠶᠢᠨ᠎ᠠ︾ ᠭᠡᠵᠦ ᠰᠢᠩ ᠾᠧ ᠰᠢᠶᠠᠨ ᠤ ᠤᠢ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶᠠᠨ ᠤ ᠳᠠᠷᠤᠭ᠎ᠠ | ᠰᠦᠨ ᠵᠢᠶᠠᠩ ᠬᠡᠯᠡᠪᠡ᠃ |